ᠰᠢᠭᠦᠳᠠᠷᠢ ᠪᠠᠷ ᠮᠤᠷᠳᠠᠬᠤ ᠠᠬ᠎ᠠ ᠮᠢᠨᠢ
ᠨᠡᠶᠢᠲᠡᠯᠡᠭᠰᠡᠨ ᠴᠠᠭ᠄
2020-06-16
                          ᠡᠷᠭᠦᠨ᠎ᠡ    ᠬᠤᠯᠠ ᠶᠢᠨ ᠰᠠᠷᠠ ᠶᠢ ᠡᠪᠤᠷᠯᠡᠬᠡᠳ    ᠬᠤᠶᠠᠭᠤᠯᠠ ᠪᠠᠨ ᠵᠢᠷᠭᠠᠳᠠᠭ ᠬᠠᠶᠢᠷᠠᠳᠦ ᠮᠢᠨᠢ    ᠬᠤᠪᠳᠤᠯ ᠵᠢᠷᠦᠬᠡᠨ ᠳᠤ ᠦᠯᠡᠳᠡᠬᠡᠳ    ᠬᠤᠨᠤᠭ ᠲᠤᠳᠠᠭᠤ ᠠᠶᠠᠷᠯᠠᠳᠠᠭ ᠨᠠᠶᠢᠵᠠ ᠮᠢᠨᠢ      ᠰᠦᠨᠢ ᠶᠢᠨ ᠬᠠᠷᠠᠩᠭᠤᠢ ᠶᠢᠨ ᠲᠤᠮᠳᠠ    ᠰᠦᠯᠳᠠ ᠪᠤᠯᠤᠭᠰᠠᠨ ᠲᠤᠳᠤᠨᠤᠨ ᠠᠮᠠᠷᠠᠭ ᠮᠢᠨᠢ    ᠰᠢᠪᠡᠨᠡᠭᠡ ᠵᠤᠭᠤᠭ ᠬᠤᠭᠤᠰᠤᠷᠠᠭᠠᠳ    ᠰᠢᠭᠦᠳᠠᠷᠢ ᠪᠠᠷ ᠮᠤᠷᠳᠠᠬᠤ ᠠᠬ᠎ᠠ ᠮᠢᠨᠢ            ᠮᠠᠨᠳᠤᠬᠤ ᠨᠠᠷᠠ ᠶᠢ ᠰᠢᠩᠬᠡᠨ ᠰᠢᠩᠬᠡᠳᠡᠯ᠎ᠠ        ᠮᠠᠷᠳᠠᠯ ᠦᠬᠡᠢ ᠴᠢᠮ᠎ᠠ ᠪᠠᠨ ᠭᠦᠯᠢᠶᠡᠨ᠎ᠠ ᠳ᠋ᠠ        ᠮᠦᠩᠭᠦᠨ ᠰᠢᠭᠦᠳᠠᠷᠢ ᠪᠠᠷ ᠮᠦᠷᠦᠬᠡᠳᠦᠯ ᠤᠬᠢᠶᠠᠭᠠᠳ        ᠮᠢᠨᠤ ᠬᠠᠶᠢᠷᠠᠳᠠᠢ ᠠᠬ᠎ᠠ ᠲᠠᠬᠢᠭᠠᠳ ᠢᠷᠡᠬᠡᠷᠠᠢ      ᠦᠨᠦᠴᠢᠨ ᠰᠡᠳᠬᠢᠯ ᠢ ᠪᠦᠯᠢᠶᠡᠯᠡᠬᠡᠳ    ᠦᠷᠯᠦᠬᠡᠨ ᠤ ᠪᠤᠷᠬᠠᠨ ᠲᠠᠢ ᠵᠤᠯᠭᠠᠭᠤᠯᠳᠠᠭ    ᠦᠬᠢᠨ ᠪᠡᠶ᠎ᠡ ᠶᠢ ᠮᠢᠨᠢ ᠲᠠᠭᠠᠯᠠᠭᠠᠳ    ᠦᠷ᠎ᠡ ᠶᠢᠨ ᠵᠢᠷᠭᠠᠯ ᠡᠳ᠋ᠯᠡᠭᠦᠯᠦᠭᠰᠡᠨ ᠠᠬ᠎ᠠ ᠮᠢᠨᠢ        ᠮᠠᠨᠳᠤᠬᠤ ᠨᠠᠷᠠ ᠶᠢ ᠰᠢᠩᠬᠡᠨ ᠰᠢᠩᠬᠡᠳᠡᠯ᠎ᠠ        ᠮᠠᠷᠳᠠᠯ ᠦᠬᠡᠢ ᠴᠢᠮ᠎ᠠ ᠪᠠᠨ ᠭᠦᠯᠢᠶᠡᠨ᠎ᠠ ᠳ᠋ᠠ        ᠮᠦᠩᠭᠦᠨ ᠰᠢᠭᠦᠳᠠᠷᠢ ᠪᠠᠷ ᠮᠦᠷᠦᠬᠡᠳᠦᠯ ᠤᠬᠢᠶᠠᠭᠠᠳ        ᠮᠢᠨᠤ ᠬᠠᠶᠢᠷᠠᠳᠠᠢ ᠠᠬ᠎ᠠ ᠲᠠᠬᠢᠭᠠᠳ ᠢᠷᠡᠬᠡᠷᠠᠢ
 
ᠢᠷᠡᠯᠲᠡ᠄ ᠨᠤᠳᠤᠭ ᠤᠰᠤᠨ ᠤ ᠤᠷᠠᠨ ᠵᠤᠬᠢᠶᠠᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号