ᠢᠳᠡᠭᠡᠯ
ᠨᠡᠶᠢᠲᠡᠯᠡᠭᠰᠡᠨ ᠴᠠᠭ᠄
2020/12/16
     ᠢᠳᠡᠭᠡᠯ                ᠵᠣᠬᠢᠶᠠᠭᠴᠢ᠄  【 ᠮᠣᠩᠭᠤᠯ 】 ᠴ᠊ · ᠬᠤᠯᠠᠨ ᠴᠠᠭᠠᠰᠢᠳᠠ᠂ ᠶᠠᠭᠤᠮ᠎ᠠ ᠪᠦᠬᠦᠨ ᠳᠤ ᠢᠳᠡᠭᠡᠯ ᠠᠯᠳᠠᠷᠠᠨ᠎ᠠ ᠴᠠᠭᠠᠨ ᠳ᠋ᠧᠡᠭ ᠤᠨ ᠭᠡᠷᠡᠯ ᠳᠤ ᠡᠷᠪᠡᠬᠡᠢ ᠰᠢᠨᠣᠬᠤ ᠪᠠᠨ ᠪᠣᠯᠢᠨ᠎ᠠ ᠴᠠᠬ ᠲᠤ ᠪᠠᠨ ᠣᠨᠠᠳᠠᠬ ᠨᠠᠪᠴᠢ ᠭᠠᠵᠠᠷ ᠲᠤ ᠢᠳᠡᠭᠡᠬᠦ ᠪᠠᠨ ᠪᠣᠯᠢᠨ᠎ᠠ ᠴᠠᠶᠢᠯᠭᠠᠨ ᠬᠠᠶᠢᠯᠭᠠᠨ ᠰᠡᠳᠭᠢᠯ ᠮᠢᠨᠢ ᠴᠦ ᠬᠦᠮᠦᠨ ᠳᠤ ᠢᠳᠡᠭᠡᠬᠦ ᠪᠠᠨ ᠪᠣᠯᠢᠨ᠎ᠠ ᠲᠡᠪᠡᠯ ᠤᠨ ᠬᠤᠷᠮᠣᠢ ᠰᠠᠯᠬᠢᠨ ᠳᠤ ᠲᠡᠷᠪᠡᠬᠦ ᠪᠠᠨ ᠪᠣᠯᠢᠨ᠎ᠠ ᠲᠡᠮᠡᠢ ᠶᠠᠭᠤᠮᠠᠨ ᠳᠤ ᠪᠢ ᠬᠦᠯ ᠠᠯᠳᠠᠬᠤ ᠪᠠᠨ ᠴᠦ ᠪᠣᠯᠢᠨ᠎ᠠ ᠲᠡᠭᠡᠨᠭ ᠲᠣᠭᠤᠡᠭ ᠨᠢᠯᠪᠣᠰᠣ ᠲᠠᠢ ᠣᠷᠴᠢᠯᠠᠩ ᠠᠴᠠ ᠣᠷᠢᠳᠠᠵᠦ ᠲᠡᠩᠳᠡᠭᠦᠦ ᠵᠠᠯᠠᠭᠤ ᠨᠠᠰᠣᠨ ᠳᠤ ᠪᠢ ᠬᠠᠰᠢᠷ ᠰᠠᠭᠤᠨ᠎ᠠ ᠁ ᠲᠡᠭᠡᠪᠡᠯ ᠡᠭᠦᠳᠡᠨ ᠲᠦᠰᠢᠶ᠎ᠡ ᠰᠠᠯᠬᠢᠨ ᠳᠤ ᠴᠣᠬᠢᠭᠤᠯᠵᠦ ᠦᠨᠡᠨᠴᠢ ᠪᠠᠷ ᠴᠢᠮ᠎ᠡ ᠶᠢ ᠬᠦᠯᠢᠶᠡᠬᠦ ᠮᠢᠨᠢ ᠡᠴᠦᠰ ᠪᠣᠯᠣᠨ᠎ᠠ ᠴᠦᠬᠦᠷᠡᠯ ᠤᠨ ᠲᠣᠮᠳᠠ ᠠᠴᠠ ᠢᠨᠢᠶᠡᠳᠦ ᠠᠯᠳᠠᠨ ᠣᠬᠳᠣᠵᠦ ᠴᠦᠬᠡᠬᠡᠨ ᠬᠡᠳᠦᠨ ᠦᠭᠡᠨ ᠳᠤ ᠴᠢᠨᠢ ᠬᠠᠭᠤᠷᠳᠠᠳᠠᠬ ᠮᠢᠨᠢ ᠦᠡᠭᠭᠡᠷᠡᠨ᠎ᠡ ᠣᠨᠠᠬᠤ ᠳᠤ ᠴᠢᠨᠢ ᠲᠣᠰᠳᠠᠬ ᠭᠠᠵᠠᠷ ᠦᠭᠡᠢ ᠪᠣᠯᠣᠨ᠎ᠠ ᠣᠷᠣᠭᠤᠳᠠᠬᠤ ᠳᠤ ᠴᠢᠨᠢ ᠲᠦᠰᠢᠳᠡᠭ ᠭᠠᠢ ᠦᠭᠡᠢ ᠪᠣᠯᠣᠨ᠎ᠠ ᠢᠳᠡᠭᠡᠯ ᠢᠶᠠᠷ ᠮᠢᠨᠢ ᠴᠢ ᠲᠣᠬᠯᠠᠬᠰᠠᠭᠠᠷ ᠯᠡ ᠪᠠᠶᠢᠵᠦ ᠬᠡᠮᠡᠨ᠎ᠡ ᠡᠶᠢᠮᠦ ᠵᠠᠯᠬᠠᠭᠠᠯ ᠢ ᠪᠣᠷᠬᠠᠨ ᠠᠴᠠ ᠪᠣᠰᠣ᠂ ᠨᠠᠳᠠ ᠠᠴᠠ ᠴᠢ ᠬᠦᠯᠢᠶᠡᠨ᠎ᠡᠲᠡᠪᠡᠷᠢ ᠵᠢᠷᠭᠠᠯ᠂ ᠲᠡᠪᠡᠷᠢ ᠵᠣᠪᠠᠯᠠᠩ ᠤᠨ ᠶᠢᠷᠳᠢᠨᠴᠦ ᠡᠷᠭᠢᠨ᠎ᠡ ᠲᠡᠩᠭᠡᠯᠢᠭ ᠨᠢ ᠬᠠᠷᠢᠨ ᠢᠳᠡᠭᠡᠯ ᠲᠡᠭᠡᠷ᠎ᠡ ᠲᠣᠬᠳᠠᠨ᠎ᠠ ᠲᠡᠭᠷᠢ ᠭᠠᠵᠠᠷ ᠤᠨ ᠵᠠᠪᠰᠠᠷ ᠨᠠᠳᠠ ᠦᠭᠡᠢ ᠴᠢ ᠵᠣᠪᠠᠨ᠎ᠠ ᠲᠡᠷᠡᠭᠦᠨ ᠳᠤ ᠴᠢᠨᠢ ᠪᠢ ᠬᠠᠷᠢᠨ ᠡᠷᠡᠬᠡᠢ ᠰᠢᠭ ᠢᠶᠠᠨ ᠢᠳᠡᠭᠡᠨ᠎ᠡ︕
 
ᠢᠷᠡᠯᠲᠡ᠄ ᠲᠦᠩᠯᠢᠶᠤᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号