ᠬᠢᠯᠢ ᠠᠴᠠ ᠣᠷᠣᠵᠦ ᠭᠠᠷᠬᠤ ᠦᠨᠡᠮᠯᠡᠯ ᠢ ᠪᠦᠭᠦ ᠣᠯᠣᠰ ᠤᠨ  ᠠᠯᠢ ᠭᠠᠵᠠᠷ ᠠᠴᠠ ᠴᠦ ᠭᠡᠰᠡᠨ ᠠᠪᠴᠤ ᠪᠣᠯᠣᠨ᠎ᠠ
ᠨᠡᠶᠢᠲᠡᠯᠡᠭᠰᠡᠨ ᠴᠠᠭ᠄
2019-04-01
     3 ᠰᠠᠷ᠎ᠠ ᠶᠢᠨ 26 ᠤ ᠦᠳᠡ ᠶᠢᠨ ᠡᠮᠦᠨ᠎ᠡ᠂ ᠣᠯᠣᠰ ᠤᠨ ᠨᠡᠭᠦᠳᠡᠯ ᠠᠷᠠᠳ ᠤᠨ ᠬᠠᠮᠢᠶᠠᠷᠣᠯᠲᠠ ᠶᠢᠨ ᠲᠣᠪᠴᠢᠶ᠎ᠠ ᠠᠴᠠ ᠣᠶᠢᠯᠠᠭᠠᠭᠰᠠᠨ ᠢᠶᠠᠷ᠂ 2019 ᠣᠨ ᠤ 4 ᠰᠠᠷ᠎ᠠ ᠶᠢᠨ 1 ᠠᠴᠠ ᠡᠬᠢᠯᠡᠨ᠂ ᠪᠦᠭᠦᠳᠡ ᠨᠠᠶᠢᠷᠠᠮᠳᠠᠬᠤ ᠳᠣᠮᠳᠠᠲᠣ ᠣᠯᠣᠰ ᠤᠨ  ᠡᠩ ᠤᠨ ᠫᠠᠰᠫᠣᠷᠲ᠂ ᠰᠢᠶᠠᠩᠭᠠᠩ ᠣᠣᠮᠧᠨ ᠳᠤ ᠨᠡᠪᠲᠡᠷᠡᠬᠦ  ᠭᠡᠷᠡᠴᠢ᠂ ᠲᠠᠶᠢᠸᠠᠨ ᠳᠤ ᠨᠡᠪᠲᠡᠷᠡᠬᠦ ᠭᠡᠷᠡᠴᠢ ᠵᠡᠷᠬᠡ ᠬᠢᠯᠢ ᠠᠴᠠ ᠣᠷᠣᠵᠦ ᠭᠠᠷᠬᠤ ᠦᠨᠡᠮᠯᠡᠯ ᠠᠪᠬᠤ ᠳᠤ ᠪᠦᠭᠦ ᠣᠯᠣᠰ ᠤᠨ ᠬᠡᠪᠴᠢᠶᠡᠨ ᠳᠤ ᠭᠠᠵᠠᠷ ᠣᠷᠣᠨ ᠤ ᠬᠢᠵᠠᠭᠠᠷᠯᠠᠯ ᠢ ᠦᠭᠡᠶᠢᠰᠭᠡᠨ᠎ᠡ᠃ ᠳᠠᠷᠣᠢ ᠲᠣᠳᠣᠷ ᠭᠠᠵᠠᠷ ᠤᠨ ᠠᠷᠠᠳ ᠢᠷᠭᠡᠳ ᠮᠠᠨ ᠤ ᠣᠯᠣᠰ ᠤᠨ ᠡᠯ᠎ᠡ  ᠬᠢᠯᠢ ᠠᠴᠠ ᠣᠷᠣᠵᠦ ᠭᠠᠷᠬᠤ ᠬᠠᠮᠢᠶᠠᠷᠣᠯᠲᠠ ᠶᠢᠨ ᠭᠠᠵᠠᠷ ᠲᠤ ᠬᠦᠷᠴᠦ ᠲᠡᠭᠡᠷ᠎ᠡ ᠲᠣᠷᠠᠳᠣᠭᠰᠠᠨ ᠬᠢᠯᠢ ᠠᠴᠠ ᠣᠷᠣᠵᠦ ᠭᠠᠷᠬᠤ ᠦᠨᠡᠮᠯᠡᠯ ᠢ ᠬᠦᠢᠴᠡᠳᠭᠡᠵᠦ ᠪᠣᠯᠣᠨ᠎ᠠ᠂ ᠭᠠᠷ ᠭᠦᠢᠴᠡᠳᠭᠡᠯ ᠨᠢ ᠡᠷᠦᠬᠡ ᠠᠮᠠ ᠶᠢᠨ ᠪᠠᠶᠢᠭ᠎ᠠ ᠭᠠᠵᠠᠷ ᠤᠨ ᠬᠢᠨ ᠲᠠᠢ ᠠᠳᠠᠯᠢᠬᠠᠨ ᠪᠠᠶᠢᠳᠠᠭ᠃        ᠡᠨᠡᠬᠦ ᠲᠦᠷᠦ ᠶᠢᠨ ᠪᠣᠳᠣᠯᠭ᠎ᠠ ᠶᠢ ᠬᠡᠷᠡᠭᠵᠢᠭᠦᠯᠦᠭᠰᠡᠨ ᠤ ᠳᠠᠷᠠᠭ᠎ᠠ  ᠄        ᠪᠦᠭᠦ ᠣᠯᠣᠰ ᠤᠨ ᠡᠯ᠎ᠡ ᠭᠠᠵᠠᠷ ᠣᠷᠣᠨ ᠳᠤ ᠴᠦᠮ ᠬᠢᠯᠢ ᠠᠴᠠ ᠣᠷᠣᠵᠦ ᠭᠠᠷᠬᠤ ᠦᠨᠡᠮᠯᠡᠯ ᠢ ᠭᠦᠢᠴᠡᠳᠭᠡᠵᠦ ᠪᠣᠯᠣᠨ᠎ᠠ᠃        ᠲᠣᠲᠣᠷ᠎ᠠ ᠣᠷᠣᠨ ᠤ ᠠᠷᠠᠳ ᠢᠷᠬᠡᠳ ᠴᠦᠮ ᠡᠷᠦᠬᠡ ᠠᠮᠠ ᠶᠢᠨ ᠪᠠᠶᠢᠭ᠎ᠠ ᠭᠠᠵᠠᠷ ᠪᠠ ᠰᠠᠭᠤᠭ᠎ᠠ ᠭᠠᠵᠠᠷ ᠤᠨ ᠨᠦᠭᠦᠴᠡᠯ ᠵᠡᠷᠬᠡ ᠶᠢᠨ ᠬᠢᠵᠠᠭᠠᠷᠯᠠᠯ ᠢ ᠬᠦᠯᠢᠶᠡᠬᠦ ᠦᠬᠡᠢ ᠪᠠᠷ ᠬᠢᠯᠢ ᠠᠴᠠ ᠣᠷᠣᠵᠦ  ᠭᠠᠷᠬᠤ ᠦᠨᠡᠮᠯᠡᠯ ᠢ ᠭᠦᠢᠴᠡᠳᠭᠡᠵᠦ ᠪᠣᠯᠣᠨ᠎ᠠ᠃        ᠭᠠᠳᠠᠭᠠᠳᠦ ᠳᠤ ᠭᠠᠷᠬᠤ᠂ ᠬᠢᠯᠢ ᠪᠠᠷ ᠣᠷᠣᠵᠦ ᠭᠠᠷᠬᠤ ᠦᠨᠡᠮᠯᠡᠯ ᠢ ᠴᠦᠮ ᠭᠦᠢᠴᠡᠳᠭᠡᠵᠦ ᠪᠣᠯᠣᠨ᠎ᠠ᠃        ᠦᠨᠡᠮᠯᠡᠯ ᠢᠶᠠᠨ ᠠᠪᠬᠤ ᠭᠡᠳ ᠲᠣᠰᠬᠠᠢ ᠡᠷᠦᠬᠡ ᠠᠮᠠ ᠶᠢᠨ ᠪᠠᠶᠢᠭ᠎ᠠ ᠭᠠᠵᠠᠷ ᠲᠤ ᠪᠠᠨ ᠶᠠᠪᠣᠬᠤ ᠬᠡᠷᠡᠭ ᠦᠬᠡᠢ ᠪᠣᠯᠵᠤ᠂ ᠴᠠᠭ᠂ ᠵᠠᠮ ᠵᠠᠭᠤᠷ᠎ᠠ ᠶᠢᠨ ᠵᠠᠷᠣᠳᠠᠯ᠂ ᠢᠳᠡᠵᠦ  ᠬᠤᠨᠣᠬᠤ ᠰᠦᠢᠳᠭᠡᠯ ᠵᠡᠷᠭᠡ ᠶᠢ ᠶᠡᠭᠡ ᠪᠠᠷ ᠠᠷᠪᠢᠯᠠᠨ᠎ᠠ᠃        ᠭᠠᠭᠴᠠ ᠬᠦ  ᠵᠠᠮ ᠤᠨ ᠰᠦᠢᠳᠬᠡᠯ ᠨᠢ ᠲᠦᠷᠦᠭᠦᠦ ᠵᠢᠯ ᠳᠤ 200 ᠳ᠋ᠦᠩᠰᠢᠭᠤᠷ ᠲᠦᠭᠦᠷᠢᠭ ᠵᠣᠭᠤᠰ ᠢ ᠠᠷᠪᠢᠯᠠᠵᠦ ᠴᠢᠳᠠᠨ᠎ᠠ᠃        ᠡᠭᠦᠨ ᠠᠴᠠ ᠭᠠᠳᠠᠨ᠎ᠠ᠂ ᠣᠯᠣᠰ ᠤᠨ ᠨᠡᠭᠦᠳᠡᠯ ᠠᠷᠠᠳ ᠤᠨ ᠬᠠᠮᠢᠶᠠᠷᠣᠯᠲᠠ ᠶᠢᠨ ᠲᠣᠪᠴᠢᠶ᠎ᠠ ᠶᠢᠨ ᠵᠠᠰᠠᠭ ᠤᠨ  ᠶᠠᠪᠣᠳᠠᠯ ᠤᠨ ᠦᠢᠯᠡᠴᠢᠯᠡᠭᠡ ᠶᠢᠨ ᠲᠠᠪᠴᠠᠩ ᠨᠢ 4 ᠰᠠᠷ᠎ᠠ ᠶᠢᠨ 1 ᠤ ᠡᠳᠦᠷ ᠠᠴᠠ ᠡᠬᠢᠯᠡᠨ ᠰᠦᠯᠵᠢᠶ᠎ᠡ ᠂ APP ᠪᠣᠯᠣᠨ ᡁᠢ ᠹᠦ᠋ ᠪᠣᠦ ᠵᠡᠷᠭᠡ ᠭᠤᠷᠪᠠᠳᠣᠭᠠᠷ ᠲᠠᠯ᠎ᠠ ᠶᠢᠨ ᠬᠢᠨ ᠲᠠᠢ ᠬᠠᠮᠲᠣᠷᠠᠯᠴᠠᠵᠦ᠂ ᠠᠷᠠᠳ ᠲᠤ 24 ᠴᠠᠭ ᠤᠨ ᠰᠦᠯᠵᠢᠶᠡᠨ ᠳᠡᠭᠡᠷᠡᠬᠢ ᠦᠢᠯᠡᠴᠢᠯᠡᠭᠡ  ᠬᠠᠩᠭᠠᠬᠤ ᠪᠠᠷ ᠪᠣᠢ᠃
 
ᠢᠷᠡᠯᠲᠡ᠄ ︽ᠲᠦᠩᠯᠢᠶᠦᠥ ᠶᠢᠨ ᠡᠳᠦᠷ ᠤᠨ ᠰᠣᠨᠢᠨ︾  ᠤ ᠮᠣᠩᠭᠤᠯ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号