ᠶᠠᠮᠠᠷ ᠨᠢᠬᠡᠨ ᠵᠦᠢᠯ ᠢᠶᠠᠷ ᠨᠢᠬᠡᠴᠢᠯᠡᠭᠰᠡᠨ ᠰᠤᠶᠤᠯ ᠤᠨ ᠤᠨᠴᠠᠯᠢᠭ ᠢ ᠠᠪᠴᠦ ᠶᠠᠷᠢᠬᠤ ᠳᠤ ᠪᠦᠷ ᠯᠡ ᠶᠠᠮᠠᠷ | ᠰᠤᠶᠤᠯ ᠲᠠᠢ ᠬᠠᠷᠢᠴᠠᠭᠤᠯᠬᠤ ᠪᠤᠶᠦ ᠶᠠᠮᠠᠷ ᠬᠠᠷᠠᠰᠦ ᠵᠤᠭᠰᠤᠴᠠ ᠠᠴᠠ ᠠᠳᠠᠯᠢᠳᠬᠠᠬᠤ ᠲᠠᠢ ᠰᠢᠭᠤᠳ | ᠬᠤᠯᠪᠤᠭᠳᠠᠨ᠎ᠠ᠃ ᠠᠳᠠ ᠭᠦᠷᠢᠶ᠎ᠡ ᠶᠢᠨ ᠰᠤᠶᠤᠯ ᠤᠨ ᠤᠨᠴᠠᠯᠢᠭ ᠢ ᠰᠢᠨᠵᠢᠨ ᠬᠤᠷᠢᠶᠠᠩᠭᠤᠶᠢᠯᠠᠬᠤ ᠳᠠᠭᠠᠨ | ᠭᠤᠤᠯᠳᠠᠭᠤ ᠮᠤᠩᠭᠤᠯ ᠤᠷᠤᠨ ᠤ ᠪᠤᠰᠤᠳ ᠬᠤᠰᠢᠭᠤ ᠰᠢᠶᠠᠨ ᠤ ᠤᠷᠤᠨ ᠨᠤᠳᠤᠭ ᠤᠨ ᠰᠤᠶᠤᠯ ᠲᠠᠢ | ᠬᠠᠷᠢᠴᠠᠭᠤᠯᠵᠦ᠂ ᠰᠤᠶᠤᠯ ᠤᠨ ᠦᠪ ᠲᠤ ᠲᠤᠰᠬᠠᠭᠳᠠᠨ ᠪᠠᠶᠢᠭ᠎ᠠ ᠲᠤᠪᠤᠶᠢᠮ᠎ᠠ ᠦᠪᠡᠷᠮᠢᠴᠡ ᠤᠨᠴᠠᠯᠢᠭ ᠤᠨ ᠲᠠᠯ᠎ᠠ | ᠠᠴᠠ ᠠᠳᠠᠯᠢᠳᠬᠠᠨ ᠦᠭᠦᠯᠡᠭᠦ ᠪᠠᠷ ᠪᠤᠢ᠃ ᠭᠦᠷᠢᠶ᠎ᠡ ᠶᠢᠨ ᠰᠤᠶᠤᠯ ᠳᠤ ᠦᠨᠢ ᠤᠳᠠᠭᠠᠨ ᠲᠡᠤᠬᠡᠳᠦ ᠤᠨᠴᠠᠯᠢᠭ᠂ | ᠤᠯᠠᠨ ᠤᠪᠤᠭ ᠠᠶᠢᠮᠠᠭ ᠪᠠ ᠠᠳᠠᠯᠢ ᠪᠤᠰᠤ ᠦᠨᠳᠦᠰᠦᠳᠠᠨ ᠤ ᠰᠤᠶᠤᠯ ᠤᠷᠤᠰᠢᠨ ᠭᠦᠭᠵᠢᠭᠰᠡᠨ ᠤᠨᠴᠠᠯᠢᠭ᠂ | ᠨᠡᠭᠦᠳᠡᠯᠯᠡᠨ ᠮᠠᠯᠵᠢᠬᠤ ᠤᠯᠠᠮᠵᠢᠯᠠᠯᠳᠦ ᠰᠤᠶᠤᠯ ᠤᠨ ᠦᠪ ᠭᠤᠤᠯᠯᠠᠬᠤ ᠤᠨᠴᠠᠯᠢᠭ᠂ ᠱᠠᠰᠢᠨ ᠰᠢᠳᠦᠯᠬᠡ ᠶᠢᠨ ᠦᠩᠬᠡ | ᠪᠤᠳᠤᠭ ᠭᠦᠮ ᠵᠤᠵᠠᠭᠠᠨ ᠤᠨᠴᠠᠯᠢᠭ᠂ ᠭᠠᠵᠠᠷ ᠵᠦᠢ ᠪᠠᠶᠢᠭᠠᠯᠢ ᠶᠢᠨ ᠤᠷᠴᠢᠨ ᠠᠬᠤᠢ ᠶᠢᠨ ᠤᠷᠤᠨ ᠪᠦᠰᠠ ᠶᠢᠨ | ᠢᠯᠭᠠᠯ ᠤᠨ ᠤᠨᠴᠠᠯᠢᠭ ᠪᠠ ᠮᠠᠯᠵᠢᠬᠤ ᠲᠠᠷᠢᠶᠠᠯᠠᠬᠤ ᠪᠠ ᠪᠤᠰᠤᠳ ᠤᠯᠠᠨ ᠵᠦᠢᠯ ᠤᠨ ᠦᠢᠯᠡᠳᠪᠦᠷᠢᠯᠡᠯ ᠢ | ᠬᠠᠪᠰᠤᠷᠭᠠᠭᠰᠠᠨ ᠰᠢᠨ᠎ᠠ ᠬᠡᠯᠪᠡᠷᠢᠯ ᠤᠨ ᠤᠨᠴᠠᠯᠢᠭ ᠤᠳ ᠲᠠᠢ ᠪᠠᠶᠢᠳᠠᠭ᠃ | ᠨ᠊ᠵᠬᠡ ᠦᠨᠢ ᠤᠳᠠᠭᠠᠨ ᠲᠡᠤᠬᠡᠳᠦ ᠤᠨᠴᠠᠯᠢᠭ | ᠤᠳᠤᠬᠠᠨ ᠪᠤᠯᠳᠠᠯᠠᠬᠢ ᠬᠠᠮᠢᠶ᠎ᠠ ᠪᠦᠭᠦᠢ ᠰᠤᠳᠤᠯᠭᠠᠨ ᠳᠤ ᠨᠤᠳᠠᠯᠠᠨ ᠬᠡᠷᠡᠴᠢᠯᠡᠵᠦ ᠪᠠᠶᠢᠭ᠎ᠠ ᠪᠠᠷ ᠭᠦᠷᠢᠶ᠎ᠡ | ᠬᠤᠰᠢᠭᠤ ᠨᠤᠳᠤᠭ ᠤᠨ ᠰᠤᠶᠤᠯ ᠤᠨ ᠡᠬᠢ ᠡᠭᠦᠰᠦᠯ ᠶᠠᠳᠠᠬᠤ ᠳᠠᠭᠠᠨ ᠤᠳᠤ ᠠᠴᠠ ᠡᠮᠦᠨᠡᠬᠢ 6000 ᠵᠢᠯ ᠤᠨ | ᠲᠡᠷᠳᠡᠭᠡ ᠴᠠᠭ ᠦᠶ᠎ᠡ ᠲᠠᠢ ᠬᠤᠯᠪᠤᠭᠳᠠᠳᠠᠭ᠃ ᠤᠯᠠᠨ ᠮᠢᠩᠭᠠᠨ ᠵᠢᠯ ᠤᠨ ᠡᠮᠦᠨᠡᠬᠢ ᠪᠠᠯᠠᠷ ᠡᠷᠳᠡᠨ ᠤ ᠭᠦᠮᠦᠨ | ᠲᠦᠷᠦᠯᠬᠢᠳᠡᠨ ᠠᠵᠦ ᠲᠦᠷᠤᠵᠦ ᠠᠮᠢᠳᠤᠷᠠᠵᠦ ᠪᠠᠶᠢᠭᠰᠠᠨ ᠦᠶ᠎ᠡ ᠠᠴᠠ ᠤᠳᠦ ᠪᠤᠯᠳᠠᠯ᠎ᠠ ᠲᠤᠰ ᠨᠤᠳᠤᠭ ᠲᠤ ᠶᠡᠷᠦ | ᠨᠢ ᠭᠦᠮᠦᠨ ᠲᠦᠷᠦᠯᠬᠢᠳᠠᠨ ᠤ ᠤᠯᠠ ᠮᠦᠷ ᠲᠠᠰᠤᠯᠳᠠᠭᠠᠳᠤᠢ ᠪᠠᠶᠢᠭ᠎ᠠ᠃ ᠦᠬᠡᠷ᠎ᠡ ᠪᠠᠷ ᠬᠡᠯᠡᠪᠡᠯ᠂ ᠪᠠᠯᠠᠷ ᠡᠷᠳᠡᠨ ᠤ | ᠴᠢᠯᠠᠭᠤᠨ ᠵᠡᠪᠰᠡᠭ ᠤᠨ ᠦᠶ᠎ᠡ ᠠᠴᠠ ᠤᠷᠴᠢᠨ ᠤᠳᠦ ᠦᠶ᠎ᠡ ᠭᠦᠷᠳᠡᠯᠡᠬᠢ ᠤᠷᠳᠦ ᠤᠳᠠᠭᠠᠨ ᠲᠡᠤᠬᠡᠨ ᠬᠤᠭᠤᠴᠠᠭᠠᠨ | ᠳᠤ ᠭᠦᠷᠢᠶ᠎ᠡ ᠨᠤᠳᠤᠭ ᠤᠨ ᠭᠦᠮᠦᠨ ᠲᠦᠷᠦᠯᠬᠢᠳᠡᠨ ᠤᠯᠠᠨ ᠲᠦᠷᠦᠯ ᠵᠦᠢᠯ ᠤᠨ ᠠᠳᠠᠯᠢ ᠪᠤᠰᠤ ᠦᠢᠯᠡᠳᠪᠦᠷᠢᠯᠡᠯ | ᠤᠨ ᠠᠷᠭ᠎ᠠ ᠮᠠᠶ᠋ᠢᠭ ᠤᠨ ᠰᠤᠯᠢᠭᠳᠠᠯ ᠬᠤᠪᠢᠷᠠᠯ ᠤᠨ ᠶᠠᠪᠤᠴᠠ ᠶᠢ ᠲᠤᠭᠤᠯᠵᠦ ᠢᠷᠡᠵᠡᠢ᠃ ᠤᠳᠦ ᠶᠢᠨ ᠭᠦᠷᠢᠶ᠎ᠡ | ᠬᠤᠰᠢᠭᠤᠨ ᠤ ᠨᠤᠳᠭ ᠲᠠᠪᠢᠰᠬᠡᠷ ᠲᠤ ᠪᠠᠯᠠᠷ ᠡᠷᠳᠡᠨ ᠤ ᠭᠦᠮᠦᠨ ᠲᠦᠷᠦᠯᠬᠢᠳᠡᠨ ᠤ ᠴᠢᠯᠠᠭᠤᠨ ᠵᠡᠪᠰᠡᠭ ᠤᠨ ᠦᠶ᠎ᠡ | ᠶᠢᠨ ᠠᠩ ᠠᠩᠨᠠᠯ᠂ ᠲᠡᠭᠦᠵᠦ ᠴᠤᠭᠯᠠᠭᠤᠯᠬᠤ ᠰᠤᠶᠤᠯ ᠪᠠ ᠠᠩᠬᠠᠨ ᠤ ᠮᠠᠯᠵᠢᠯ ᠲᠠᠷᠢᠶᠠᠯᠠᠩ ᠤᠨ ᠰᠤᠶᠤᠯ ᠤᠷᠳᠦ | ᠬᠤᠭᠤᠴᠠᠭ᠎ᠠ ᠤᠷᠤᠰᠢᠨ ᠭᠦᠭᠵᠢᠭᠰᠡᠨ ᠲᠡᠤᠬᠡᠨ ᠤᠯᠪᠠᠭ᠎ᠠ ᠲᠠᠢ ᠮᠦᠷᠳᠡᠬᠡᠨ ᠭᠦᠷᠡᠯ ᠤᠨ ᠦᠶ᠎ᠡ ᠳᠤ ᠨᠡᠭᠦᠳᠡᠯᠯᠡᠨ | ᠮᠠᠯᠵᠢᠬᠤ ᠰᠤᠶᠤᠯ ᠢᠯᠡᠷᠡᠭᠰᠡᠨ ᠠᠴᠠ ᠬᠤᠶᠢᠰᠢ ᠤᠯᠠᠨ ᠦᠶ᠎ᠡ ᠲᠠᠮᠵᠢᠨ ᠬᠤᠶᠠᠷ ᠮᠢᠩᠭ᠎ᠠ ᠭᠠᠷᠤᠢ ᠵᠢᠯ ᠤᠨ | ᠲᠤᠷᠰᠢᠳᠠ ᠭᠤᠤᠯᠯᠠᠬᠤ ᠰᠤᠶᠤᠯ ᠤᠨ ᠬᠡᠯᠪᠡᠷᠢ ᠪᠠᠷ ᠦᠷᠭᠦᠯᠵᠢᠯᠡᠨ ᠭᠦᠭᠵᠢᠨ ᠲᠡᠭᠦᠯᠳᠡᠷᠵᠢᠭᠰᠡᠨ ᠲᠡᠤᠬᠡ ᠲᠠᠢ ᠪᠢᠯᠠ᠃ | ᠡᠭᠦᠨ ᠲᠠᠢ ᠰᠠᠴᠠ ᠪᠠᠯᠠᠷ ᠡᠷᠳᠡᠨ ᠤ ᠦᠶ᠎ᠡ ᠳᠤ ᠭᠤᠤᠯᠯᠠᠬᠤ ᠠᠵᠦ ᠠᠬᠤᠢ ᠶᠢᠨ ᠬᠡᠯᠪᠡᠷᠢ ᠶᠢᠨ ᠨᠢᠬᠡᠨ | ᠪᠦᠷᠢᠯᠳᠦᠭᠦᠨ ᠪᠤᠯᠵᠦ ᠪᠠᠶᠢᠭᠰᠠᠨ ᠠᠩ ᠠᠩᠨᠠᠯ ᠪᠠ ᠠᠩᠬᠠᠨ ᠤ ᠲᠠᠷᠢᠶᠠᠯᠠᠩ ᠨᠢ ᠰᠡᠭᠦᠯ ᠦᠶ᠎ᠡ ᠳᠤ ᠨᠡᠭᠦᠳᠡᠯᠯᠡᠨ | ᠮᠠᠯᠵᠢᠬᠤ ᠦᠢᠯᠡᠳᠪᠦᠷᠢᠯᠡᠯ ᠤᠨ ᠬᠠᠪᠰᠤᠷᠭ᠎ᠠ ᠦᠢᠯᠡᠳᠪᠦᠷᠢᠯᠡᠯ ᠤᠨ ᠬᠡᠯᠪᠡᠷᠢ ᠶᠢᠨ ᠬᠤᠪᠢ ᠪᠠᠷ ᠤᠷᠳᠦ ᠬᠤᠭᠤᠴᠠᠭ᠎ᠠ | ᠤᠷᠤᠰᠢᠨ ᠭᠦᠭᠵᠢᠵᠦ ᠪᠠᠶᠢᠭᠰᠠᠨ ᠢᠶᠠᠨ ᠦᠢᠷ᠎ᠡ ᠤᠷᠴᠢᠨ ᠦᠶ᠎ᠡ ᠠᠴᠠ ᠨᠠᠷᠢᠯᠢᠭ ᠲᠠᠷᠢᠶᠠᠯᠠᠩ ᠭᠠᠵᠠᠷ ᠠᠪᠴᠦ | ᠭᠦᠭᠵᠢᠭᠦ ᠶᠢ ᠲᠠᠭᠠᠯᠳᠤᠨ ᠲᠠᠷᠢᠶᠠᠯᠠᠩ ᠲᠠᠬᠢᠨᠳᠠ ᠭᠤᠤᠯᠯᠠᠬᠤ ᠠᠵᠦ ᠠᠬᠤᠢ ᠶᠢᠨ ᠪᠠᠶᠢᠷᠢ ᠳᠤ ᠰᠢᠯᠵᠢᠭᠰᠡᠨ ᠠᠴᠠ | ᠬᠠᠭᠠᠰ ᠮᠠᠯᠵᠢᠬᠤ ᠬᠠᠭᠠᠰ ᠲᠠᠷᠢᠶᠠᠯᠠᠬᠤ ᠪᠠ ᠦᠢᠷ᠎ᠡ ᠤᠷᠴᠢᠨ ᠦᠶ᠎ᠡ ᠶᠢᠨ ᠠᠵᠦ ᠦᠢᠯᠡᠳᠪᠦᠷᠢ᠂ ᠠᠷᠠᠯᠵᠢᠶ᠎ᠡ | ᠬᠤᠳᠠᠯᠳᠤᠭ᠎ᠠ ᠪᠠᠷ ᠬᠠᠪᠰᠤᠷᠤᠮᠵᠢ ᠪᠤᠯᠭᠠᠭᠰᠠᠨ ᠰᠢᠨ᠎ᠡ ᠴᠠᠭ ᠦᠶ᠎ᠡ ᠶᠢᠨ ᠰᠤᠶᠤᠯ ᠪᠦᠷᠢᠯᠳᠤᠨ ᠤᠷᠳᠦ ᠤᠳᠠᠭᠠᠨ | ᠤᠯᠠᠷᠢᠯ ᠬᠤᠪᠢᠷᠠᠯ ᠤᠨ ᠲᠡᠤᠬᠡᠨ ᠶᠠᠪᠤᠴᠠ ᠶᠢ ᠦᠩᠬᠡᠷᠡᠬᠡᠵᠡᠢ᠃ ᠲᠠᠷᠠᠴᠢᠯᠠᠨ ᠪᠠᠯᠠᠷ ᠡᠷᠳᠡᠨ ᠤ ᠦᠶ᠎ᠡ ᠠᠴᠠ ᠡᠬᠢ | ᠡᠭᠦᠰᠪᠦᠷᠢ ᠠᠪᠤᠭᠰᠠᠨ ᠪᠠᠶᠢᠭᠠᠯᠢ ᠰᠢᠳᠦᠯᠬᠡ᠂ ᠡᠪᠦᠭᠡ ᠲᠡᠬᠡᠳᠦᠰ ᠤᠨ ᠰᠢᠳᠦᠯᠬᠡ ᠪᠠ ᠪᠦᠬᠡ ᠮᠦᠷᠭᠦᠯ ᠵᠡᠷᠬᠡ ᠠᠴᠠ | ᠰᠡᠭᠦᠯ ᠦᠶ᠎ᠡ ᠶᠢᠨ ᠪᠤᠷᠬᠠᠨ ᠤ ᠱᠠᠰᠢᠨ ᠪᠠ ᠰᠢᠨ᠎ᠡ ᠴᠠᠭ ᠦᠶ᠎ᠡ ᠶᠢᠨ ᠰᠢᠳᠦᠯᠬᠡ ᠪᠢᠰᠢᠷᠠᠯ ᠢ ᠭᠦᠯᠢᠶᠡᠨ ᠠᠪᠴᠦ | ᠢᠷᠡᠭᠰᠡᠨ ᠰᠤᠶᠤᠯ ᠤᠨ ᠦᠪ ᠤᠨ ᠤᠯᠠᠮᠵᠢᠯᠠᠯ ᠲᠠᠢ ᠪᠠᠶᠢᠳᠠᠭ᠃ | ᠬᠤᠶᠠᠷ ᠤᠯᠠᠨ ᠡᠰᠢᠳᠦ᠂ ᠨᠠᠶᠢᠯᠠᠮᠠᠯ ᠡᠶ᠎ᠡ ᠵᠤᠬᠢᠴᠠᠯᠳᠦ ᠤᠨᠴᠠᠯᠢᠭ | ᠤᠳᠦ ᠠᠴᠠ ᠡᠮᠦᠨ᠎ᠡ 3 — 4 ᠮᠢᠩᠭᠠᠨ ᠵᠢᠯ ᠤᠨ ᠦᠶ᠎ᠡ ᠪᠠᠷ ᠭᠦᠷᠢᠶ᠎ᠡ ᠨᠤᠳᠤᠭ ᠤᠨ ᠭᠦᠮᠦᠨ | ᠲᠦᠷᠦᠯᠬᠢᠳᠠᠨ ᠭᠦᠷᠠᠯ ᠤᠨ ᠰᠤᠶᠤᠯ ᠤᠨ ᠱᠠᠳᠤᠨ ᠳᠤ ᠲᠠᠪᠰᠢᠨ ᠤᠷᠤᠵᠦ᠂ ᠡᠭᠢᠨ ᠤ ᠱᠠᠳᠤᠨ ᠳᠤ ᠠᠩᠬᠠᠨ ᠤ | ᠮᠠᠯᠵᠢᠯ ᠲᠠᠷᠢᠶᠠᠯᠠᠩ ᠢᠶᠠᠷ ᠭᠤᠤᠯᠯᠠᠭᠤᠯᠵᠦ᠂ ᠠᠩ ᠠᠩᠨᠠᠯ ᠪᠠ ᠲᠡᠭᠦᠵᠦ ᠴᠤᠭᠯᠠᠭᠤᠯᠬᠤ ᠠᠵᠦ ᠠᠬᠤᠢ ᠪᠠᠷ | ᠬᠠᠪᠰᠤᠷᠤᠮᠵᠢ ᠪᠤᠯᠭᠠᠨ ᠠᠵᠦ ᠲᠦᠷᠦᠵᠦ ᠠᠮᠢᠳᠤᠷᠠᠵᠦ ᠪᠠᠶᠢᠭᠰᠠᠨ ᠢᠶᠠᠨ ᠰᠡᠭᠦᠯᠴᠢ ᠶᠢᠨ ᠬᠤᠭᠤᠴᠠᠭᠠᠨ᠎ᠠ ᠠᠭᠠᠵᠢᠮ | ᠢᠶᠠᠷ ᠮᠠᠯᠵᠢᠯ ᠢᠶᠠᠷ ᠭᠤᠤᠯᠯᠠᠭᠤᠯᠬᠤ ᠪᠤᠯᠤᠭᠰᠠᠨ ᠢᠶᠠᠷ ᠦᠯᠦ ᠪᠠᠷᠠᠮ ᠪᠠᠷᠤᠭ ᠤᠳᠦ ᠠᠴᠠ ᠡᠮᠦᠨᠡᠬᠢ 2000 ᠭᠠᠷᠤᠢ | ᠵᠢᠯ ᠤᠨ ᠦᠶ᠎ᠡ ᠠᠴᠠ ᠨᠡᠭᠦᠳᠡᠯᠯᠡᠨ ᠮᠠᠯᠵᠢᠬᠤ ᠠᠵᠦ ᠠᠬᠤᠢ ᠲᠠᠶᠢᠰᠢ ᠬᠡᠯᠪᠡᠶᠢᠨ ᠭᠦᠭᠵᠢᠵᠠᠢ᠃ ᠦᠬᠡᠷ᠎ᠡ ᠪᠠᠷ | ᠬᠡᠯᠡᠪᠡᠯ᠂ ᠲᠤᠬᠠᠢ ᠶᠢᠨ ᠦᠶ᠎ᠡ ᠳᠤ ᠭᠦᠷᠢᠶ᠎ᠡ ᠨᠤᠳᠤᠭ ᠲᠤ ᠬᠢᠳᠡᠳ ᠰᠤᠷᠪᠤᠯᠵᠢ ᠪᠢᠴᠢᠭ ᠲᠤ ᠱᠠᠨᠷᠦ᠋ᠩ ᠬᠡᠭᠦ | ᠨᠡᠷᠡᠶᠢᠳᠤᠯ ᠢᠶᠠᠷ ᠲᠡᠮᠳᠡᠭᠯᠡᠭᠳᠡᠭᠰᠡᠨ ᠮᠠᠯᠵᠢᠬᠤ ᠤᠪᠤᠭ ᠠᠶᠢᠮᠠᠭ ᠬᠢᠨ ᠠᠮᠢᠳᠤᠷᠠᠵᠦ ᠪᠠᠶᠢᠭᠰᠠᠨ ᠪᠦᠭᠡᠳ ᠨᠠᠶᠢᠳᠠ ᠶᠢᠨ | ᠤᠨ ᠲᠤᠭᠠᠯᠠᠯ ᠠᠴᠠ ᠡᠮᠦᠨᠡᠬᠢ 8 — 7 ᠳ᠋ᠤᠭᠠᠷ ᠵᠠᠭᠤᠨ ᠤ ᠦᠶ᠎ᠡ ᠪᠤᠯᠬᠤ ᠳᠤ ᠮᠠᠯ ᠠᠵᠦ ᠠᠬᠤᠢ ᠨᠠᠯᠢᠶᠠᠳ | ᠭᠦᠭᠵᠢᠵᠦ᠂ ᠨᠡᠭᠦᠳᠡᠯᠯᠡᠨ ᠮᠠᠯᠵᠢᠬᠤ ᠠᠵᠦ ᠠᠬᠤᠢ ᠡᠵᠡᠩᠨᠡᠵᠦ ᠡᠬᠢᠯᠡᠭᠰᠡᠨ ᠪᠠᠶᠢᠨ᠎ᠠ᠃ | ᠪᠠᠷᠤᠭ ᠨᠠᠶᠢᠳᠠ ᠶᠢᠨ ᠤᠨ ᠲᠤᠭᠠᠯᠠᠯ ᠠᠴᠠ ᠡᠮᠦᠨ᠎ᠡ 4 ᠳ᠋ᠤᠬᠡᠷ ᠵᠠᠭᠤᠨ ᠤ ᠦᠶ᠎ᠡ ᠪᠤᠯᠬᠤ ᠳᠤ ᠱᠠᠨᠷᠦ᠋ᠩᠴᠤᠳ | ᠬᠤᠰᠢᠭᠤᠴᠢᠯᠠᠬᠤ ᠪᠠᠶᠢᠷᠢ ᠰᠠᠭᠤᠷᠢ ᠪᠠᠨ ᠠᠯᠳᠬᠤ ᠳᠤ ᠨᠦᠭᠦᠬᠡ ᠨᠢᠬᠡᠨ ᠮᠠᠯᠵᠢᠬᠤ ᠤᠪᠤᠭ ᠠᠶᠢᠮᠠᠭ ᠤᠨ | ᠳ᠋ᠦᠨᠬᠡᠨᠴᠤᠳ ᠢᠶᠠᠷ ᠱᠠᠨᠷᠦ᠋ᠩᠴᠤᠳ ᠢ ᠤᠷᠤᠯᠠᠨ ᠨᠡᠭᠦᠳᠡᠯᠯᠡᠨ ᠮᠠᠯᠵᠢᠬᠤ ᠰᠤᠶᠤᠯ ᠢ ᠵᠠᠯᠭᠠᠮᠵᠢᠯᠠᠨ ᠭᠦᠭᠵᠢᠭᠦᠯᠦᠭᠰᠡᠨ | ᠠᠴᠠ ᠬᠤᠶᠢᠰᠢ 20 ᠳ᠋ᠤᠭᠠᠷ ᠵᠠᠭᠤᠨ ᠤ ᠲᠤᠮᠳᠠᠴᠢ ᠪᠤᠯᠳᠠᠯ᠎ᠠ ᠭᠦᠷᠢᠶ᠎ᠡ ᠨᠤᠳᠤᠭ ᠲᠤ ᠤᠷᠢᠳ ᠬᠤᠵᠢᠳ ᠦᠬᠤᠸᠠᠨ | ᠂ ᠰᠢᠶᠡᠨᠪᠸᠢ᠂ ᠬᠢᠳᠡᠨ᠂ ᠵᠦᠷᠴᠢᠨ᠂ ᠮᠤᠩᠭᠤᠯ ᠬᠡᠭᠦ ᠮᠡᠳᠦ ᠶᠢᠨ ᠤᠯᠠᠨ ᠮᠠᠯᠵᠢᠬᠤ ᠪᠤᠶᠦ ᠠᠩᠴᠢᠨ ᠭᠠᠷᠤᠯ ᠲᠠᠢ | ᠤᠪᠤᠭ ᠠᠶᠢᠮᠠᠭᠳᠠᠨ ᠲᠤᠯᠤᠭᠠᠶᠢᠯᠠᠨ ᠨᠡᠭᠦᠳᠡᠯᠯᠡᠨ ᠮᠠᠯᠵᠢᠬᠤ ᠪᠠᠷ ᠭᠤᠤᠯᠯᠠᠭᠤᠯᠤᠨ ᠲᠠᠷᠢᠶᠠᠯᠠᠩ᠂ ᠠᠩ ᠠᠩᠨᠠᠯ ᠪᠠ | ᠪᠤᠰᠤᠳ ᠠᠵᠦ ᠠᠬᠤᠢ ᠪᠠᠷ ᠬᠠᠪᠰᠤᠷᠤᠮᠵᠢ ᠪᠤᠯᠭᠠᠭᠰᠠᠨ ᠰᠤᠶᠤᠯ ᠢ ᠴᠠᠭᠠᠰᠢᠳᠠ ᠭᠦᠭᠵᠢᠭᠦᠯᠵᠠᠢ᠃ | 19 ᠳ᠋ᠤᠬᠡᠷ ᠵᠠᠭᠤᠨ ᠤ ᠦᠶ᠎ᠡ ᠠᠴᠠ ᠴᠢᠩ ᠤᠯᠤᠰ ᠤᠨ ᠵᠠᠰᠠᠭ ᠤᠨ ᠭᠠᠵᠠᠷ ᠠᠴᠠ ︽ᠮᠤᠩᠭᠤᠯ ᠬᠤᠷᠢᠭ᠎ᠠ︾ | ᠶᠢ ᠲᠠᠯᠪᠢᠵᠦ ᠠᠯᠪᠠᠨ ᠠᠴᠠ ᠮᠤᠩᠭᠤᠯ ᠬᠤᠰᠢᠭᠤᠨ ᠳᠤ ᠠᠳᠠᠷ ᠬᠠᠭᠠᠯᠪᠦᠷᠢᠯᠡᠵᠦ ᠡᠬᠢᠯᠡᠭᠰᠡᠨ ᠠᠴᠠ ᠲᠤᠳᠤᠷ᠎ᠠ ᠭᠠᠵᠠᠷ | ᠤᠨ ᠬᠢᠳᠡᠳ ᠢᠷᠬᠡᠳ ᠶᠡᠭᠡ ᠬᠡᠮᠵᠢᠶ᠎ᠡ ᠶᠡᠭᠦᠷᠡᠨ ᠤᠷᠤᠵᠦ ᠢᠷᠡᠵᠦ ᠲᠠᠷᠢᠶᠠᠯᠠᠨ ᠨᠤᠳᠤᠭᠰᠢᠭᠰᠠᠨ ᠠᠴᠠ ᠢᠷᠬᠡᠨ | ᠤᠯᠤᠰ ᠤᠨ ᠦᠶ᠎ᠡ ᠪᠤᠯᠬᠤ ᠳᠤ ᠭᠦᠷᠢᠶ᠎ᠡ ᠨᠤᠳᠤᠭ ᠲᠤ ᠨᠢᠬᠡᠨᠳᠠ ᠪᠦᠭᠦ ᠬᠤᠰᠢᠭᠤᠨᠨ ᠶᠡᠷᠦᠩᠬᠡᠢ ᠭᠦᠮᠦᠨ ᠠᠮᠠ ᠶᠢᠨ | ᠬᠠᠭᠠᠰ ᠰᠢᠬᠠᠭᠤ ᠬᠠᠷᠢᠴᠠᠯ ᠢ ᠡᠵᠡᠯᠡᠭᠦ ᠬᠢᠳᠡᠳ ᠢᠷᠬᠡᠳ ᠴᠤᠭᠯᠠᠷᠠᠵᠦ᠂ ᠠᠶᠠᠨᠳᠠᠭᠠᠨ ᠦᠬᠡᠷ᠎ᠡ ᠨᠢᠬᠡᠨ | ᠦᠨᠳᠦᠰᠦᠳᠡᠨ ᠤ ᠰᠤᠶᠤᠯ ᠤᠨ ᠲᠤᠭᠤᠷᠢᠭ ᠪᠦᠷᠢᠯᠳᠦᠵᠦ ᠮᠤᠩᠭᠤᠯ ᠰᠤᠶᠤᠯ ᠲᠠᠢ ᠵᠠᠷᠬᠡᠴᠡᠭᠡ ᠤᠷᠤᠰᠢᠬᠤ ᠪᠠᠶᠢᠳᠠᠯ | ᠢᠯᠡᠷᠡᠭᠰᠡᠨ ᠪᠠᠶᠢᠨ᠎ᠠ᠃ ᠲᠠᠷᠠᠴᠢᠯᠠᠨ ᠬᠤᠰᠢᠭᠤ ᠪᠠᠶᠢᠭᠤᠯᠤᠭᠳᠠᠭᠰᠠᠨ ᠠᠴᠠ ᠨᠠᠭᠠᠰᠢᠬᠢ ᠬᠡᠳᠦᠨ ᠵᠠᠭᠤᠨ ᠵᠢᠯ ᠤᠨ | ᠬᠤᠭᠤᠴᠠᠭᠠᠨ ᠳᠤ ᠪᠠᠰᠠ ᠬᠤᠳᠤᠩ᠂ ᠰᠤᠯᠤᠩᠭᠤᠰ ᠮᠠᠳᠦ ᠶᠢᠨ ᠦᠬᠡᠷ᠎ᠡ ᠪᠤᠰᠤᠳ ᠰᠢᠨ᠎ᠡ ᠦᠨᠳᠦᠰᠦᠳᠠᠨ ᠤ | ᠭᠦᠮᠦᠨ ᠠᠮᠠ ᠰᠢᠯᠵᠢᠨ ᠢᠷᠡᠭᠦ ᠶᠢ ᠲᠠᠭᠠᠯᠳᠤᠨ ᠬᠤᠰᠢᠭᠤ ᠨᠤᠳᠤᠭ ᠲᠤ ᠠᠳᠠᠯᠢ ᠪᠤᠰᠤ ᠦᠨᠳᠦᠰᠦᠳᠠᠨ ᠨᠦᠭᠦᠳ | ᠤᠨ ᠰᠤᠶᠤᠯ ᠴᠤᠬᠤᠶᠢᠨ ᠢᠯᠡᠷᠡᠭᠦ ᠪᠤᠯᠵᠠᠢ᠃ | ᠭᠦᠷᠢᠶ᠎ᠡ ᠬᠤᠰᠢᠭᠤ ᠡᠬᠢᠯᠡᠵᠦ ᠪᠠᠶᠢᠭᠤᠯᠤᠭᠳᠠᠬᠤ ᠠᠴᠠ ᠰᠡᠭᠦᠯ ᠤᠨ ᠦᠶ᠎ᠡ ᠳᠤ ᠵᠠᠰᠠᠭ ᠵᠠᠬᠢᠷᠭᠠᠨ ᠤ ᠤᠷᠤᠨ | ᠬᠤᠪᠢᠶᠠᠷᠠᠢ ᠶᠢᠨ ᠦᠬᠡᠷᠡᠳᠦᠯ ᠠᠴᠠ ᠪᠤᠯᠵᠦ ᠨᠤᠳᠤᠭ ᠲᠡᠪᠢᠰᠬᠡᠷ ᠤᠨ ᠦᠷᠬᠡᠵᠢᠭᠦ ᠶᠠᠪᠤᠴᠠ ᠳᠤ ᠲᠤᠰ ᠬᠤᠰᠢᠭᠤᠨ ᠤ | ᠮᠤᠩᠭᠤᠯᠴᠤᠳ ᠤᠨ ᠭᠦᠮᠦᠨ ᠠᠮᠠ ᠶᠢᠨ ᠭᠤᠤᠯ ᠪᠦᠳᠦᠴᠡ ᠳᠤ ᠬᠠᠷᠠᠴᠢᠨ᠂ ᠲᠦᠮᠡᠳ᠂ ᠬᠤᠷᠴᠢᠨ ᠴᠠᠬᠠᠷ ᠪᠠ | ᠬᠠᠯᠬ᠎ᠠ ᠵᠡᠷᠬᠡ ᠤᠯᠠᠨ ᠤᠪᠤᠭ ᠠᠶᠢᠮᠠᠭ ᠤᠨ ᠭᠦᠮᠦᠰ ᠴᠤᠭᠯᠠᠷᠠᠵᠦ᠂ ᠬᠠᠮᠳᠤᠳᠠ ᠢᠵᠢᠯᠢᠰᠢᠨ ᠨᠢᠬᠡᠳᠦᠭᠦ ᠶᠢᠨ | ᠵᠡᠷᠬᠡᠴᠡᠭᠡ ᠪᠠᠰᠠ ᠦᠪᠡᠷ ᠦᠪᠡᠷ ᠶᠢᠨ ᠬᠢᠨ ᠬᠡᠰᠡᠨ ᠤᠪᠤᠭ ᠠᠶᠢᠮᠠᠭ ᠤᠨ ᠵᠠᠩ ᠦᠢᠯᠡ ᠶᠢᠨ ᠰᠤᠶᠤᠯ ᠤᠨ ᠲᠠᠯ᠎ᠠ | ᠪᠠᠷ ᠬᠢ ᠤᠨᠴᠠᠯᠢᠭ ᠢᠶᠠᠨ ᠵᠤᠬᠢᠬᠤ ᠬᠡᠮᠵᠢᠶ᠎ᠡ ᠬᠠᠳᠠᠭᠠᠯᠠᠭᠰᠠᠭᠠᠷ ᠪᠠᠶᠢᠭ᠎ᠠ ᠪᠢᠯᠡ᠃ | ᠭᠤᠷᠪᠠ ᠨᠡᠭᠦᠳᠡᠯ ᠰᠤᠶᠤᠯ ᠤᠨ ᠪᠡᠯᠬᠡ ᠲᠡᠮᠳᠡᠭ ᠢᠯᠭᠤᠮ ᠲᠤᠳᠦ ᠤᠨᠴᠠᠯᠢᠭ | ᠭᠦᠷᠢᠶ᠎ᠡ ᠬᠤᠰᠢᠭᠤ ᠨᠤᠳᠤᠭ ᠤᠨ ᠤᠯᠠᠨ ᠮᠢᠩᠭᠠᠨ ᠵᠢᠯ ᠤᠨ ᠰᠤᠶᠤᠯ ᠤᠨ ᠲᠡᠤᠬᠡ ᠶᠢ ᠨᠠᠷᠢᠨ ᠠᠵᠢᠭᠯᠠᠨ | ᠰᠢᠨᠵᠢᠭᠦ ᠳᠤ ᠪᠦᠭᠦᠶᠢᠯᠡ ᠡᠷᠳᠡᠨ ᠤ ᠲᠡᠤᠬᠡᠨ ᠬᠤᠭᠤᠴᠠᠭᠠᠨ ᠳᠠᠬᠢ ᠢᠯᠡᠷᠡᠯ ᠢ ᠬᠡᠯᠡᠭᠦ ᠪᠠᠶᠢᠳᠤᠭᠠᠢ᠂ ᠤᠳᠤᠬᠠᠨ | ᠳᠠᠬᠢ ᠤᠯᠠᠨ ᠦᠨᠳᠦᠰᠦᠳᠡᠨ ᠤ ᠰᠤᠶᠤᠯ ᠵᠡᠷᠬᠡᠴᠡᠨ ᠭᠦᠭᠵᠢᠵᠦ ᠪᠦᠭᠦᠢ ᠤᠷᠢᠳᠠᠯ ᠳᠤ ᠠᠪᠴᠦ ᠶᠠᠷᠢᠭᠰᠠᠨ ᠴᠦ | ᠦᠨᠡᠨ ᠭᠦ ᠨᠤᠳᠤᠭ ᠤᠷᠤᠨ ᠤ ᠦᠪᠡᠷᠮᠢᠴᠡ ᠤᠯᠠᠮᠵᠢᠯᠠᠯᠳᠦ ᠰᠤᠶᠤᠯ ᠤᠨ ᠦᠪ ᠤᠨ ᠬᠤᠪᠢ ᠳᠤ ᠶᠠᠭᠤ ᠲᠠᠢ ᠶᠠᠭᠤ | ᠦᠬᠡᠢ ᠶᠡᠷᠦ ᠨᠢ ᠨᠡᠭᠦᠳᠡᠯᠴᠢᠨ ᠦᠨᠳᠦᠰᠦᠳᠠᠨ ᠤ ᠰᠤᠶᠤᠯ ᠤᠨ ᠦᠩᠬᠡ ᠪᠤᠳᠤᠭ ᠲᠠᠪᠠᠮᠠᠭᠠᠢ ᠪᠠᠷ ᠢᠶᠠᠨ | ᠤᠨᠴᠠᠯᠢᠭᠳᠡᠵᠦ ᠪᠠᠶᠢᠭ᠎ᠠ ᠶᠤᠮ᠃ ᠦᠬᠡᠷ᠎ᠡ ᠪᠠᠷ ᠬᠡᠯᠡᠪᠡᠯ᠂ ᠡᠷᠳᠡ ᠲᠡᠬᠡᠳᠦ ᠠᠴᠠ ᠤᠯᠠᠨ ᠮᠢᠩᠭᠠᠨ ᠵᠢᠯ ᠤᠨ | ᠲᠤᠷᠰᠢᠳᠠ ᠦᠢᠯᠡᠳᠪᠦᠷᠢᠯᠡᠯ ᠤᠨ ᠰᠤᠶᠤᠯ ᠤᠨ ᠦᠪ᠂ ᠠᠮᠢᠳᠤᠷᠠᠯ ᠤᠨ ᠰᠤᠶᠤᠯ ᠤᠨ ᠦᠪ᠂ ᠨᠡᠶᠢᠬᠡᠮ ᠤᠨ | ᠬᠠᠷᠢᠴᠠᠭ᠎ᠠ ᠶᠢᠨ ᠰᠤᠶᠤᠯ ᠤᠨ ᠦᠪ᠂ ᠰᠢᠳᠦᠯᠬᠡ ᠪᠢᠰᠢᠷᠡᠯ ᠤᠨ ᠰᠤᠶᠤᠯ ᠤᠨ ᠦᠪ᠂ ᠤᠳᠬ᠎ᠠ ᠤᠷᠠᠯᠢᠭ ᠤᠨ | ᠰᠤᠶᠤᠯ ᠤᠨ ᠦᠪ᠂ ᠰᠤᠷᠭᠠᠨ ᠭᠦᠮᠦᠵᠢᠯ ᠬᠢᠬᠡᠳ ᠨᠠᠭᠠᠳᠤᠮ ᠲᠤᠭᠯᠠᠭᠠᠮ ᠤᠨ ᠰᠤᠶᠤᠯ ᠤᠨ ᠦᠪ ᠵᠡᠷᠬᠡ ᠶᠢᠨ ᠠᠯᠢ | ᠴᠦ ᠲᠠᠯ᠎ᠠ ᠳᠤ ᠴᠦᠮ ᠢᠰᠡᠬᠡᠢ ᠲᠤᠭᠤᠷᠭᠠᠳᠠᠨ ᠤ ᠰᠤᠶᠤᠯ ᠤᠨ ᠦᠪ ᠬᠡᠵᠢᠶᠠᠳᠠ ᠭᠤᠤᠯᠯᠠᠬᠤ ᠪᠠᠶᠢᠷᠢ ᠶᠢ ᠡᠵᠡᠯᠡᠨ | ᠲᠠᠰᠤᠷᠠᠯᠳᠠ ᠦᠬᠡᠢ ᠤᠯᠠᠮᠵᠢᠯᠠᠭᠰᠠᠭᠠᠷ ᠢᠷᠡᠪᠡ᠃ ᠲᠡᠷᠡ ᠮᠦᠷᠳᠡᠬᠡᠨ ᠤᠷᠴᠢᠨ ᠤᠳᠦ ᠦᠶ᠎ᠡ ᠠᠴᠠ ᠭᠦᠷᠢᠶ᠎ᠡ | ᠬᠤᠰᠢᠭᠤ ᠨᠤᠳᠤᠭ ᠲᠤ ᠪᠤᠰᠤᠳ ᠦᠨᠳᠦᠰᠦᠳᠠᠨ ᠤ ᠭᠦᠮᠦᠨ ᠠᠮᠠ ᠶᠡᠬᠡᠳᠠ ᠨᠡᠮᠡᠭᠳᠡᠵᠦ᠂ ᠲᠠᠷᠢᠶᠠᠯᠠᠩ ᠠᠵᠦ ᠠᠬᠤᠢ | ᠪᠠ ᠪᠤᠰᠤᠳ ᠵᠦᠢᠯ ᠤᠨ ᠠᠵᠦ ᠦᠢᠯᠡᠰ ᠲᠡᠶᠢᠯᠦᠩᠭᠦᠢ ᠪᠠᠶᠢᠷᠢ ᠶᠢ ᠡᠵᠡᠯᠡᠵᠦ᠂ ᠮᠤᠩᠭᠤᠯᠴᠤᠳ ᠴᠦ ᠤᠤᠯ | ᠤᠯᠠᠮᠵᠢᠯᠠᠯᠳᠦ ᠮᠠᠯᠵᠢᠬᠤ ᠠᠵᠦ ᠠᠬᠤᠢ ᠠᠴᠠ ᠪᠠᠨ ᠠᠷᠭ᠎ᠠ ᠪᠤᠰᠤ ᠰᠢᠬᠠᠭᠳᠠᠨ ᠵᠠᠶᠢᠳᠠᠵᠦ ᠰᠢᠨ᠎ᠡ ᠦᠢᠯᠡᠳᠪᠦᠷᠢᠯᠡᠯ | ᠤᠨ ᠠᠷᠭ᠎ᠠ ᠬᠡᠯᠪᠡᠷᠢ ᠳᠤ ᠬᠠᠪᠢᠳᠠᠨ᠂ ᠠᠳᠠᠯᠢ ᠪᠤᠰᠤ ᠤᠷᠴᠢᠨ ᠲᠤᠭᠤᠷᠢᠨ ᠳᠤ ᠲᠠᠷᠬᠠᠵᠦ ᠬᠠᠷᠢ ᠰᠤᠶᠤᠯ ᠤᠨ | ᠨᠦᠯᠦᠬᠡ ᠶᠢ ᠤᠯᠠᠨ ᠲᠠᠯ᠎ᠠ ᠪᠠᠷ ᠭᠦᠯᠢᠶᠡᠵᠦ ᠪᠠᠶᠢᠭ᠎ᠠ᠃ ᠬᠡᠳᠡᠯ᠎ᠡ ᠬᠡᠳᠦᠶᠢᠪᠡᠷ ᠡᠶᠢᠮᠦ ᠪᠤᠯᠵᠦ ᠪᠠᠶᠢᠭ᠎ᠠ ᠪᠤᠯᠪᠠᠴᠦ᠂ | ᠤᠳᠤᠬᠠᠨ ᠪᠤᠯᠳᠠᠯ᠎ᠠ ᠮᠦᠨ ᠯᠡ ᠬᠤᠰᠢᠭᠤ ᠨᠤᠳᠤᠭ ᠲᠠᠭᠠᠨ ᠭᠦᠮᠦᠨ ᠠᠮᠠ ᠶᠢᠨ ᠬᠠᠷᠢᠴᠠᠯ ᠢᠶᠠᠷ ᠵᠤᠩᠬᠢᠯᠠᠬᠤ | ᠲᠤᠭᠠᠨ ᠢ ᠡᠵᠡᠯᠡᠵᠦ ᠪᠦᠭᠦᠢ ᠲᠡᠳᠦᠢ ᠦᠬᠡᠢ᠂ ᠨᠡᠭᠦᠳᠡᠯᠴᠢᠨ ᠦᠨᠳᠦᠰᠦᠳᠠᠨ ᠤ ᠢᠵᠡᠭᠤᠷ ᠰᠤᠶᠤᠯ ᠤᠨ ᠤᠯᠠᠮᠵᠢᠯᠠᠯ | ᠢᠶᠠᠨ ᠶᠡᠭᠡ ᠬᠡᠮᠵᠢᠶ᠎ᠡ ᠪᠠᠷ ᠬᠠᠳᠠᠭᠠᠯᠠᠵᠦ ᠡᠯ᠎ᠡ ᠠᠵᠢᠯ ᠲᠦᠷᠦᠯ ᠤᠨ ᠹᠷᠤᠨᠲ ᠲᠤ ᠴᠢᠬᠤᠯᠠ ᠨᠦᠯᠦᠬᠡ ᠭᠠᠷᠭᠠᠵᠦ᠂ | ᠴᠠᠭ ᠡᠷᠢᠨ ᠤ ᠰᠢᠯᠭᠠᠯᠳᠠ ᠶᠢ ᠲᠤᠭᠤᠯᠵᠦ᠂ ᠦᠷᠦᠬᠡᠯ ᠪᠤᠰᠤᠳ ᠲᠠᠢ ᠮᠦᠷᠦ ᠵᠡᠷᠬᠡᠴᠡᠨ ᠤᠷᠤᠭᠰᠢᠯᠠᠵᠦ ᠪᠠᠶᠢᠭ᠎ᠠ ᠨᠢ | ᠦᠨᠡᠬᠡᠷ ᠭᠠᠶᠢᠬᠠᠯᠳᠠᠢ᠃ ᠲᠡᠷᠡ ᠮᠦᠷᠳᠡᠬᠡᠨ ᠭᠦᠷᠢᠶ᠎ᠡ ᠬᠤᠰᠢᠭᠤᠨ ᠤ ᠬᠢᠳᠡᠳ ᠦᠨᠳᠦᠰᠦᠳᠡᠨ ᠬᠠᠮᠤᠭ ᠠᠴᠠ | ᠢᠯᠡᠭᠦᠦ ᠲᠦᠪᠯᠡᠷᠡᠵᠦ ᠪᠦᠭᠦᠢ ᠬᠤᠰᠢᠭᠤᠨ ᠲᠦᠪ ᠢ ᠪᠠᠭᠳᠠᠭᠠᠳ ᠢᠯᠠᠩᠭᠤᠶ᠎ᠠ ᠪᠦᠭᠦ ᠬᠤᠰᠢᠭᠤᠨ ᠤ 8 ᠰᠤᠮᠤ | ᠪᠠᠯᠭᠠᠰᠤᠨ ᠤ ᠲᠤᠳᠤᠷ᠎ᠠ ᠠᠴᠠ ᠤᠨᠴᠠᠭᠠᠢ ᠬᠤᠶᠠᠷ ᠬᠢᠳᠡᠳ ᠪᠠᠯᠭᠠᠰᠤ ᠶᠢ ᠭᠠᠷᠭᠠᠪᠠᠯ ᠦᠯᠡᠳᠡᠭᠰᠡᠨ ᠤᠯᠠᠨ ᠰᠤᠮᠤ᠂ | ᠪᠠᠯᠭᠠᠰᠤ ᠪᠠ ᠭᠠᠴᠠᠭ᠎ᠠ ᠲᠤᠰᠬᠤᠨ ᠳᠤ ᠭᠠᠵᠠᠷ ᠰᠠᠢ ᠦᠬᠡᠢ ᠮᠤᠩᠭᠤᠯ ᠰᠤᠶᠤᠯ ᠤᠨ ᠪᠡᠯᠬᠡ ᠲᠡᠮᠳᠡᠭ ᠲᠤᠷᠠᠶᠢᠵᠦ᠂ | ᠠᠬᠤᠢ ᠠᠮᠢᠳᠤᠷᠠᠯ ᠨᠢ ᠮᠤᠩᠭᠤᠯ ᠢᠶᠠᠷ ᠢᠶᠠᠨ ᠠᠮᠢᠰᠬᠤᠵᠦ ᠪᠠᠶᠢᠳᠠᠭ᠃ | ᠲᠦᠷᠪᠡ ᠰᠢᠳᠦᠯᠬᠡ ᠪᠢᠰᠢᠷᠠᠯ ᠤᠨ ᠦᠩᠬᠡ ᠪᠤᠳᠤᠭ ᠭᠦᠨ ᠵᠤᠵᠠᠭᠠᠨ ᠤᠨᠴᠠᠯᠢᠭ | ᠭᠦᠷᠢᠶ᠎ᠡ ᠨᠤᠳᠤᠭ ᠪᠤᠯ ᠡᠷᠳᠡ ᠲᠡᠬᠡᠳᠦ ᠦᠶ᠎ᠡ ᠠᠴᠠ ᠪᠠᠨ ᠰᠢᠳᠦᠯᠬᠡ ᠪᠢᠰᠢᠷᠠᠯ ᠲᠠᠢ ᠤᠷᠤᠨ ᠨᠤᠳᠤᠭ ᠪᠤᠯᠤᠨ᠎ᠠ | ᠃ ᠦᠬᠡᠷ᠎ᠡ ᠪᠠᠷ ᠬᠡᠯᠡᠪᠡᠯ᠂ ᠴᠢᠯᠠᠭᠤᠨ ᠵᠡᠪᠰᠡᠭ ᠤᠨ ᠦᠶ᠎ᠡ ᠠᠴᠠ ᠲᠠᠶᠢᠯᠭ᠎ᠠ ᠲᠠᠬᠢᠯᠭ᠎ᠠ ᠬᠢᠵᠦ᠂ ᠪᠠᠶᠢᠭᠠᠯᠢ ᠰᠢᠳᠦᠯᠬᠡ | ᠂ ᠲᠤᠲ᠋ᠧᠮ ᠰᠢᠳᠦᠯᠬᠡ᠂ ᠡᠪᠦᠭᠡ ᠲᠡᠬᠡᠳᠦᠰ ᠤᠨ ᠰᠢᠳᠦᠯᠬᠡ᠂ ᠪᠦᠬᠡ ᠮᠦᠷᠭᠦᠯ᠂ ᠰᠦᠯᠳᠠ ᠶᠢᠨ ᠰᠢᠳᠦᠯᠬᠡ ᠵᠡᠷᠬᠡ | ᠤᠯᠠᠨ ᠵᠦᠢᠯ ᠤᠨ ᠰᠢᠳᠦᠯᠬᠡ ᠪᠢᠰᠢᠷᠠᠯ ᠤᠨ ᠰᠤᠶᠤᠯ ᠤᠨ ᠤᠯᠠᠮᠵᠢᠯᠠᠯ ᠤᠨ ᠤᠯᠪᠠᠭ᠎ᠠ ᠲᠠᠢ ᠪᠦᠬᠡᠳ ᠰᠡᠭᠦᠯ ᠦᠶ᠎ᠡ | ᠳᠤ ᠪᠤᠷᠬᠠᠨ ᠱᠠᠰᠢᠨ ᠤ ᠨᠢᠬᠡᠨ ᠲᠦᠪ ᠪᠤᠯᠵᠦ ᠭᠦᠭᠵᠢᠳᠡᠯᠡ ᠶᠡᠷᠦ ᠨᠢ ᠱᠠᠰᠢᠨ ᠰᠢᠳᠦᠯᠬᠡ ᠶᠢ ᠬᠤᠯᠠᠳᠠᠭᠤᠯᠵᠦ | ᠵᠠᠶᠢᠳᠠᠭ᠎ᠠ ᠦᠬᠡᠢ ᠨᠤᠳᠤᠭ ᠪᠢᠯᠡ᠃ ᠡᠶᠢᠮᠦᠷᠭᠦᠦ ᠤᠨᠴᠠᠯᠢᠭ ᠤᠨ ᠪᠤᠳᠠᠳᠠᠢ ᠢᠯᠡᠷᠡᠯ ᠨᠢ ᠵᠦᠪᠬᠡᠨ ᠰᠠᠶ᠋ᠢ ᠶᠢᠨ | ᠲᠤᠷᠠᠳᠤᠭᠰᠠᠨ ᠮᠠᠳᠦ ᠲᠡᠳᠡᠬᠡᠷ ᠮᠦᠷᠭᠦᠯ ᠰᠢᠳᠦᠯᠬᠡ ᠪᠠ ᠱᠠᠰᠢᠨ ᠤ ᠦᠢᠯᠡ ᠶᠠᠪᠤᠳᠠᠯ ᠳᠤ ᠲᠤᠰᠬᠠᠭᠳᠠᠵᠦ ᠪᠠᠶᠢᠬᠤ | ᠪᠠᠷ ᠦᠯᠦ ᠪᠠᠷᠠᠮ ᠭᠦᠷᠢᠶ᠎ᠡ ᠨᠤᠳᠤᠭ ᠤᠨ ᠵᠠᠰᠠᠭ ᠵᠠᠬᠢᠷᠭᠠᠨ ᠤ ᠪᠠᠶᠢᠭᠤᠯᠤᠯ ᠪᠠ ᠬᠠᠮᠢᠶᠠᠷᠤᠯᠳᠠ ᠶᠢᠨ ᠲᠦᠷᠢᠮ | ᠲᠤᠭᠳᠠᠯᠴᠠᠭ᠎ᠠ ᠵᠢᠴᠢ ᠨᠡᠶᠢᠬᠡᠮ ᠨᠡᠶᠢᠳᠠ ᠶᠢᠨ ᠪᠠᠶᠠᠳᠦ ᠰᠤᠶᠤᠯ ᠪᠤᠯᠤᠨ ᠪᠠᠶᠠᠳᠦ ᠪᠤᠰᠤ ᠰᠤᠶᠤᠯ ᠤᠨ ᠠᠯᠢ ᠨᠢᠬᠡᠨ | ᠲᠠᠯ᠎ᠠ ᠳᠤᠨᠢ ᠴᠦ ᠪᠦᠷ ᠱᠠᠰᠢᠨ ᠰᠢᠳᠦᠯᠬᠡ ᠶᠢᠨ ᠦᠩᠬᠡ ᠪᠤᠳᠤᠭ ᠠᠳᠠᠯᠢ ᠪᠤᠰᠤ ᠬᠡᠮᠵᠢᠶ᠎ᠡ ᠬᠠᠷᠠᠭᠤᠯᠤᠭᠳᠠᠵᠦ | ᠪᠠᠶᠢᠭ᠎ᠠ ᠶᠤᠮ᠃ ᠡᠨᠡ ᠲᠤᠬᠠᠢ ᠲᠤᠤᠷᠠᠬᠢ ᠮᠠᠳᠦ ᠵᠢᠱᠢᠶ᠎ᠡ ᠨᠦᠭᠦᠳ ᠠᠴᠠ ᠮᠠᠰᠢ ᠬᠢᠯᠪᠡᠷᠬᠠᠨ ᠨᠤᠳᠠᠯᠠᠨ ᠤᠶᠢᠯᠠᠭᠠᠵᠦ | ᠪᠤᠯᠬᠤ ᠪᠠᠶᠢᠬ᠎ᠠ᠃ ᠤᠯᠠᠨ ᠤ ᠮᠡᠳᠡᠬᠡᠵᠢ ᠪᠠᠷ ᠭᠦᠷᠢᠶ᠎ᠡ ᠬᠤᠰᠢᠭᠤ ᠪᠤᠯ ᠴᠢᠩ ᠤᠯᠤᠰ ᠤᠨ ᠦᠶ᠎ᠡ ᠳᠤ ᠮᠤᠩᠭᠤᠯ | ᠤᠷᠤᠨ ᠳᠤ ᠪᠠᠶᠢᠭᠤᠯᠤᠭᠳᠠᠭᠰᠠᠨ 7 ᠯᠠᠮᠠ ᠶᠢᠨ ᠬᠤᠰᠢᠭᠤᠨ ᠤ ᠨᠢᠬᠡ ᠨᠢ ᠪᠤᠯᠬᠤ ᠰᠢᠷᠡᠬᠡᠳᠦ ᠭᠦᠷᠢᠶ᠎ᠡ ᠵᠠᠰᠠᠭ | ᠲᠡᠷᠢᠭᠦᠨ ᠯᠠᠮᠠ ᠶᠢᠨ ᠬᠤᠰᠢᠭᠤ ᠠᠴᠠ ᠢᠷᠡᠯᠳᠠᠢ ᠮᠦᠷᠳᠡᠬᠡᠨ ᠬᠠᠮᠤᠭ ᠠᠴᠠ ᠠᠩᠬ᠎ᠠ ᠪᠠᠶᠢᠭᠤᠯᠤᠭᠳᠠᠵᠦ᠂ ᠲᠤᠬᠠᠢ | ᠦᠶ᠎ᠡ ᠶᠢᠨ ᠦᠪᠦᠷ ᠵᠠᠰᠠᠭ ᠮᠤᠩᠭᠤᠯ ᠤᠷᠤᠨ ᠳᠠᠬᠢ ᠴᠤᠷ ᠤᠨ ᠭᠠᠭᠴᠠ ᠯᠠᠮᠠ ᠶᠢᠨ ᠬᠤᠰᠢᠭᠤ ᠳᠤ ᠲᠤᠭᠠᠴᠠᠭᠳᠠᠵᠦ | ᠪᠠᠶᠢᠯ᠎ᠠ᠃ ᠰᠢᠷᠡᠬᠡᠳᠦ ᠭᠦᠷᠢᠶ᠎ᠡ ᠬᠤᠰᠢᠭᠤᠨ ᠳᠤ ᠵᠠᠰᠠᠭ ᠲᠠᠷᠢᠭᠦᠨ ᠯᠠᠮᠠ ᠨᠢ ᠬᠤᠰᠢᠭᠤ ᠨᠤᠳᠤᠭ ᠤᠨ ᠱᠠᠰᠢᠨ | ᠲᠦᠷᠦ ᠶᠢᠨ ᠬᠠᠮᠤᠭ ᠤᠨ ᠲᠡᠬᠡᠳᠦ ᠡᠷᠬᠡ ᠶᠢ ᠠᠳᠬᠤᠵᠦ᠂ ︽ᠲᠦᠷᠦ ᠱᠠᠰᠢᠨ ᠢ ᠬᠠᠮᠳᠤᠳᠬᠠᠭᠰᠠᠨ︾ ᠪᠤᠳᠤᠯᠭ᠎ᠠ | ᠶᠢ ᠬᠡᠷᠡᠭᠵᠢᠭᠦᠯᠵᠦ ᠪᠠᠶᠢᠪᠠ᠃ ᠲᠡᠤᠬᠡᠨ ᠳᠤ ᠭᠦᠷᠢᠶ᠎ᠡ ᠨᠤᠳᠤᠭ ᠲᠤ ᠬᠡᠳᠦᠨ ᠠᠷᠪᠠᠨ ᠰᠦᠮ᠎ᠡ ᠬᠡᠶᠢᠳ ᠲᠠᠢ ᠪᠠᠶᠢᠵᠦ᠂ | ᠨᠤᠳᠤᠭ ᠤᠨ ᠢᠷᠬᠡᠳ ᠲᠡᠷᠡ ᠪᠦᠭᠦᠨ ᠢᠶᠠᠷ ᠢᠶᠠᠨ ᠲᠡᠳᠡᠬᠡᠷ ᠰᠦᠮ᠎ᠡ ᠬᠡᠶᠢᠳ ᠤᠨ ᠬᠠᠷᠢᠶ᠎ᠠ ᠠᠯᠪᠠᠳᠦ ᠪᠠᠶᠢᠵᠦ | ᠪᠠᠶᠢᠭᠰᠠᠨ ᠪᠢᠯᠡ᠃ ᠪᠠᠰᠠ ᠨᠢᠬᠡᠨ ᠰᠤᠨᠢᠷᠬᠠᠯᠳᠠᠢ ᠤᠨᠴᠠᠯᠢᠭᠳᠠᠬᠤ ᠵᠢᠱᠢᠶ᠎ᠡ ᠬᠡᠪᠡᠯ᠂ ᠭᠦᠷᠢᠶ᠎ᠡ ᠬᠤᠰᠢᠭᠤ ᠤᠤᠯ | ᠵᠠᠰᠠᠭ ᠯᠠᠮᠠ ᠶᠢᠨ ᠬᠤᠰᠢᠭᠤ ᠪᠠᠶᠢᠭᠰᠠᠨ ᠪᠦᠬᠡᠳ ᠨᠢᠬᠡ ᠦᠶ᠎ᠡ ᠪᠦᠭᠦᠶᠢᠯᠡ ᠵᠡᠭᠦᠨ ᠮᠤᠩᠭᠤᠯ ᠤᠷᠤᠨ ᠤ ᠪᠤᠷᠬᠠᠨ ᠤ | ᠱᠠᠰᠢᠨ ᠤ ᠲᠦᠪ ᠪᠤᠯᠵᠦ ᠪᠠᠶᠢᠭᠰᠠᠨ ᠮᠦᠷᠳᠡᠬᠡᠨ ᠲᠤᠰ ᠬᠤᠰᠢᠭᠤᠨ ᠨᠤᠳᠤᠭ ᠲᠤ ᠪᠦᠬᠡ ᠮᠦᠷᠭᠦᠯ ᠤᠨ ᠤᠯᠠᠮᠵᠢᠯᠠᠯ | ᠶᠡᠷᠦ ᠨᠢ ᠲᠠᠰᠤᠯᠳᠠᠭ᠎ᠠ ᠦᠬᠡᠢ ᠤᠷᠤᠰᠢᠨ ᠭᠦᠭᠵᠢᠭᠰᠡᠬᠡᠷ ᠪᠠᠶᠢᠪᠠ᠂ ᠲᠠᠳᠤᠢ ᠪᠢᠰᠢ ᠬᠠᠷᠢᠨ ᠬᠤᠶᠠᠷ ᠵᠦᠢᠯ ᠤᠨ | ᠱᠠᠰᠢᠨ ᠰᠢᠳᠦᠯᠬᠡ ᠨᠢ ᠬᠠᠷᠢᠯᠴᠠᠨ ᠨᠠᠪᠴᠢᠨ ᠨᠦᠯᠦᠬᠡᠯᠡᠯᠴᠡᠵᠦ᠂ ᠨᠦᠭᠦᠬᠡ ᠡᠳᠡᠬᠡᠳ ᠠᠴᠠ ᠪᠠᠨ ᠤᠯᠠᠨ ᠲᠠᠯ᠎ᠠ ᠶᠢ | ᠰᠢᠩᠬᠡᠨ ᠠᠪᠴᠦ ᠵᠡᠷᠬᠡᠪᠡᠷ ᠤᠷᠤᠰᠢᠨ ᠭᠦᠭᠵᠢᠵᠦ ᠪᠠᠶᠢᠭᠰᠠᠨ ᠨᠢ ᠭᠠᠶᠢᠬᠠᠯᠳᠠᠢ ᠨᠢᠬᠡᠨ ᠦᠵᠡᠭᠳᠡᠯ ᠶᠤᠮ᠃ ᠬᠡᠯᠡᠪᠡᠯ᠂ | ᠭᠦᠷᠢᠶ᠎ᠡ ᠬᠤᠰᠢᠭᠤᠨ ᠤ ᠲᠡᠤᠬᠡᠨ ᠳᠤ ᠪᠦᠬᠡ ᠮᠦᠷᠭᠦᠯ ᠪᠤᠯᠤᠨ ᠰᠢᠷ᠎ᠠ ᠶᠢᠨ ᠱᠠᠰᠢᠨ ᠤ ᠬᠤᠭᠤᠷᠤᠨᠳᠦ ᠬᠠᠷᠢᠯᠴᠠᠨ | ᠦᠷᠢᠰᠦᠯᠳᠦᠨ ᠲᠠᠮᠠᠴᠠᠯᠳᠦᠭᠰᠡᠨ ᠦᠢᠯᠡ ᠬᠡᠷᠡᠭ ᠤᠨ ᠵᠢᠱᠢᠶ᠎ᠡ ᠪᠠᠶᠢᠭ᠎ᠠ᠃ ᠬᠡᠳᠡᠯ᠎ᠡ ᠡᠴᠤᠰ ᠲᠡᠭᠡᠨ ᠶᠠᠭᠠᠬᠢᠭᠠᠳ | ᠲᠡᠶᠢᠮᠦᠷᠭᠦᠦ ᠬᠠᠷᠢᠯᠴᠠᠨ ᠡᠪᠰᠡᠭᠰᠡᠨ ᠳ᠋ᠦᠩ ᠳᠤ ᠭᠦᠷᠦᠭᠰᠡᠨ ᠪᠤᠢ︖ ᠬᠡᠭᠦ ᠳᠤ ᠡᠨᠡ ᠪᠦᠭᠦᠨ ᠨᠢ ᠶᠠᠷᠢᠶᠠᠨ ᠦᠬᠡᠢ | ᠠᠷᠠᠳ ᠢᠷᠬᠡᠳ ᠤᠨ ᠰᠢᠳᠦᠯᠬᠡ ᠪᠢᠰᠢᠷᠠᠯ ᠤᠨ ᠰᠤᠶᠤᠯ ᠰᠡᠳᠬᠢᠯ ᠤᠨ ᠤᠨᠴᠠᠯᠢᠭ ᠲᠤ ᠲᠠᠶᠢᠯᠪᠦᠷᠢᠯᠠᠭᠳᠠᠬᠤ ᠯᠡ | ᠪᠢᠵᠠ ᠳ᠋ᠠ︕ ᠬᠡᠭᠦᠯᠡᠷ ᠭᠦᠷᠢᠶ᠎ᠡ ᠶᠢᠨ ᠠᠷᠠᠳ ᠤᠨ ᠤᠯᠠᠮᠵᠢᠯᠠᠯᠳᠦ ᠰᠤᠶᠤᠯ ᠳᠤ ᠱᠠᠰᠢᠨ ᠰᠢᠳᠦᠯᠬᠡ ᠶᠢᠨ ᠦᠩᠬᠡ | ᠪᠤᠳᠤᠭ ᠮᠠᠰᠢ ᠭᠦᠨ ᠵᠤᠵᠠᠭᠠᠨ ᠪᠠᠶᠢᠳᠠᠭ᠃ ᠲᠤᠬᠠᠶᠢᠯᠠᠪᠠᠯ᠂ ᠠᠨᠳᠠᠢ ᠪᠦᠵᠢᠭ ᠤᠨ ᠤᠯᠠᠮᠵᠢᠯᠠᠯ ᠠᠴᠠ ᠠᠷᠠᠳ ᠤᠨ | ᠲᠠᠭᠤᠤ ᠭᠦᠭᠵᠢᠮ᠂ ᠤᠳᠬ᠎ᠠ ᠵᠤᠬᠢᠶᠠᠯ ᠵᠢᠴᠢ ᠠᠷᠠᠳ ᠤᠨ ᠵᠠᠩ ᠦᠢᠯᠡ ᠵᠡᠷᠬᠡ ᠤᠯᠠᠨ ᠲᠠᠯ᠎ᠠ ᠶᠢ ᠬᠠᠮᠤᠷᠤᠭᠰᠠᠨ | ᠬᠡᠪᠴᠢᠶᠠᠨ ᠳᠤ ᠴᠦᠮ ᠱᠠᠰᠢᠨ ᠰᠢᠳᠦᠯᠬᠡ ᠳᠤ ᠬᠤᠯᠪᠤᠭᠳᠠᠬᠤ ᠢᠮ ᠲᠡᠮᠳᠡᠭ ᠲᠤᠷᠠᠶᠢᠮ᠎ᠠ ᠬᠠᠷᠠᠭᠳᠠᠳᠠᠭ ᠪᠠᠶᠢᠨ᠎ᠠ᠃ | ᠲᠠᠪᠤ ᠰᠤᠶᠤᠯ ᠤᠨ ᠤᠷᠤᠨ ᠪᠦᠰᠠ ᠶᠢᠨ ᠢᠯᠠᠭᠠᠯ ᠤᠨ ᠤᠨᠴᠠᠯᠢᠭ | ᠤᠷᠴᠢᠨ ᠤᠳᠦ ᠦᠶ᠎ᠡ ᠶᠢᠨ ᠭᠦᠷᠢᠶ᠎ᠡ ᠨᠤᠳᠤᠭ ᠤᠨ ᠰᠤᠶᠤᠯ ᠤᠨ ᠤᠷᠤᠨ ᠢ ᠨᠠᠷᠢᠨ ᠠᠵᠢᠭᠯᠠᠪᠠᠯ᠂ ᠲᠤᠳᠤᠷ᠎ᠠ | ᠨᠢ ᠪᠠᠰᠠ ᠵᠤᠬᠢᠬᠤ ᠬᠡᠮᠵᠢᠶᠡᠨ ᠤ ᠢᠯᠭᠠᠭ᠎ᠠ ᠪᠦᠭᠦᠢ ᠰᠤᠶᠤᠯ ᠤᠨ ᠲᠤᠭᠤᠷᠢᠭ ᠤᠨ ᠤᠷᠤᠨ ᠵᠠᠢ ᠶᠢᠨ ᠤᠨᠴᠠᠯᠢᠭ ᠲᠠᠢ | ᠬᠤᠪᠢᠶᠠᠷᠢ ᠢᠯᠡᠷᠡᠯ ᠪᠠᠶᠢᠬᠤ ᠶᠢ ᠤᠯᠵᠦ ᠬᠠᠷᠠᠨ᠎ᠠ᠃ ᠬᠡᠭᠦ ᠳᠡᠭᠡᠨ ᠠᠳᠠ ᠭᠤᠤᠯᠳᠠᠭᠤ ᠦᠨᠳᠦᠰᠦᠳᠠᠨ ᠤ ᠭᠦᠮᠦᠨ | ᠠᠮᠠ ᠶᠢᠨ ᠲᠠᠷᠬᠠᠯᠳᠠ ᠶᠢᠨ ᠤᠷᠤᠨ ᠵᠠᠢ ᠶᠢᠨ ᠢᠯᠭᠠᠯ ᠪᠠ ᠪᠠᠶᠢᠭᠠᠯᠢ ᠭᠠᠵᠠᠷ ᠵᠦᠢ ᠶᠢᠨ ᠤᠷᠴᠢᠨ ᠠᠬᠤᠢ ᠶᠢᠨ | ᠤᠷᠤᠨ ᠪᠦᠰᠠ ᠶᠢᠨ ᠢᠯᠭᠠᠯ ᠤᠨ ᠤᠨᠴᠠᠯᠢᠭ ᠢᠶᠠᠷ ᠵᠢᠱᠢᠶᠡᠯᠠᠭᠦ ᠶᠢ ᠪᠤᠳᠤᠯᠬᠢᠯᠠᠪᠠ᠃ ᠭᠦᠷᠢᠶ᠎ᠡ ᠬᠤᠰᠢᠭᠤᠨ ᠤ 8 | ᠰᠤᠮᠤ ᠪᠠᠯᠭᠠᠰᠤ ᠶᠢᠨ ᠲᠤᠳᠤᠷ᠎ᠠ ᠯᠢᠦ ᠵᠢᠶᠠ ᠽᠢ ︵ᠵᠢᠷᠭᠤᠭᠠᠨ ᠬᠡᠷ︶ ᠪᠤᠯᠤᠨ ᠺᠧᠦ ᠾᠧ ᠽᠢ ︵ᠭᠦᠭᠦᠨ︶ | ᠪᠠᠯᠭᠠᠰᠦ ᠶᠢᠨ ᠴᠤᠯ ᠮᠤᠩᠭᠤᠯ ᠪᠤᠶᠦ ᠬᠢᠳᠡᠳ ᠮᠤᠩᠭᠤᠯ ᠦᠨᠳᠦᠰᠦᠳᠠᠨ ᠬᠤᠯᠢᠯᠳᠦᠨ ᠰᠠᠭᠤᠷᠢᠰᠢᠭᠰᠠᠨ 5 ᠭᠠᠴᠠᠭ᠎ᠠ | ᠠᠴᠠ ᠪᠤᠰᠤᠳ 67 ᠭᠠᠴᠠᠭ᠎ᠠ ᠲᠤᠰᠬᠤᠨ ᠪᠠ ᠭᠦᠷᠢᠶ᠎ᠡ ᠪᠠᠯᠭᠠᠰᠤᠨ ᠤ ᠭᠦᠷᠢᠶ᠎ᠡ ᠵᠡᠬᠡᠯᠢ ᠬᠢᠬᠡᠳ ᠨᠡᠶᠢᠳᠠ 55 | ᠭᠠᠴᠠᠭ᠎ᠠ ᠲᠤᠰᠬᠤᠨ ᠤ ᠲᠤᠳᠤᠷᠠᠬᠢ 4 ᠲᠤᠰᠬᠤᠨ ᠳᠤ ᠬᠢᠳᠡᠳ ᠦᠨᠳᠦᠰᠦᠳᠡᠨ ᠲᠦᠪᠯᠡᠷᠡᠨ ᠰᠠᠭᠤᠷᠢᠰᠢᠵᠦ ᠪᠠᠶᠢᠭ᠎ᠠ | ᠠᠴᠠ ᠭᠠᠳᠠᠨ᠎ᠠ ᠪᠤᠰᠤᠳ ᠤᠷᠤᠨ ᠳᠤᠨᠢ ᠴᠦᠮ ᠮᠤᠩᠭᠤᠯᠴᠤᠳ ᠲᠦᠪᠯᠡᠷᠡᠨ ᠰᠠᠭᠤᠷᠢᠰᠢᠵᠦ ᠪᠠᠶᠢᠳᠠᠭ᠃ ᠡᠨᠡ ᠮᠡᠳᠦ | ᠠᠳᠠᠯᠢ ᠪᠤᠰᠤ ᠦᠨᠳᠦᠰᠦᠳᠠᠨ ᠤ ᠭᠦᠮᠦᠨ ᠠᠮᠠ ᠶᠢᠨ ᠲᠠᠷᠬᠠᠯᠳᠠ ᠶᠢᠨ ᠢᠯᠭᠠᠯ ᠳᠤ ᠰᠢᠯᠳᠠᠭᠯᠠᠭᠳᠠᠨ ᠬᠢᠳᠡᠳ | ᠦᠨᠳᠦᠰᠦᠳᠠᠨ ᠲᠦᠪᠯᠡᠷᠡᠨ ᠰᠠᠭᠤᠷᠢᠰᠢᠵᠦ ᠪᠦᠭᠦᠢ ᠤᠷᠤᠨ ᠵᠠᠢ ᠶᠢᠨ ᠬᠡᠪᠴᠢᠶᠠᠨ ᠳᠤᠨᠢ ᠬᠠᠷᠢᠴᠠᠩᠭᠤᠢ ᠬᠢᠳᠡᠳ | ᠰᠤᠶᠤᠯ ᠤᠨ ᠤᠨᠴᠠᠯᠢᠭ ᠲᠤᠪᠤᠶᠢᠮ᠎ᠠ ᠢᠯᠡᠷᠡᠵᠦ᠂ ᠮᠤᠩᠭᠤᠯᠴᠤᠳ ᠲᠦᠪᠯᠡᠷᠡᠵᠦ ᠪᠠᠶᠢᠭ᠎ᠠ ᠤᠷᠤᠨ ᠵᠠᠢ ᠳᠤᠨᠢ | ᠮᠤᠩᠭᠤᠯ ᠰᠤᠶᠤᠯ ᠭᠤᠤᠯᠯᠠᠵᠦ ᠪᠤᠢ᠃ | ᠭᠦᠷᠢᠶ᠎ᠡ ᠬᠤᠰᠢᠭᠤᠨ ᠤ 4716 ᠠᠮᠠ ᠲᠦᠷᠪᠡᠯᠵᠢᠨ ᠺᠢᠯᠤᠮᠧᠲᠷ ᠨᠤᠳᠤᠭ ᠲᠠᠪᠢᠰᠬᠡᠷ ᠨᠢ ᠤᠯᠠᠨ | ᠳ᠋ᠦᠩᠰᠢᠭᠤᠷ ᠵᠢᠯ ᠤᠨ ᠲᠡᠷᠳᠡᠭᠡ ᠦᠶ᠎ᠡ ᠠᠴᠠ ᠨᠠᠭᠠᠰᠢᠬᠢ ᠠᠳᠠᠯᠢ ᠪᠤᠰᠤ ᠡᠷᠢᠨ ᠦᠶ᠎ᠡ ᠶᠢᠨ ᠡᠯ᠎ᠡ ᠵᠦᠢᠯ ᠤᠨ | ᠴᠢᠯᠠᠭᠤᠯᠢᠭ ᠲᠠᠪᠬᠤᠷᠭ᠎ᠠ ᠪᠠᠷ ᠪᠦᠷᠢᠯᠳᠦᠭᠰᠡᠨ ᠭᠠᠵᠠᠷ ᠤᠨ ᠲᠠᠪᠬᠤᠷᠭ᠎ᠠ ᠳᠤ ᠰᠠᠭᠤᠷᠢᠯᠠᠨ ᠶᠠᠩᠰᠢᠪ ᠤᠨ ᠭᠤᠤᠯ ᠢᠶᠠᠷ | ᠵᠠᠭᠠᠭᠯᠠᠨ ᠶᠡᠷᠦᠩᠬᠡᠢ ᠳᠡᠭᠡᠨ ᠠᠷᠦ᠂ ᠡᠮᠦᠨ᠎ᠡ ᠠᠳᠠᠯᠢ ᠪᠤᠰᠤ ᠬᠤᠶᠠᠷ ᠵᠦᠢᠯ ᠤᠨ ᠭᠠᠵᠠᠷ ᠤᠨ ᠭᠠᠳᠠᠷ ᠲᠦᠷᠰᠦ ᠶᠢᠨ | ᠤᠨᠴᠠᠯᠢᠭ ᠲᠠᠢ ᠤᠷᠤᠨ ᠪᠦᠰᠠ ᠶᠢᠨ ᠢᠯᠭᠠᠭ᠎ᠠ ᠲᠦᠷᠦᠭᠳᠡᠵᠡᠢ᠃ ᠠᠷᠦ ᠬᠡᠰᠡᠭ ᠨᠢ ᠡᠯᠡᠰᠦᠨ ᠲᠤᠪᠤᠴᠠᠭ ᠨᠠᠮᠤᠭᠳᠦ | ᠤᠨᠴᠠᠯᠢᠭ ᠢᠶᠠᠷ ᠭᠤᠤᠯᠯᠠᠭᠤᠯᠵᠦ᠂ ᠡᠮᠦᠨ᠎ᠡ ᠬᠡᠰᠡᠭ ᠨᠢ ᠪᠤᠭᠤᠨᠢ ᠠᠭᠤᠯᠠ ᠲᠤᠪᠤᠴᠠᠭ ᠪᠠ ᠰᠢᠷ᠎ᠠ ᠰᠢᠷᠤᠶᠢᠳᠠᠢ | ᠲᠤᠪᠤᠴᠠᠭᠳᠦ ᠭᠠᠳᠠᠷ ᠲᠦᠷᠰᠦ ᠶᠢᠨ ᠤᠨᠴᠠᠯᠢᠭ ᠲᠠᠢ ᠪᠤᠯᠵᠦ ᠪᠦᠷᠢᠯᠳᠦᠨ ᠲᠤᠭᠳᠠᠭᠰᠠᠨ ᠪᠠᠶᠢᠨ᠎ᠠ᠃ ᠬᠤᠶᠠᠷ ᠪᠦᠰᠠ | ᠨᠤᠳᠤᠭ ᠤᠨ ᠴᠠᠭ ᠠᠭᠠᠷ᠂ ᠤᠰᠦ ᠰᠢᠷᠤᠢ᠂ ᠤᠷᠭᠤᠮᠠᠯ ᠬᠤᠴᠢᠯᠭ᠎ᠠ᠂ ᠠᠭᠤᠷᠬᠠᠢ ᠪᠤᠯᠠᠭᠳᠠᠴᠠ᠂ ᠠᠮᠢᠳᠠᠨ | ᠭᠤᠤᠯᠳᠠᠨ ᠤ ᠪᠠᠶᠢᠴᠠ ᠨᠢ ᠴᠦ ᠬᠠᠷᠢᠯᠴᠠᠨ ᠠᠷᠠᠢ ᠦᠬᠡᠷ᠎ᠡ ᠢᠯᠡᠷᠡᠯ ᠲᠠᠢ ᠪᠠᠶᠢᠳᠠᠭ᠃ ᠡᠶᠢᠮᠦᠷᠭᠦᠦ ᠪᠠᠶᠢᠭᠠᠯᠢ ᠭᠠᠵᠠᠷ | ᠵᠦᠢ ᠶᠢᠨ ᠠᠳᠠᠯᠢ ᠪᠤᠰᠤ ᠨᠤᠳᠤᠭ ᠤᠷᠤᠨ ᠳᠤ ᠬᠤᠪᠢᠶᠠᠭᠳᠠᠨ ᠠᠵᠦ ᠲᠦᠷᠦᠵᠦ ᠠᠮᠢᠳᠤᠷᠠᠵᠦ ᠢᠷᠡᠭᠰᠡᠨ | ᠮᠤᠩᠭᠤᠯᠴᠤᠳ ᠤᠨ ᠦᠢᠯᠡᠳᠪᠦᠷᠢᠯᠡᠯ᠂ ᠠᠮᠢᠳᠤᠷᠠᠯ ᠤᠨ ᠠᠷᠭ᠎ᠠ ᠬᠡᠯᠪᠡᠷᠢ ᠪᠠ ᠲᠡᠳᠡᠬᠡᠷ ᠬᠢᠨᠢ ᠦᠬᠡᠷᠡᠳᠦᠯ ᠬᠤᠪᠢᠷᠠᠯ | ᠨᠢ ᠭᠦᠷᠳᠡᠯ᠎ᠡ ᠬᠤᠭᠤᠷᠤᠨᠳᠦ ᠪᠠᠨ ᠵᠤᠬᠢᠬᠤ ᠢᠯᠭᠠᠭ᠎ᠠ ᠤᠨᠴᠠᠯᠢᠭ ᠲᠠᠢ ᠪᠤᠯᠬᠤᠷ ᠤᠯᠠᠨ ᠵᠢᠯ ᠤᠨ ᠲᠤᠷᠰᠢᠳᠠ | ᠬᠤᠶᠠᠷ ᠤᠷᠤᠨ ᠨᠤᠳᠤᠭ ᠤᠨ ᠰᠤᠶᠤᠯ ᠤᠨ ᠲᠠᠯ᠎ᠠ ᠳᠤ ᠡᠳᠦᠢ ᠲᠡᠳᠦᠢ ᠢᠯᠭᠠᠭᠳᠠᠬᠤ ᠦᠪᠡᠷᠮᠢᠴᠡ ᠤᠨᠴᠠᠯᠢᠭ ᠲᠠᠢ | ᠪᠤᠯᠤᠭᠰᠠᠨ ᠪᠠᠶᠢᠨ᠎ᠠ᠃ ᠵᠢᠱᠢᠶᠡᠯᠡᠪᠡᠯ᠂ ᠡᠮᠦᠨ᠎ᠡ ᠬᠡᠰᠡᠭ ᠬᠢᠨ ᠨᠢ ᠨᠡᠯᠢᠶᠡᠳ ᠡᠷᠳᠡ ᠠᠴᠠ ᠨᠠᠷᠢᠯᠢᠭ ᠲᠠᠷᠢᠶᠠᠯᠠᠩ | ᠡᠵᠡᠩᠨᠡᠨ ᠡᠬᠢᠯᠡᠭᠰᠡᠨ ᠪᠦᠬᠡᠳ ᠤᠰᠦ ᠰᠢᠷᠤᠢ ᠶᠢᠨ ᠤᠨᠴᠠᠯᠢᠭ ᠠᠴᠠ ᠪᠤᠯᠵᠦ ᠲᠠᠷᠢᠶᠠᠯᠠᠵᠦ ᠡᠳ᠋ᠯᠡᠭᠦ ᠠᠮᠤ ᠪᠤᠳᠠᠭ᠎ᠠ | ᠪᠤᠯᠤᠨ ᠢᠳᠡᠬᠡᠨ ᠤᠮᠳᠠᠭᠠᠨ ᠤ ᠲᠦᠷᠦᠯ ᠵᠦᠢᠯ ᠨᠢ ᠴᠦ ᠠᠷᠦ ᠬᠡᠰᠡᠭ ᠤᠨ ᠮᠤᠩᠭᠤᠯᠴᠤᠳ ᠬᠢ ᠠᠴᠠ ᠪᠠᠨ ᠠᠷᠠᠢ | ᠦᠬᠡᠷ᠎ᠡ ᠪᠠᠶᠢᠳᠠᠭ᠃ ᠠᠷᠦ ᠬᠡᠰᠡᠭ ᠤᠨ ᠮᠤᠩᠭᠤᠯᠴᠤᠳ ᠨᠢ ᠤᠶᠢᠷᠠᠬᠠᠨ ᠪᠤᠯᠳᠠᠯ᠎ᠠ ᠮᠠᠯᠵᠢᠬᠤ ᠪᠠᠷ ᠭᠤᠤᠯᠯᠠᠭᠤᠯᠵᠦ | ᠪᠠᠶᠢᠭᠰᠠᠨ ᠪᠤᠯᠬᠤᠷ ᠲᠠᠷᠢᠶᠠᠯᠠᠩ ᠳᠤ ᠨᠡᠯᠢᠶᠡᠳ ᠤᠷᠤᠢ ᠰᠠᠶ᠋ᠢ ᠬᠠᠪᠢᠳᠠᠵᠦ ᠡᠬᠢᠯᠡᠭᠰᠡᠨ ᠪᠦᠬᠡᠳ ᠲᠤᠬᠠᠢ ᠶᠢᠨ ᠭᠠᠵᠠᠷ | ᠤᠷᠤᠨ ᠤ ᠤᠰᠦ ᠰᠢᠷᠤᠢ ᠶᠢᠨ ᠨᠦᠭᠦᠴᠡᠯ ᠠᠴᠠ ᠪᠤᠯᠵᠦ ᠭᠤᠤᠯᠯᠠᠨ ᠲᠠᠷᠢᠶᠠᠯᠠᠬᠤ ᠵᠦᠢᠯ ᠪᠠ ᠢᠳᠡᠬᠡᠨ ᠤᠮᠳᠠᠭᠠᠨ ᠤ | ᠪᠦᠳᠦᠴᠡ ᠵᠡᠷᠬᠡ ᠨᠢ ᠴᠦ ᠦᠪᠡᠷᠮᠢᠴᠡ ᠪᠠᠶᠢᠳᠠᠭ᠃ ᠲᠤᠬᠠᠶᠢᠯᠠᠪᠠᠯ᠂ ᠡᠮᠦᠨ᠎ᠡ ᠬᠡᠰᠡᠭ ᠤᠨ ᠮᠤᠩᠭᠤᠯᠴᠤᠳ | ᠬᠠᠷᠢᠴᠠᠩᠭᠤᠢ ᠰᠠᠭᠠᠭ ᠢᠯᠡᠭᠦᠦ ᠲᠠᠷᠢᠶᠠᠯᠠᠵᠦ᠂ ᠠᠷᠦ ᠬᠡᠰᠡᠭ ᠬᠢᠨ ᠨᠢ ᠬᠠᠷᠢᠨ ᠮᠤᠩᠭᠤᠯ ᠲᠠᠷᠢᠶ᠎ᠠ ᠪᠠᠷ | ᠭᠤᠤᠯᠯᠠᠭᠤᠯᠳᠠᠭ ᠬᠡᠭᠦ ᠮᠡᠳᠦ᠃ ᠬᠡᠷᠪᠡ ᠴᠠᠭᠠᠰᠢᠳᠠ ᠨᠠᠷᠢᠨ ᠬᠤᠪᠢᠶᠠᠨ ᠠᠵᠢᠭᠯᠠᠪᠠᠯ ᠬᠡᠯᠡ ᠶᠠᠷᠢᠶ᠎ᠠ᠂ ᠵᠠᠷᠢᠮ ᠵᠠᠩ | ᠦᠢᠯᠡ ᠶᠢᠨ ᠲᠠᠯ᠎ᠠ ᠳᠤ ᠪᠦᠷ ᠠᠳᠠᠯᠢ ᠪᠤᠰᠤ ᠬᠡᠮᠵᠢᠶᠡᠨ ᠤ ᠢᠯᠭᠠᠭ᠎ᠠ ᠤᠨᠴᠠᠯᠢᠭ ᠲᠠᠢ ᠪᠢᠯᠡ᠃ | ᠵᠢᠷᠭᠤᠭ᠎ᠠ ᠰᠢᠨ᠎ᠡ ᠤᠯᠠᠷᠢᠯ ᠬᠤᠪᠢᠷᠠᠯ ᠤᠨ ᠬᠠᠨᠳᠤᠰᠢ ᠬᠡᠯᠪᠡᠷᠢᠳᠦ ᠤᠨᠴᠠᠯᠢᠭ | ᠤᠷᠴᠢᠨ ᠤᠳᠦ ᠦᠶ᠎ᠡ ᠶᠢᠨ ᠲᠡᠤᠬᠡᠨ ᠱᠠᠳᠤᠨ ᠳᠤ ᠤᠷᠤᠭᠰᠠᠨ ᠠᠴᠠ ᠨᠠᠭᠠᠰᠢ ᠬᠤᠰᠢᠭᠤ ᠨᠤᠳᠤᠭ ᠤᠨ | ᠰᠤᠶᠤᠯ ᠤᠨ ᠭᠦᠭᠵᠢᠯ ᠬᠤᠪᠢᠷᠠᠯ ᠳᠤ ᠶᠠᠪᠤᠬᠤ ᠲᠤᠳᠤᠮ ᠢᠶᠠᠨ ᠢᠵᠠᠭᠤᠷ ᠤᠯᠠᠮᠵᠢᠯᠠᠯᠳᠦ ᠰᠤᠶᠤᠯ ᠠᠴᠠ ᠪᠠᠨ ᠠᠷᠠᠢ | ᠵᠠᠶᠢᠳᠠᠵᠦ ᠪᠦᠭᠦᠢ ᠬᠠᠨᠳᠤᠰᠢ ᠬᠡᠯᠪᠡᠷᠢᠯ ᠢᠯᠡᠷᠡᠵᠦ ᠪᠤᠢ᠃ ᠶᠠᠭᠤᠨ ᠤ ᠤᠷᠢᠳ᠂ ᠭᠦᠷᠢᠶ᠎ᠡ ᠶᠢᠨ ᠮᠤᠩᠭᠤᠯᠴᠤᠳ ᠤᠨ | ᠦᠨᠳᠦᠰᠦᠳᠠᠨ ᠤ ᠡᠬᠡ ᠬᠡᠯᠡ ᠪᠠᠨ ᠰᠤᠷᠴᠦ ᠬᠡᠷᠡᠭᠯᠡᠵᠦ ᠪᠠᠶᠢᠭ᠎ᠠ ᠪᠠᠶᠢᠳᠠᠯ ᠢᠶᠠᠷ ᠵᠢᠱᠢᠶᠡᠯᠡᠨ ᠠᠪᠴᠦ ᠦᠵᠡᠪᠡᠯ᠂ | ᠪᠦᠭᠦ ᠬᠤᠰᠢᠭᠤᠨ ᠤ ᠨᠠᠶᠢᠳᠠ ᠭᠦᠮᠦᠨ ᠠᠮᠠ ᠶᠢᠨ ᠲᠤᠳᠤᠷ᠎ᠠ ᠮᠤᠩᠭᠤᠯ ᠭᠦᠮᠦᠨ 60% ᠬᠤᠪᠢ ᠶᠢ ᠡᠵᠡᠯᠡᠵᠦ | ᠪᠠᠶᠢᠳᠠᠯ᠎ᠠ ᠬᠠᠷᠢᠨ ᠬᠡᠤᠬᠡᠳ ᠤᠨ ᠴᠡᠴᠡᠷᠯᠢᠭ ᠠᠴᠠ ᠠᠩᠬ᠎ᠠ ᠵᠡᠷᠬᠡ ᠶᠢᠨ ᠲᠤᠮᠳᠠᠳᠦ ᠰᠤᠷᠭᠠᠭᠤᠯᠢ ᠭᠦᠷᠳᠡᠯᠡᠬᠢ | ᠮᠤᠩᠭᠤᠯ ᠢᠶᠠᠷ ᠬᠢᠴᠢᠶᠡᠯᠯᠡᠭᠦ ᠰᠤᠷᠭᠠᠨ ᠭᠦᠮᠦᠵᠢᠯ ᠤᠨ ᠨᠢᠬᠡᠴᠢ ᠶᠢᠨ ᠲᠤᠭ᠎ᠠ ᠬᠡᠮᠵᠢᠶ᠎ᠡ ᠨᠢ ᠬᠢᠳᠡᠳ ᠢᠶᠠᠷ | ᠬᠢᠴᠢᠶᠡᠯᠯᠡᠭᠦ ᠰᠤᠷᠭᠠᠨ ᠭᠦᠮᠦᠵᠢᠯ ᠤᠨ ᠨᠢᠬᠡᠴᠡ ᠠᠴᠠ ᠲᠤᠳᠠᠭᠤ ᠪᠠᠶᠢᠳᠠᠭ ᠮᠦᠷᠳᠡᠬᠡᠨ ︽ᠮᠤᠩᠭᠤᠯ ᠬᠡᠤᠬᠡᠳ ᠤᠨ | ᠬᠢᠨᠢ 30% ᠭᠠᠷᠤᠢ ᠨᠢ ᠮᠤᠩᠭᠤᠯ ᠬᠡᠯᠡ ᠪᠢᠴᠢᠭ ᠢᠶᠠᠨ ᠬᠡᠬᠡᠭᠦ ᠬᠠᠶᠠᠬᠤ ᠵᠠᠮ ᠢᠶᠠᠷ ᠶᠠᠪᠤᠵᠦ ᠪᠠᠶᠢᠭ᠎ᠠ︾᠃ ﹇23 | ﹈ ᠡᠭᠦᠨ ᠠᠴᠠ ᠭᠠᠳᠠᠨ᠎ᠠ᠂ ᠮᠤᠩᠭᠤᠯ ᠢᠶᠠᠷ ᠠᠵᠢᠯᠯᠠᠬᠤ ᠴᠢᠬᠤᠯᠠᠳᠠᠢ ᠠᠯᠪᠠᠨ ᠪᠠᠶᠢᠭᠤᠯᠤᠯᠭ᠎ᠠ ᠨᠢᠬᠡᠴᠢ ᠳᠤ ᠠᠯᠪᠠ | ᠲᠠᠢ ᠮᠤᠩᠭᠤᠯᠴᠤᠳ ᠤᠨ ᠮᠤᠩᠭᠤᠯ ᠢᠶᠠᠷ ᠠᠵᠢᠯᠯᠠᠬᠤ ᠬᠠᠷᠢᠴᠠᠯ ᠴᠦ ᠬᠠᠷᠢᠴᠠᠩᠭᠤᠢ ᠪᠠᠭᠤᠷᠠᠵᠦ ᠪᠦᠭᠦᠢ ᠬᠠᠨᠳᠤᠰᠢ | ᠬᠡᠯᠪᠡᠷᠢᠯ ᠲᠠᠢ ᠪᠠᠶᠢᠨ᠎ᠠ᠃ ﹇24 ﹈ ᠲᠠᠷᠠᠭ᠎ᠠ ᠳᠤ ᠨᠢ ᠮᠤᠩᠭᠤᠯᠴᠤᠳ ᠤᠨ ᠢᠵᠠᠭᠤᠷ ᠮᠤᠩᠭᠤᠯ ᠵᠠᠩ ᠦᠢᠯᠡ | ᠪᠠᠨ ᠠᠯᠳᠠᠵᠦ ᠪᠦᠭᠦᠢ ᠦᠵᠡᠭᠳᠡᠯ ᠵᠦᠩᠳᠡᠬᠡᠨ ᠪᠠᠶᠢᠨ᠎ᠠ᠃ ᠲᠤᠬᠠᠶᠢᠯᠠᠪᠠᠯ᠂ ᠤᠷᠤᠭ ᠬᠤᠷᠢᠮ᠂ ᠤᠷᠤᠨ ᠰᠠᠭᠤᠴᠠ᠂ | ᠬᠡᠷ ᠤᠨ ᠬᠡᠷᠡᠭᠰᠡᠯ ᠪᠠ ᠵᠠᠰᠠᠯ ᠴᠢᠮᠡᠭᠯᠡᠯ᠂ ᠡᠮᠦᠰᠬᠡᠯ ᠵᠡᠭᠦᠯᠳᠠ᠂ ᠢᠳᠡᠬᠡᠨ ᠤᠮᠳᠠᠭᠠᠨ᠂ ᠠᠭᠠᠳᠤᠮ ᠲᠤᠭᠯᠠᠭᠠᠮ᠂ | ᠴᠡᠬᠡᠷ ᠶᠤᠰᠤᠨ᠂ ᠨᠡᠶᠢᠬᠡᠮ ᠤᠨ ᠬᠠᠷᠢᠴᠠᠭ᠎ᠠ ᠬᠡᠭᠦ ᠮᠡᠳᠦ ᠶᠢᠨ ᠤᠯᠠᠨ ᠲᠠᠯ᠎ᠠ ᠳᠤ ᠤᠯᠠᠮᠵᠢᠯᠠᠯᠳᠦ ᠵᠠᠩ ᠦᠢᠯᠡ ᠠᠴᠠ | ᠪᠠᠨ ᠵᠠᠶᠢᠳᠠᠵᠦ᠂ ᠬᠠᠷᠢ ᠶᠢᠨ ᠬᠢ ᠪᠤᠶᠦ ᠴᠠᠭ ᠦᠶ᠎ᠡ ᠶᠢᠨ ᠡᠯ᠎ᠡ ᠵᠦᠢᠯ ᠤᠨ ᠰᠤᠨᠢᠨ ᠬᠠᠴᠢᠨ ᠤᠷᠤᠰᠬᠠᠯ ᠤᠨ | ᠲᠦᠷᠢᠯᠳᠠ ᠳᠤ ᠶᠡᠬᠡᠳᠠ ᠬᠠᠶᠢᠯᠤᠭᠳᠠᠵᠦ᠂ ᠦᠪᠡᠷ ᠤᠨ ᠦᠨᠳᠦᠰᠦᠳᠠᠨ ᠤ ᠪᠠᠨ ᠰᠠᠶᠢᠨ ᠰᠠᠶᠢᠬᠠᠨ ᠢᠵᠠᠭᠤᠷ ᠰᠤᠶᠤᠯ | ᠤᠨ ᠦᠪ ᠢᠶᠠᠨ ᠦᠷᠬᠢᠨ ᠬᠡᠬᠡᠭᠳᠡᠭᠦᠯᠵᠦ ᠪᠤᠢ᠃ | ᠶᠠᠷᠢᠶᠠᠨ ᠦᠬᠡᠢ ᠢᠢᠮᠦᠷᠭᠦ ᠦᠵᠡᠭᠳᠡᠯ ᠨᠢ ᠭᠦᠷᠢᠶ᠎ᠡ ᠬᠤᠰᠢᠭᠤᠨ ᠳᠠᠬᠢ ᠪᠤᠰᠤᠳ ᠦᠨᠳᠦᠰᠦᠳᠠᠨ ᠨᠦᠭᠦᠳ ᠤᠨ | ᠲᠠᠯ᠎ᠠ ᠳᠤ ᠮᠦᠨ ᠠᠳᠠᠯᠢ ᠪᠤᠰᠤ ᠬᠡᠮᠵᠢᠶᠡᠨ᠎ᠡ ᠤᠷᠤᠰᠢᠨ ᠢᠯᠡᠷᠡᠵᠦ ᠪᠠᠶᠢᠭ᠎ᠠ᠃ ᠡᠨᠡ ᠲᠤᠬᠠᠢ ᠠᠳᠠ ᠨᠢᠬᠡᠳ ᠨᠢᠬᠡ | ᠪᠠᠷ ᠨᠢ ᠲᠡᠯᠬᠡᠷᠡᠭᠦᠯᠦᠨ ᠶᠠᠷᠢᠬᠤ ᠪᠠᠨ ᠪᠤᠯᠢᠶ᠎ᠠ᠃ | | ﹇23 ﹈ ﹇ 24﹈ ᠪ᠊᠂ ᠰᠤᠳᠦ ᠶᠢᠨ ᠡᠷᠬᠢᠯᠡᠨ ᠨᠠᠶᠢᠷᠠᠭᠤᠯᠤᠭᠰᠠᠨ᠄ ︽ᠭᠦᠷᠢᠶ᠎ᠡ ᠮᠤᠩᠭᠤᠯ ᠬᠡᠯᠡ ᠠᠮᠠᠨ | ᠶᠠᠷᠢᠶ᠎ᠠ ᠰᠤᠳᠤᠯᠤᠯ︾᠂ ᠦᠪᠦᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ᠂ 2013 ᠤᠨ ᠤ ᠬᠡᠪᠯᠡᠯ᠂ | 17 — 19 ᠂19 —24 ᠳ᠋ᠤᠬᠡᠷ ᠨᠢᠭᠤᠷ ᠲᠤ ᠯᠠᠪᠯᠠ᠃ |