ᠲᠠᠮᠤ ᠶᠢᠨ ᠴᠠᠭᠠᠨ ᠮᠠᠩᠬ᠎ᠠ ᠶᠢᠨ ᠦᠵᠡᠮᠵᠢ ᠶᠢᠨ ᠣᠷᠣᠨ ᠤ ᠲᠣᠪᠴᠢ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2020/8/13
   ᠲᠠᠮᠤ ᠶᠢᠨ ᠴᠠᠭᠠᠨ ᠮᠠᠩᠬ᠎ᠠ ᠶᠢᠨ ᠦᠵᠡᠮᠵᠢ ᠶᠢᠨ ᠣᠷᠣᠨ ᠨᠢ ᠬᠦᠷᠢᠶ᠎ᠡ ᠪᠠᠯᠭᠠᠰᠤᠨ ᠤ ᠭᠦᠬᠡ ᠬᠡᠷ ᠮᠠᠯᠵᠢᠯ ᠤᠨ ᠲᠠᠯᠠᠪᠠᠢ ᠶᠢᠨ ᠭᠤᠷᠪᠠᠳᠤᠭᠠᠷ ᠬᠤᠪᠢᠶᠠᠷᠢ ᠦᠢᠯᠡᠳᠪᠦᠷᠢ ᠳᠤ ᠪᠠᠶᠢᠷᠢᠯᠠᠵᠤ᠂ ︽ᠨᠠᠢᠮᠠᠨ ᠵᠠᠭᠤᠨ ᠭᠠᠵᠠᠷ ᠤᠨ ᠡᠯᠡᠰᠦᠨ ᠲᠠᠯᠠᠢ︾ ᠬᠡᠮᠡᠭᠳᠡᠵᠦ᠂ ᠬᠦᠷᠢᠶ᠎ᠡ ᠬᠤᠰᠢᠭᠤᠨ ᠤ ᠪᠦᠬᠦ ᠬᠢᠯᠢ ᠶᠢ ᠬᠥᠨᠳᠡᠯᠡᠨ ᠲᠤᠭᠤᠯᠪᠠ᠃ ᠲᠠᠮᠤ ᠶᠢᠨ ᠴᠠᠭᠠᠨ ᠬᠡᠳᠡᠭ ᠮᠣᠩᠭᠤᠯ ᠦᠭᠡ ᠨᠢ ︽ᠴᠢᠳᠬᠦᠷ ᠤᠨ ᠡᠯᠡᠰᠦ︾ ᠪᠤᠶᠤ ︽ᠲᠠᠮᠤ ᠶᠢᠨ ᠡᠯᠡᠰᠦ︾ ᠭᠡᠰᠡᠨ ᠤᠳᠬ᠎ᠠ ᠲᠠᠢ᠂ ᠡᠯᠡᠰᠦ ᠮᠠᠩᠬ᠎ᠠ ᠨᠢ ᠵᠡᠭᠦᠨᠰᠢ ᠠᠴᠠ ᠪᠠᠷᠠᠭᠤᠨᠰᠢ ᠴᠢᠭᠯᠡᠵᠦ ᠪᠠᠶᠢᠳᠠᠭ᠃ ᠦᠵᠡᠮᠵᠢ ᠶᠢᠨ ᠣᠷᠣᠨ ᠤ ᠵᠤᠭ᠎ᠠ ᠴᠡᠩᠭᠡᠯ ᠤᠨ ᠲᠥᠷᠥᠯ ᠵᠦᠢᠯ ᠳᠤ ᠡᠯᠡᠰᠦᠨ ᠴᠥᠯ ᠤᠨ ᠮᠣᠷᠢ ᠤᠨᠤᠬᠤ᠂ ᠡᠯᠡᠰᠦᠨ ᠴᠥᠯ ᠤᠨ ᠲᠡᠮᠡᠭᠡ᠂ ᠡᠯᠡᠰᠦᠨ ᠴᠥᠯ ᠤᠨ ᠪᠠᠷᠲᠠᠭ᠎ᠠ ᠰᠢᠨᠵᠢᠯᠡᠬᠦ᠂ ᠡᠯᠡᠰᠦᠨ ᠲᠠᠰᠢᠬᠤ᠂ ᠡᠯᠡᠰᠦᠨ ᠤᠬᠢᠶᠠᠯᠭ᠎ᠠ᠂ ᠡᠯᠡᠰᠦᠨ ᠵᠠᠰᠠᠯᠭ᠎ᠠ᠂ ᠡᠯᠡᠰᠦᠨ ᠲᠠᠩ ᠤᠨ ᠠᠯᠠᠭᠠᠳᠠᠬᠤ ᠪᠥᠮᠪᠦᠭᠡ᠂ ᠡᠯᠡᠰᠦᠨ ᠲᠠᠩ ᠤᠨ ᠬᠥᠯ ᠪᠥᠮᠪᠦᠭᠡ᠂ ᠡᠯᠡᠰᠦᠨ ᠴᠦᠯ ᠤᠨ ᠤᠷᠤᠯᠳᠤᠭᠠᠨ ᠤ ᠲᠡᠷᠭᠡ ᠵᠡᠷᠭᠡ ᠪᠠᠶᠢᠵᠦ᠂ ᠪᠦᠬᠦ ᠤᠯᠤᠰ ᠤᠨ ᠡᠯ᠎ᠡ ᠭᠠᠵᠠᠷ ᠤᠨ ᠬᠡᠬᠡᠷᠡᠯᠡᠨ ᠤᠷᠤᠯᠳᠤᠭᠴᠢ ᠬᠠᠮᠳᠦ ᠵᠤᠭᠠᠴᠠᠭᠰᠠᠳ ᠤᠨ ᠲᠤᠭᠤᠷᠢᠨ ᠢᠷᠡᠵᠦ ᠪᠠᠷᠳᠠᠭ᠎ᠠ ᠰᠢᠨᠵᠢᠯᠡᠭᠦ ᠶᠢ ᠲᠠᠳᠠᠵᠦ ᠪᠠᠶᠢᠨ᠎ᠠ᠃
 
ᠢᠷᠡᠯᠲᠡ᠄ ᠭᠦᠷᠢᠶ᠎ᠡ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠬᠢᠳᠡᠳ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号