ᠡᠷᠭᠦᠨ᠎ᠡ | | ᠪᠤᠭᠤᠷᠤᠯ ᠲᠡᠤᠬᠡ ᠶᠢᠨ ᠬᠠᠰᠠᠭ ᠢ | ᠦᠶ᠎ᠡ ᠦᠶ᠎ᠡ ᠵᠢᠳᠭᠦᠭᠰᠡᠬᠡᠷ | ᠪᠤᠳᠢ ᠰᠡᠳᠬᠢᠯ ᠲᠠᠢ ᠮᠠᠯᠴᠢᠳ ᠲᠠᠢ ᠪᠠᠨ | ᠲᠦᠷᠦ ᠲᠦᠷᠦ ᠶᠢ ᠲᠡᠳᠭᠦᠭᠰᠡᠬᠡᠷ | | | ᠦᠬᠡᠷ ᠮᠢᠨᠢ ᠨᠦᠭᠦᠷ ᠮᠢᠨᠢ | ᠦᠨᠦ ᠶᠢᠨ ᠤᠷᠴᠢᠯᠠᠩ ᠲᠤ ᠵᠤᠯᠭᠠᠭᠤᠯᠤᠭᠰᠠᠨ ᠭᠦᠴᠦᠳᠠᠨ ᠮᠢᠨᠢ | ᠲᠠᠪᠠᠯᠳᠠᠨ ᠭᠦᠮᠦᠰ ᠲᠡᠯᠡᠬᠡᠢ ᠵᠠᠰᠠᠬᠤ ᠳᠤ | ᠲᠡᠷᠬᠡᠳᠠ ᠨᠢ ᠪᠠᠶᠢᠭᠰᠠᠨ ᠴᠠᠭᠠᠨ ᠪᠤᠷᠬᠠᠨ① ᠮᠢᠨᠢ | | | ᠬᠢᠵᠠᠭᠠᠷ ᠦᠬᠡᠢ ᠲᠠᠯ᠎ᠠ ᠨᠤᠳᠤᠭ ᠢ | ᠬᠡᠪᠢᠵᠦ ᠠᠮᠤᠷᠵᠢᠭᠤᠯᠤᠭᠰᠠᠨ ᠢᠳᠡᠬᠡᠯ | ᠭᠬᠢᠷ ᠦᠬᠡᠢ ᠠᠷᠢᠭᠤᠨ ᠰᠦ ᠪᠠᠷ ᠢᠶᠠᠨ | ᠭᠦᠬᠡ ᠲᠡᠭᠷᠢ ᠰᠠᠴᠤᠯᠠᠭᠰᠠᠨ ᠢᠷᠦᠬᠡᠯ | | | ᠤᠳᠤᠨ ᠲᠤᠭ᠎ᠠ ᠪᠠᠷ ᠪᠡᠯᠴᠢᠳᠡᠭ | ᠡᠷᠳᠡᠨᠢ ᠲᠠᠪᠤᠨ ᠮᠠᠯ ᠤᠨ ᠨᠢᠬᠡᠨ | ᠤᠭᠤᠷᠠᠭ ᠰᠢᠮ᠎ᠡ ᠶᠢᠨ ᠭᠠᠷᠤᠯᠳᠠ ᠪᠠᠷ ᠢᠶᠠᠨ | ᠡᠷᠬᠡᠰ ᠤᠷᠴᠢᠯᠠᠩ ᠢ ᠨᠦᠭᠦᠳᠡᠭ ᠡᠨᠧᠷᠬᠢ | | | ᠡᠵᠡᠨ ᠴᠢᠩᠬᠢᠰ ᠤᠨ ᠶᠢᠷᠳᠢᠨᠴᠦ ᠶᠢ | ᠲᠡᠬᠡᠬᠡᠵᠦ ᠨᠡᠭᠦᠭᠰᠡᠨ ᠭᠦᠬᠡ ᠰᠤᠳᠤᠷ ᠲᠠᠢ | ᠡᠵᠡᠭᠦᠢ ᠪᠠᠯᠠᠷ ᠪᠦᠮᠪᠦᠷᠴᠡᠭ ᠢ | ᠰᠡᠬᠡᠬᠡᠵᠦ ᠨᠡᠬᠡᠬᠡᠭᠰᠡᠨ ᠨᠢᠭᠤᠴᠠ ᠲᠤᠪᠴᠢᠶᠠᠨ ᠲᠠᠢ | | | ᠰᠤᠷ ᠰᠢᠷᠪᠤᠰᠦ ᠶᠢᠨ ᠰᠢᠨᠳᠠᠰᠦ ᠪᠠᠷ | ᠤᠨ ᠵᠢᠯ ᠢ ᠭᠦᠳᠦᠯᠦᠭᠰᠡᠨ ᠲᠠᠮᠢᠷ | ᠰᠦ ᠠᠷᠭᠠᠯ ᠤᠨ ᠢᠯᠴᠢ ᠪᠠᠷ | ᠤᠳᠤᠮ ᠤᠭᠰᠠᠭ᠎ᠠ ᠶᠢ ᠬᠡᠶᠢᠭᠦᠯᠦᠭᠰᠡᠨ ᠲᠦᠰᠢᠭ | | | ᠡᠪᠡᠷ ᠢᠶᠠᠷ ᠢᠶᠠᠨ ᠡᠭᠦᠯᠡ ᠵᠦᠰᠦᠭᠰᠡᠨ | ᠦᠮᠪᠦᠦ ᠦᠮᠪᠦᠦ ᠨᠤᠳᠤᠭ ᠤᠨ ᠪᠤᠶᠠᠨ | ᠡᠪ ᠢᠶᠠᠷ ᠢᠶᠠᠨ ᠠᠭᠤᠯᠠ ᠨᠡᠭᠦᠯᠬᠡᠭᠰᠡᠨ | ᠰᠦᠮᠪᠤᠷ ᠰᠦᠮᠪᠤᠷ ᠬᠤᠳᠤᠭ ᠤᠨ ᠠᠶᠠᠨ | | | ᠦᠬᠡᠷ ᠮᠢᠨᠢ ᠨᠦᠭᠦᠷ ᠮᠢᠨᠢ | ᠦᠨᠦ ᠶᠢᠨ ᠤᠷᠴᠢᠯᠠᠩ ᠢ ᠢᠷᠡᠬᠡᠳᠦᠢ ᠳᠤ ᠭᠦᠷᠬᠡᠭᠦ ᠠᠴᠢᠳᠠᠨ ᠮᠢᠨᠢ | ᠠᠯᠤᠰ ᠢᠷᠡᠬᠡᠳᠦᠢ ᠶᠢ ᠵᠤᠷᠢᠬᠤ ᠳᠤ | ᠠᠷᠠᠯ ᠲᠤ ᠨᠢ ᠶᠠᠪᠤᠳᠠᠭ ᠴᠤᠶᠢᠷᠴᠢ ᠲᠠᠷᠬᠠᠨ② ᠮᠢᠨᠢ | | | ᠦᠨᠳᠦᠷᠯᠢᠭ ᠲᠤ ᠠᠮᠢᠳᠤᠷᠠᠳᠠᠭ ᠠᠴᠠ | ᠲᠡᠭᠷᠢ ᠳᠤ ᠤᠶᠢᠷᠠᠬᠠᠨ ᠠᠮᠢᠳᠠᠨ ᠶᠤᠮ᠂ ᠦᠬᠡᠷ | ᠦᠨᠡᠨ ᠢᠶᠠᠷ ᠢᠶᠠᠨ ᠵᠢᠳᠭᠦᠳᠡᠭ ᠠᠴᠠ | ᠲᠡᠤᠬᠡᠨ ᠳᠤ ᠭᠠᠪᠢᠶ᠎ᠠ ᠲᠠᠢ ᠠᠨᠳᠠ ᠶᠤᠮ᠂ ᠦᠬᠡᠷ | | | ᠪᠦᠭᠦ ᠪᠡᠶ᠎ᠡ ᠪᠠᠷ ᠢᠶᠠᠨ ᠡᠷᠳᠡᠨᠢ — | ᠦᠬᠡᠷ ᠲᠡᠭᠡᠨ ᠪᠢ ᠬᠠᠶᠢᠷᠠᠳᠠᠢ | ᠪᠦᠯᠢᠶᠡᠨ ᠰᠦᠨ ᠳᠤ ᠨᠢ ᠴᠡᠯᠬᠢᠭ᠌ᠰᠠᠨ | ᠶᠢᠷᠳᠢᠨᠴᠦ ᠳᠡᠭᠡᠨ ᠨᠡᠩ ᠬᠠᠶᠢᠷᠠᠳᠠᠢ ᠁ | | | ① ᠮᠤᠩᠭᠤᠯᠴᠤᠳ ᠴᠠᠭᠠᠨ ᠢᠳᠡᠬᠡᠨ ᠢᠶᠠᠨ ᠲᠡᠬᠡᠵᠢ ᠡᠷᠳᠡᠨᠢ ᠬᠡᠵᠦ ᠬᠡᠰᠢᠭ ᠪᠤᠶᠠᠨ ᠲᠠᠢ ᠲᠠᠪᠤᠨ ᠬᠤᠰᠢᠭᠤ ᠮᠠᠯ | ᠢᠶᠠᠨ ︽ᠴᠠᠭᠠᠨ ᠪᠤᠷᠬᠠᠨ︾ ᠢᠶᠠᠷ ᠨᠡᠷᠡᠯᠡᠳᠡᠭ | ② ᠮᠠᠨ ᠤ ᠨᠤᠳᠤᠭ ᠲᠤ ᠠᠷᠠᠯ ᠤᠨ ᠦᠬᠡᠷ ᠨᠢ ᠡᠵᠡᠨ ᠢᠶᠠᠨ ᠠᠪᠤᠷᠠᠭᠰᠠᠨ ᠦᠨᠡᠨ ᠤᠴᠢᠷ ᠭᠠᠷᠴᠦ ᠦᠩᠬᠡᠷᠡᠵᠡᠢ᠂ | ᠲᠡᠬᠡᠬᠡᠳ ᠠᠮᠢᠨ ᠬᠠᠶᠢᠷᠠᠳᠠᠢ ᠦᠬᠡᠷ ᠢᠶᠠᠨ ︽ᠴᠤᠶᠢᠷᠴᠢ ᠲᠠᠷᠬᠠᠨ︾ ᠬᠡᠵᠦ ᠭᠦᠨᠳᠦᠳᠬᠡᠨ ᠲᠠᠭᠤᠳᠠᠳᠠᠭ ᠪᠤᠯᠵᠠᠢ |