| | | ᠥᠨᠦᠳᠦᠷ ᠪᠣᠯ ᠨᠠᠨᠵᠢᠩ ᠤᠨ ᠶᠡᠭᠡ ᠬᠢᠲᠤᠯᠭ᠎ᠠ ᠶᠢᠨ 83 ᠵᠢᠯ ᠤᠨ ᠳᠤᠷᠠᠰᠬᠠᠯ ᠤᠨ ᠡᠳᠦᠷ᠂ ᠮᠥᠨ ᠴᠤ | ᠨᠠᠨᠵᠢᠩ ᠤᠨ ᠶᠡᠭᠡ ᠬᠢᠲᠤᠯᠭ᠎ᠠ ᠳᠤ ᠬᠤᠣᠷᠯᠠᠭᠳᠠᠭᠰᠠᠳ ᠤᠨ ᠳᠣᠯᠤᠳᠡᠬᠢ ᠤᠯᠤᠰ ᠤᠨ ᠨᠡᠶᠢᠲᠡ ᠶᠢᠨ ᠲᠠᠬᠢᠯᠭ᠎ᠠ ᠶᠢᠨ | ᠡᠳᠦᠷ ᠪᠣᠯᠤᠨ᠎ᠠ᠃ | ᠳᠠᠷᠠᠭᠠᠬᠢ ᠲᠤᠭ᠎ᠠ ᠪᠠᠷᠢᠮᠲᠠ ᠨᠤᠭᠤᠳ ᠲᠠᠨ ᠳᠤ ᠨᠠᠨᠵᠢᠩ ᠤᠨ ᠶᠡᠭᠡ ᠬᠢᠲᠤᠯᠭ᠎ᠠ ᠨᠢ ᠶᠠᠭᠠᠬᠢᠭᠠᠳ ᠬᠦᠮᠦᠨ | ᠲᠥᠷᠦᠯᠬᠢᠲᠡᠨ ᠤ ᠶᠡᠭᠡ ᠭᠠᠮᠰᠢᠭ ᠭᠡᠵᠦ ᠨᠡᠷᠡᠯᠡᠭᠳᠡᠭᠰᠡᠨ ᠢ ᠣᠶᠢᠯᠠᠭᠠᠭᠤᠯᠬᠤ ᠪᠣᠯᠤᠨ᠎ᠠ᠃ | 1937 ᠣᠨ ᠤ ᠳᠡᠭᠡᠷ᠎ᠡ ᠬᠠᠭᠠᠰ ᠵᠢᠯ ᠳᠤ᠂ ᠨᠠᠨᠵᠢᠩ ᠨᠢ ᠠᠵᠤ ᠦᠢᠯᠡᠳᠪᠦᠷᠢ ᠠᠷᠠᠯᠵᠢᠶ᠎ᠠ ᠬᠤᠳᠠᠯᠳᠤᠭ᠎ᠠ | ᠬᠦᠭᠵᠢᠭᠰᠡᠨ᠂ ᠵᠠᠮ ᠨᠡᠪᠲᠡᠷᠡᠯᠭᠡ ᠰᠠᠷᠠᠭᠤᠯ ᠳᠠᠷᠳᠠᠩ ᠪᠦᠭᠡᠳ ᠣᠶᠢᠷ᠎ᠠ ᠣᠷᠴᠢᠨ ᠦᠶᠡᠵᠢᠯᠡᠯᠲᠡ ᠶᠢᠨ ᠬᠡᠮᠵᠢᠶ᠎ᠡ | ᠠᠩᠬ᠎ᠠ ᠠᠯᠬᠤᠮ ᠡᠬᠢᠯᠡᠵᠦ ᠪᠦᠷᠢᠯᠳᠦᠴᠢᠬᠡᠭᠰᠡᠨ᠂ ᠪᠠᠶᠢᠩᠭᠤ ᠶᠢᠨ ᠰᠠᠭᠤᠭᠠᠯᠢ ᠠᠷᠠᠳ 100 ᠲᠥᠮᠨ ᠳᠤ | ᠬᠦᠷᠦᠭᠰᠡᠨ ᠲᠠᠶᠢᠪᠤᠭᠤᠨ ᠰᠠᠶᠢᠬᠠᠨ ᠬᠤᠲᠠ ᠪᠠᠶᠢᠯ᠎ᠠ᠃ | ᠨᠠᠨᠵᠢᠩ ᠤᠨ ᠶᠡᠭᠡ ᠬᠢᠲᠤᠯᠭ᠎ᠠ ᠠᠴᠠ ᠡᠮᠦᠨᠡᠬᠡᠨ᠂ ᠬᠤᠶᠠᠷ ᠶᠠᠫᠣᠨ ᠴᠡᠷᠢᠭ ᠤᠨ ᠨᠣᠶᠠᠨ ︽ᠬᠡᠨ ᠨᠢ ᠤᠷᠢᠳᠠᠪᠠᠷ | 100 ᠳᠤᠮᠳᠠᠳᠤ ᠶᠢᠨ ᠬᠦᠮᠦᠨ ᠢ ᠠᠯᠠᠵᠤ ᠳᠠᠭᠤᠰᠬᠠᠬᠤ︾ ᠮᠦᠷᠦᠢ ᠲᠠᠯᠪᠢᠵᠤ᠂ ᠬᠠᠮᠤᠭ ᠡᠴᠦᠰ ᠲᠤᠨᠢ ᠨᠢᠭᠡ ᠨᠢ | 106 ᠬᠦᠮᠦᠨ᠂ ᠨᠥᠭᠦᠭᠡ ᠨᠢ 105 ᠬᠦᠮᠦᠨ ᠠᠯᠠᠭᠰᠠᠨ ᠪᠠᠶᠢᠪᠠ᠃ | 1946 ᠣᠨ ᠤ 2 ᠰᠠᠷ᠎ᠠ ᠳᠤ᠂ ᠳᠤᠮᠳᠠᠳᠤ ᠤᠯᠤᠰ ᠤᠨ ᠨᠠᠨᠵᠢᠩ ᠤᠨ ᠴᠡᠷᠢᠭ ᠤᠨ ᠶᠠᠪᠤᠳᠠᠯ ᠤᠨ ᠰᠢᠭᠦᠬᠦ | ᠲᠢᠩᠬᠢᠮ ᠠᠴᠠ ᠪᠠᠶᠢᠴᠠᠭᠠᠨ ᠲᠣᠳᠤᠯᠠᠭᠰᠠᠨ ᠢ ᠦᠨᠳᠦᠰᠦᠯᠡᠪᠡᠯ᠂ ᠶᠠᠫᠣᠨ ᠴᠡᠷᠢᠭ ᠨᠡᠶᠢᠲᠡ 858 ᠤᠳᠠᠭᠠᠨ ᠤ | ᠬᠢᠲᠤᠯᠭ᠎ᠠ ᠶᠠᠪᠤᠭᠤᠯᠵᠤ᠂ ᠬᠤᠷᠤᠭᠠᠭᠰᠠᠨ ᠬᠦᠮᠦᠨ 15 ᠲᠥᠮᠡ ᠳᠤ ᠬᠦᠷᠦᠭᠰᠡᠨ ᠪᠠᠶᠢᠨ᠎ᠠ᠃ | ᠶᠠᠫᠣᠨ ᠴᠡᠷᠢᠭ ᠨᠠᠨᠵᠢᠩ ᠬᠤᠲᠠ ᠶᠢ ᠡᠵᠡᠯᠡᠭᠰᠡᠨ ᠨᠢᠭᠡ ᠰᠠᠷ᠎ᠠ ᠳᠣᠲᠤᠷ᠎ᠠ᠂ ᠪᠦᠬᠦ ᠬᠤᠲᠠ ᠳᠤ 2 ᠲᠥᠮᠡ | ᠭᠠᠷᠤᠢ ᠬᠦᠴᠦᠷᠬᠡᠭᠯᠡᠨ ᠨᠦᠵᠢᠳᠯᠡᠭᠰᠡᠨ ᠬᠡᠷᠡᠭ ᠭᠠᠷᠴᠤ᠂ ᠮᠠᠰᠢ ᠣᠯᠠᠨ ᠡᠮᠡᠭᠲᠡᠶᠢᠴᠦᠳ ᠠᠯᠠᠭᠳᠠᠵᠤ᠂ ᠬᠡᠭᠦᠷ ᠶᠠᠰᠤ | ᠨᠢ ᠦᠵᠡᠬᠦ ᠶᠢᠨ ᠠᠷᠭ᠎ᠠ ᠦᠭᠡᠢ ᠬᠠᠷᠠᠰᠠᠯᠲᠠᠢ ᠪᠠᠶᠢᠪᠠ᠃ | ᠶᠠᠫᠣᠨ ᠤ ᠳᠥᠷᠢᠮᠡᠬᠡᠶᠢᠯᠡᠭᠴᠢᠳ ᠨᠠᠨᠵᠢᠩ ᠢ ᠡᠵᠡᠯᠡᠭᠰᠡᠨ ᠤ ᠳᠠᠷᠠᠭ᠎ᠠ᠂ ᠲᠦᠭ ᠲᠦᠮᠡᠨ ᠠᠷᠠᠳ ᠢ ᠬᠢᠲᠤᠵᠤ | ᠠᠯᠠᠭᠰᠠᠨ ᠢᠶᠠᠷ ᠪᠠᠷᠠᠬᠤ ᠦᠭᠡᠢ ᠪᠠᠰᠠ ᠳᠤᠮᠳᠠᠳᠤ ᠶᠢᠨ ᠰᠣᠶᠤᠯ ᠤᠨ ᠬᠤᠪᠤᠷ ᠨᠠᠨᠳᠢᠨ ᠡᠳ᠋ ᠪᠣᠳᠠᠰ ᠢ ᠶᠡᠭᠡ ᠪᠠᠷ | ᠳᠡᠭᠡᠷᠡᠮᠳᠡᠵᠦ᠂ ᠪᠠᠶᠢᠴᠠᠭᠠᠯᠲᠠ ᠶᠢ ᠦᠨᠳᠦᠰᠦᠯᠡᠪᠡᠯ ᠪᠠᠷᠤᠭ 88 ᠲᠦᠮᠡᠨ ᠳᠡᠪᠲᠡᠷ ᠨᠣᠮ ᠪᠢᠴᠢᠭ ᠢ ᠪᠣᠯᠢᠶᠠᠨ | ᠠᠪᠠᠴᠢᠵᠠᠢ᠃ |