ᠲᠥᠭ ᠲᠥᠮᠡᠨ ᠠᠶᠢᠯ ᠡᠷᠦᠭᠡ ᠡᠳᠦᠷ ᠪᠦᠷᠢ ᠳᠣᠲᠤᠮ ᠤᠨ ᠠᠮᠢᠳᠤᠷᠠᠯ ᠳᠠᠭᠠᠨ ᠴᠦᠮ ᠰᠢᠠᠮᠠᠬᠠᠢ ᠬᠡᠢ ᠠᠴᠠ | ᠰᠠᠯᠵᠤ ᠴᠢᠳᠠᠬᠤ ᠦᠭᠡᠢ᠂ ᠬᠦᠮᠦᠨ ᠪᠦᠬᠦᠨ ᠰᠢᠲᠠᠮᠠᠬᠠᠢ ᠬᠡᠢ ᠶᠢ ᠠᠮᠤᠷ ᠲᠥᠪᠰᠢᠨ ᠬᠡᠷᠡᠭᠯᠡᠬᠦ ᠤᠬᠠᠮᠰᠠᠷ ᠢᠶᠠᠨ | ᠴᠢᠩᠭᠠᠳᠬᠠᠬᠤ ᠴᠢᠬᠤᠯᠠᠲᠠᠢ᠃ ᠲᠡᠭᠡᠪᠡᠯ ᠭᠡᠷ ᠲᠡᠭᠡᠨ ᠰᠢᠲᠠᠮᠠᠬᠠᠢ ᠬᠡᠢ ᠬᠡᠷᠡᠭᠯᠡᠬᠦ ᠳᠤ ᠬᠡᠷᠬᠢᠨ ᠠᠮᠤᠷ ᠲᠥᠪᠰᠢᠨ ᠢ | ᠠᠩᠬᠠᠷᠬᠤ ᠪᠣᠢ︖ ᠰᠢᠲᠠᠮᠠᠬᠠᠢ ᠬᠡᠢ ᠯᠡᠪᠡᠷᠡᠭᠰᠡᠨ ᠡᠰᠡᠬᠦ ᠶᠢ ᠬᠡᠷᠬᠢᠨ ᠮᠠᠭᠠᠳᠯᠠᠬᠤ ᠪᠣᠢ︖ | ᠰᠢᠲᠠᠮᠠᠬᠠᠢ ᠬᠡᠢ ᠶᠢ ᠬᠡᠷᠬᠢᠨ ᠠᠮᠤᠷ ᠲᠥᠪᠰᠢᠨ ᠬᠡᠷᠡᠭᠯᠡᠬᠦ ᠪᠣᠢ︖ | ★ ᠰᠢᠲᠠᠮᠠᠬᠠᠢ ᠬᠡᠢ ᠶᠢ ᠬᠡᠷᠡᠭᠯᠡᠬᠦ ᠥᠶᠡᠰ᠂ ᠵᠠᠪᠠᠯ ᠠᠭᠠᠷ ᠨᠡᠪᠲᠡᠷᠡᠭᠰᠡᠨ ᠪᠠᠶᠢᠬᠤ ᠶᠢ ᠪᠠᠲᠤᠯᠠᠬᠤ ᠬᠡᠷᠡᠭᠲᠡᠢ︔ | ★ ᠰᠢᠲᠠᠮᠠᠬᠠᠢ ᠬᠡᠢ ᠶᠢ ᠬᠡᠷᠡᠭᠯᠡᠬᠦ ᠥᠶᠡᠰ᠂ ᠬᠠᠷᠠᠵᠤ ᠬᠠᠮᠢᠶᠠᠷᠬᠤ ᠬᠦᠮᠦᠨ ᠲᠠᠢ ᠪᠠᠶᠢᠬᠤ ᠬᠡᠷᠡᠭᠲᠡᠢ︔ ᠭᠠᠯ | ᠤᠨᠲᠠᠷᠠᠭᠠᠬᠤ ᠬᠠᠮᠠᠭᠠᠯᠠᠯᠲᠠ ᠶᠢᠨ ᠲᠥᠭᠦᠭᠡᠷᠦᠮᠵᠢ ᠲᠠᠢ ︽ᠠᠶᠤᠯᠭᠦᠢ ᠮᠠᠶ᠋ᠢᠭ ᠤᠨ ᠵᠣᠤᠬ᠎ᠠ︾ ᠬᠡᠷᠡᠭᠯᠡᠬᠦ ᠶᠢ | ᠰᠠᠨᠠᠭᠤᠯᠤᠶ᠎ᠠ︔ | ★ ᠰᠢᠲᠠᠮᠠᠬᠠᠢ ᠬᠡᠢ ᠶᠢᠨ ᠵᠣᠣᠬᠠᠨ ᠳᠤ ᠵᠠᠯᠭᠠᠵᠤ ᠪᠠᠶᠢᠭ᠎ᠠ ᠭᠤᠮ ᠬᠤᠭᠤᠯᠠᠢ ᠶᠢ ᠲᠣᠭᠲᠠᠮᠠᠯ ᠬᠤᠭᠤᠴᠠᠭ᠎ᠠ | ᠲᠠᠢ ᠪᠠᠶᠢᠴᠠᠭᠠᠵᠤ᠂ ᠵᠠᠯᠭᠠᠭᠠᠰᠤ ᠨᠢ ᠬᠠᠭᠤᠴᠢᠷᠠᠵᠤ ᠰᠤᠯᠠᠷᠠᠭᠰᠠᠨ ᠪᠠᠶᠢᠪᠠᠯ ᠴᠠᠭ ᠲᠤᠬᠠᠢ ᠳᠤᠨᠢ ᠰᠣᠯᠢᠬᠤ ᠬᠡᠷᠡᠭᠲᠡᠢ | ︵ᠬᠡᠪ ᠤᠨ ᠪᠠᠶᠢᠳᠠᠯ ᠳᠣᠣᠷ᠎ᠠ᠂ 18 ᠰᠠᠷ᠎ᠠ ᠪᠦᠷᠢ ᠳᠤ ᠡᠷᠬᠡᠪᠰᠢ ᠰᠣᠯᠢᠬᠤ ᠬᠡᠷᠡᠭᠲᠡᠢ︶︔ | ★ ᠰᠢᠲᠠᠮᠠᠬᠠᠢ ᠬᠡᠢ ᠶᠢᠨ ᠲᠥᠭᠦᠭᠡᠷᠦᠮᠵᠢ ᠶᠢ ᠥᠪᠡᠰᠦᠪᠡᠨ ᠤᠭᠰᠠᠷᠠᠬᠤ᠂ ᠥᠭᠡᠷᠡᠴᠢᠯᠡᠨ ᠤᠭᠰᠠᠷᠠᠬᠤ ᠶᠢ | ᠴᠠᠭᠠᠵᠠᠯᠠᠨ᠎ᠠ︔ | ★ᠰᠢᠲᠠᠮᠠᠬᠠᠢ ᠬᠡᠢ ᠶᠢᠨ ᠵᠣᠤᠬ᠎ᠠ ᠶᠢ ᠬᠡᠷᠡᠭᠯᠡᠵᠦ ᠪᠠᠷᠠᠭᠰᠠᠨ ᠤ ᠳᠠᠷᠠᠭ᠎ᠠ ᠵᠠᠪᠠᠯ ᠨᠡᠬᠡᠭᠡᠯᠭᠡ ᠶᠢ ᠨᠢ ᠬᠠᠭᠠᠬᠤ | ᠬᠡᠷᠡᠭᠲᠡᠢ᠃ ᠤᠨᠲᠠᠬᠤ ᠠᠴᠠ ᠪᠠᠨ ᠡᠮᠦᠨ᠎ᠡ᠂ ᠭᠠᠳᠠᠭᠰᠢ ᠭᠠᠷᠬᠤ ᠳᠠᠭᠠᠨ ᠵᠠᠪᠠᠯ ᠰᠢᠲᠠᠮᠠᠬᠠᠢ ᠬᠡᠢ ᠶᠢᠨ ᠨᠡᠬᠡᠭᠡᠯᠭᠡ ᠶᠢ | ᠬᠠᠭᠠᠭᠰᠠᠨ ᠡᠰᠡᠬᠦ ᠪᠠᠨ ᠪᠠᠶᠢᠴᠠᠭᠠᠵᠤ ᠦᠵᠡᠬᠦ ᠬᠡᠷᠡᠭᠲᠡᠢ︔ | ★ ᠬᠡᠨᠭᠯᠡᠬᠦ ᠴᠠᠭ ᠬᠤᠭᠤᠴᠠᠭᠠᠨ ᠠᠴᠠ ᠪᠠᠨ ᠬᠡᠲᠥᠷᠡᠭᠰᠡᠨ ᠰᠢᠲᠠᠮᠠᠬᠠᠢ ᠬᠡᠢ ᠶᠢᠨ ᠬᠡᠷᠡᠭᠰᠡᠯ ᠢ ᠴᠠᠭ ᠲᠤᠬᠠᠢ | ᠳᠤᠨᠢ ᠰᠢᠨᠡᠳᠭᠡᠬᠦ ᠬᠡᠷᠡᠭᠲᠡᠢ᠃ | ᠰᠢᠲᠠᠮᠠᠬᠠᠢ ᠬᠡᠢ ᠬᠡᠷᠡᠭᠯᠡᠬᠦ ᠶᠢᠨ ︽ᠶᠢᠰᠦᠨ ᠪᠣᠯᠬᠤ ᠦᠭᠡᠢ︾ | ① ᠰᠢᠲᠠᠮᠠᠬᠠᠢ ᠬᠡᠢ ᠶᠢᠨ ᠬᠤᠭᠤᠯᠠᠢ᠂ ᠨᠡᠬᠡᠭᠡᠯᠭᠡ᠂ ᠰᠢᠲᠠᠮᠠᠬᠠᠢ ᠬᠡᠢ ᠶᠢᠨ ᠬᠡᠷᠡᠭᠰᠡᠯ ᠵᠡᠷᠭᠡ ᠰᠢᠲᠠᠮᠠᠬᠠᠢ ᠬᠡᠢ | ᠶᠢᠨ ᠲᠥᠭᠦᠭᠡᠷᠦᠮᠵᠢ ᠶᠢ ᠪᠢᠲᠡᠭᠦᠮᠵᠢᠯᠡᠬᠦ ᠪᠣᠶᠤ ᠳᠠᠯᠳᠠᠭᠤᠷ ᠤᠭᠰᠠᠷᠠᠵᠤ ᠪᠣᠯᠬᠤ ᠦᠭᠡᠢ᠃ | ② ᠰᠢᠲᠠᠮᠠᠬᠠᠢ ᠬᠡᠢ ᠶᠢᠨ ᠬᠤᠭᠤᠯᠠᠢ ᠶᠢᠨ ᠲᠥᠭᠦᠭᠡᠷᠦᠮᠵᠢ ᠶᠢ ᠡᠵᠡᠯᠡᠨ ᠬᠡᠷᠡᠭᠯᠡᠵᠦ ᠳᠠᠷᠤᠵᠤ ᠪᠦᠷᠬᠦᠵᠦ ᠪᠣᠯᠬᠤ | ᠦᠭᠡᠢ᠃ | ③ ᠣᠯᠠᠨ ᠵᠦᠢᠯ ᠤᠨ ᠬᠡᠢ ᠶᠢᠨ ᠢᠷᠡᠯᠲᠡ᠂ ᠬᠡᠢ ᠳᠠᠮᠵᠢᠭᠤᠯᠬᠤ ᠬᠤᠭᠤᠯᠠᠢ ᠶᠢ ᠬᠡᠷᠡᠭᠯᠡᠵᠦ ᠪᠣᠯᠬᠤ ᠦᠭᠡᠢ | ᠬᠡᠷᠡᠭᠯᠡᠭᠴᠢᠳ ᠭᠡᠷ ᠳᠣᠲᠤᠷ᠎ᠠ ᠯᠣᠩᠬᠤᠨ ᠳᠤ ᠰᠠᠪᠠᠯᠠᠭᠰᠠᠨ ᠰᠢᠩᠭᠡᠨᠵᠢᠮᠡᠯ ᠬᠡᠢ ᠪᠣᠶᠤ ᠨᠡᠭᠦᠷᠡᠰᠦᠨ ᠪᠦᠮᠪᠦᠭᠡ ᠶᠢᠨ | ᠭᠠᠯ ᠬᠡᠷᠡᠭᠯᠡᠬᠦ ᠶᠢ ᠴᠢᠩᠭ᠎ᠠ ᠴᠠᠭᠠᠵᠠᠯᠠᠨ᠎ᠠ᠃ | ④ ᠭᠡᠷ ᠳᠣᠲᠤᠷ᠎ᠠ ᠠᠮᠠᠷᠬᠠᠨ ᠰᠢᠲᠠᠬᠤ ᠠᠮᠠᠷᠬᠠᠨ ᠳᠡᠯᠪᠡᠷᠡᠬᠦ ᠪᠣᠳᠠᠰ ᠢ ᠣᠪᠤᠭᠠᠯᠠᠵᠤ ᠪᠣᠯᠬᠤ ᠦᠭᠡᠢ᠃ ᠭᠠᠯ | ᠤᠨ ᠠᠶᠤᠯ ᠪᠠ ᠳᠡᠯᠪᠡᠷᠡᠯᠲᠡ ᠶᠢᠨ ᠠᠶᠤᠯ ᠭᠠᠷᠬᠤ ᠶᠢ ᠰᠡᠷᠭᠡᠶᠢᠯᠡᠬᠦ ᠬᠡᠷᠡᠭᠲᠡᠢ᠃ | ⑤ ᠰᠢᠲᠠᠮᠠᠬᠠᠢ ᠬᠡᠢ ᠶᠢᠨ ᠲᠥᠭᠦᠭᠡᠷᠦᠮᠵᠢ ᠳᠡᠭᠡᠷ᠎ᠡ ᠳᠡᠭᠡᠰᠦ᠂ ᠴᠠᠬᠢᠯᠭᠠᠨ ᠤᠲᠠᠰᠤ ᠪᠣᠶᠤ ᠡᠯᠭᠦᠮᠡᠯ ᠡᠳ᠋ | ᠤᠶᠠᠵᠤ ᠪᠣᠯᠬᠤ ᠦᠭᠡᠢ᠃ ᠰᠢᠲᠠᠮᠠᠬᠠᠢ ᠬᠡᠢ ᠶᠢᠨ ᠲᠥᠭᠦᠭᠡᠷᠦᠮᠵᠢ ᠶᠢᠨ ᠡᠷᠬᠢᠨ ᠲᠤᠭᠤᠷᠢᠨ ᠳᠤ ᠫᠤᠤᠵᠢᠩ ᠲᠠᠯᠪᠢᠬᠤ | ᠶᠢ ᠡᠷᠡᠰ ᠴᠠᠭᠠᠵᠠᠯᠠᠨ᠎ᠠ᠃ | ⑥ ᠰᠢᠲᠠᠮᠠᠬᠠᠢ ᠬᠡᠢ ᠶᠢᠨ ᠬᠤᠭᠤᠯᠠᠢ᠂ ᠰᠢᠲᠠᠮᠠᠬᠠᠢ ᠬᠡᠢ ᠶᠢᠨ ᠪᠠᠭᠠᠵᠢ ᠬᠡᠷᠡᠭᠰᠡᠯ ᠲᠠᠢ ᠭᠡᠷ ᠢ ᠤᠨᠲᠠᠬᠤ | ᠥᠷᠦᠭᠡ᠂ ᠵᠣᠴᠢᠨ ᠤ ᠥᠷᠦᠭᠡ ᠪᠣᠯᠤᠨ ᠠᠷᠭᠤᠨ ᠴᠡᠪᠡᠷ ᠤᠨ ᠲᠠᠰᠤᠯᠭ᠎ᠠ ᠪᠣᠯᠭᠠᠨ ᠥᠭᠡᠷᠡᠴᠢᠯᠡᠵᠦ ᠪᠣᠯᠬᠤ ᠦᠭᠡᠢ᠃ | | ⑦ ᠰᠢᠲᠠᠮᠠᠬᠠᠢ ᠬᠡᠢ ᠶᠢᠨ ᠲᠥᠭᠦᠭᠡᠷᠦᠮᠵᠢ ᠶᠢᠨ ᠠᠶᠤᠯᠭᠦᠢ ᠶᠢᠨ ᠰᠡᠷᠡᠮᠵᠢ ᠶᠢᠨ ᠲᠡᠮᠲᠡᠭ ᠢ ᠳᠤᠷ᠎ᠠ ᠪᠠᠷ ᠢᠶᠠᠨ | ᠰᠢᠯᠵᠢᠭᠦᠯᠵᠦ᠂ ᠪᠦᠷᠬᠦᠵᠦ᠂ ᠪᠠᠯᠠᠯᠤᠨ ᠵᠠᠰᠠᠵᠤ᠂ ᠡᠪᠳᠡᠵᠦ᠂ ᠨᠤᠷᠠᠭᠠᠵᠤ ᠪᠣᠯᠬᠤ ᠦᠭᠡᠢ᠃ | ⑧ ᠰᠢᠲᠠᠮᠠᠬᠠᠢ ᠬᠡᠢ ᠶᠢᠨ ᠲᠥᠭᠦᠭᠡᠷᠦᠮᠵᠢ ᠶᠢ ᠬᠠᠤᠯᠢ ᠪᠣᠰᠤ ᠪᠠᠷ ᠬᠡᠷᠡᠭᠯᠡᠬᠦ ᠪᠠ ᠰᠢᠲᠠᠮᠠᠬᠠᠢ ᠬᠡᠢ ᠶᠢ | ᠬᠤᠯᠠᠭᠠᠶᠢᠯᠠᠨ ᠬᠡᠷᠡᠭᠯᠡᠬᠦ᠂ ᠳᠠᠮᠵᠢᠭᠤᠯᠤᠨ ᠬᠠᠩᠭᠠᠵᠤ ᠪᠣᠯᠬᠤ ᠦᠭᠡᠢ᠃ | ⑨ ᠨᠡᠬᠡᠭᠡᠯᠭᠡ ᠶᠢᠨ ᠬᠠᠶᠢᠷᠴᠠᠭ ᠪᠣᠯᠤᠨ ᠰᠢᠲᠠᠮᠠᠬᠠᠢ ᠬᠡᠢ ᠶᠢᠨ ᠬᠠᠶᠢᠷᠴᠠᠭ ᠢ ᠳᠤᠷ᠎ᠠ ᠪᠠᠷ ᠢᠶᠠᠨ ᠨᠡᠬᠡᠭᠡᠬᠦ ᠪᠣᠶᠤ | ᠬᠠᠭᠠᠵᠤ᠂ ᠰᠢᠲᠠᠮᠠᠬᠠᠢ ᠬᠡᠢ ᠶᠢᠨ ᠲᠥᠭᠦᠭᠡᠷᠦᠮᠵᠢ ᠶᠢ ᠡᠪᠳᠡᠯᠡᠵᠦ ᠪᠣᠯᠬᠤ ᠦᠭᠡᠢ᠃ | ᠰᠢᠲᠠᠮᠠᠬᠠᠢ ᠬᠡᠢ ᠯᠡᠪᠡᠷᠡᠭᠰᠡᠨ ᠡᠰᠡᠬᠦ ᠶᠢ ᠬᠡᠷᠬᠢᠨ ᠪᠠᠶᠢᠴᠠᠭᠠᠬᠤ ᠪᠣᠢ︖ | ᠰᠠᠪᠤᠩ ᠤᠨ ᠰᠢᠩᠭᠡᠨ ᠢᠶᠠᠷ ᠪᠠᠶᠢᠴᠠᠭᠠᠬᠤ | ᠰᠠᠪᠤᠩ᠂ ᠤᠬᠢᠶᠠᠯᠭ᠎ᠠ ᠶᠢᠨ ᠨᠤᠨᠳᠠᠭ᠂ ᠬᠤᠪᠴᠠᠰᠤ ᠤᠬᠢᠶᠠᠬᠤ ᠰᠢᠩᠭᠡᠨ ᠭᠤᠷᠪᠠ ᠶᠢᠨ ᠳᠤᠷ᠎ᠠ ᠶᠢᠨ ᠨᠢᠭᠡ ᠶᠢ | ᠰᠤᠩᠭᠤᠵᠤ᠂ ᠤᠰᠤ ᠬᠢᠵᠦ ᠰᠠᠪᠤᠩ ᠤᠨ ᠰᠢᠩᠭᠡᠨ ᠪᠣᠯᠭᠠᠨ᠎ᠠ᠃ ᠰᠢᠲᠠᠮᠠᠬᠠᠢ ᠬᠡᠢ ᠶᠢᠨ ᠲᠥᠭᠦᠭᠡᠷᠦᠮᠵᠢ᠂ | ᠬᠤᠶᠢᠯᠠᠷᠠᠭᠠᠲᠤ ᠪᠦᠭᠯᠡᠭᠡ ᠶᠢᠨ ᠨᠡᠬᠡᠭᠡᠯᠭᠡ᠂ ᠰᠢᠲᠠᠮᠠᠬᠠᠢ ᠬᠡᠢ ᠶᠢᠨ ᠬᠡᠮᠵᠢᠭᠦᠷ ᠵᠡᠷᠭᠡ ᠬᠡᠰᠡᠭ ᠲᠤ ᠲᠦᠷᠬᠢᠪᠡᠯ᠂ | ᠬᠦᠭᠡᠰᠦ ᠭᠠᠷᠴᠤ ᠪᠠᠶᠢᠭ᠎ᠠ ᠬᠡᠰᠡᠭ ᠨᠢ ᠳᠠᠷᠤᠢ ᠰᠢᠲᠠᠮᠠᠬᠠᠢ ᠬᠡᠢ ᠯᠡᠪᠡᠷᠡᠭᠰᠡᠨ ᠬᠡᠰᠡᠭ ᠪᠣᠯᠤᠨ᠎ᠠ᠃ | ᠥᠨᠦᠷ ᠤᠨ ᠮᠠᠭᠠᠳᠯᠠᠯ | ᠪᠠᠶᠢᠭᠠᠯᠢ ᠶᠢᠨ ᠰᠢᠲᠠᠮᠠᠬᠠᠢ ᠬᠡᠢ ᠳᠣᠲᠤᠷ᠎ᠠ ᠬᠦᠬᠦᠷᠲᠦ ᠤᠰᠤᠲᠦ᠋ᠷᠦᠭᠴᠢ ᠠᠭᠤᠯᠵᠤ ᠪᠠᠶᠢᠳᠠᠭ ᠪᠣᠯᠬᠤᠷ᠂ | ᠥᠨᠦᠷᠲᠡᠬᠦ ᠳᠤ ᠨᠢᠭᠡ ᠵᠦᠢᠯ ᠤᠨ ᠥᠮᠡᠬᠡᠢ ᠲᠡᠬᠢᠶᠠᠨ ᠦᠨᠳᠡᠭᠡ ᠶᠢᠨ ᠥᠨᠦᠷ ᠭᠠᠷᠤᠨ᠎ᠠ᠃ ᠬᠡᠷᠪᠡ ᠪᠠᠶᠢᠭᠠᠯᠢ ᠶᠢᠨ | ᠰᠢᠲᠠᠮᠠᠬᠠᠢ ᠬᠡᠢ ᠶᠢᠨ ᠬᠡᠮᠵᠢᠭᠦᠷ ᠤᠨ ᠨᠡᠬᠡᠭᠡᠯᠭᠡ ᠶᠢ ᠬᠠᠭᠠᠭᠰᠠᠨ ᠤ ᠳᠠᠷᠠᠭ᠎ᠠ ᠥᠮᠡᠬᠡᠢ ᠥᠨᠦᠷ ᠭᠠᠷᠪᠠᠯ ᠳᠠᠷᠤᠢ | ᠰᠢᠲᠠᠮᠠᠬᠠᠢ ᠬᠡᠢ ᠯᠡᠪᠡᠷᠡᠭᠰᠡᠨ ᠭᠡᠳᠡᠭ ᠢ ᠮᠠᠭᠠᠳᠯᠠᠵᠤ ᠪᠣᠯᠤᠨ᠎ᠠ᠃ | ᠰᠢᠲᠠᠮᠠᠬᠠᠢ ᠬᠡᠢ ᠶᠢᠨ ᠬᠡᠮᠵᠢᠭᠦᠷ ᠤᠨ ᠮᠠᠭᠠᠳᠯᠠᠯ | ᠰᠢᠲᠠᠮᠠᠬᠠᠢ ᠬᠡᠢ ᠶᠢ ᠪᠦᠷᠢᠮᠦᠰᠦᠨ ᠬᠡᠷᠡᠭᠯᠡᠬᠦ ᠦᠭᠡᠢ ᠪᠠᠶᠢᠳᠠᠯ ᠳᠣᠣᠷ᠎ᠠ ︵ᠵᠣᠤᠬ᠎ᠠ ᠪᠣᠯᠤᠨ ᠤᠰᠤᠨ | ᠬᠠᠯᠠᠭᠠᠭᠤᠷ ᠢ ᠬᠠᠭᠠᠬᠤ︶᠂ ᠰᠢᠲᠠᠮᠠᠬᠠᠢ ᠬᠡᠢ ᠶᠢᠨ ᠬᠡᠮᠵᠢᠭᠦᠷ ᠤᠨ ᠡᠴᠦᠰ ᠤᠨ ᠲᠤᠭ᠎ᠠ ᠨᠢ ᠶᠠᠪᠤᠵᠤ ᠪᠠᠶᠢᠬᠤ ᠡᠰᠡᠬᠦ | ᠪᠠᠷ ᠯᠡᠪᠡᠷᠡᠵᠦ ᠪᠠᠶᠢᠬᠤ ᠡᠰᠡᠬᠦ ᠶᠢ ᠮᠠᠭᠠᠳᠯᠠᠵᠤ ᠪᠣᠯᠤᠨ᠎ᠠ᠃ | |