ᠳᠡᠮᠡᠬᠢ ᠳᠠᠳᠠᠬᠤ ᠶᠢ ᠳᠡᠪᠴᠢᠵᠤ ᠳᠠᠮᠠᠭᠢᠨ ᠤᠳᠤᠭ᠎ᠠ ᠠᠴᠠ ᠬᠤᠯᠠᠬᠠᠨ ᠪᠠᠶᠢᠶ᠎ᠠ
ᠨᠡᠶᠢᠲᠡᠯᠡᠭᠰᠡᠨ ᠴᠠᠭ᠄
2021/12/30
             ᠳᠠᠮᠠᠬᠢᠨ ᠤ ᠳᠤᠬᠠᠢ ᠰᠤᠳᠤᠯᠭᠠᠨ   1991 ᠤᠨ  ᠳᠤ ᠂ ᠠᠮᠧᠷᠢᠺᠠ  ᠶᠢᠨ ᠦᠮᠡᠨ  ᠠᠴᠠ ᠪᠤᠯᠤᠭᠰᠠᠨ ᠦᠬᠦᠯ  ᠤᠨ ᠨᠤᠷᠮ᠎ᠠ  ᠨᠢ 215.1/10 ᠲᠦᠮᠡᠨ ᠬᠦᠮᠦᠨ  ᠳᠤ ᠬᠦᠷᠴᠦ ᠂ ︽ ᠦᠬᠦᠯ  ᠤᠨ ᠨᠤᠷᠮ᠎ᠠ   ᠶᠢᠨ ᠤᠷᠭᠢᠯ ︾   ᠳᠤ ᠳᠤᠯᠵᠤ ᠂ ᠳᠡᠭᠦᠨ  ᠠᠴᠠ ᠬᠤᠶᠢᠰᠢ ᠢᠯᠡᠷᠭᠡᠢ ᠪᠠᠭᠤᠷᠠᠵᠤ ᠂ 2015 ᠤᠨ ᠪᠤᠯᠬᠤ  ᠳᠤ 158.7/10 ᠳᠦᠮᠡᠨ ᠬᠦᠮᠦᠨ ᠪᠤᠯᠵᠠᠢ ᠃ 85 ᠵᠢᠯ  ᠤᠨ ᠬᠤᠭᠤᠴᠠᠭᠠᠨ  ᠳᠤ ᠂ ᠠᠮᠧᠷᠢᠺᠠ   ᠶᠢᠨ ᠡᠮᠡᠭᠳᠡᠶᠢᠴᠤᠳ  ᠤᠨ ᠦᠮᠡᠨ  ᠠᠴᠠ ᠪᠤᠯᠤᠭᠰᠠᠨ ᠦᠬᠦᠯ  ᠤᠨ ᠨᠤᠷᠮ᠎ᠠ  ᠨᠢ 23% ᠪᠠᠷ ᠪᠠᠭᠤᠷᠠᠵᠤ ᠂ ᠡᠷᠡᠭᠳᠡᠶᠢᠴᠤᠳ  ᠤᠨ   ᠬᠢ 32%  ᠢᠶᠠᠷ ᠪᠠᠭᠤᠷᠠᠭᠰᠠᠨ ᠪᠠᠶᠢᠨ᠎ᠠ ᠃ ︽ ᠦᠮᠡᠨ  ᠢ ᠰᠡᠷᠭᠡᠶᠢᠯᠡᠬᠦ ᠪᠠ ᠦᠭᠦᠯ  ᠤᠨ ᠨᠤᠷᠮ᠎ᠠ ᠶᠢ ᠳᠤᠷᠤᠭᠰᠢᠯᠠᠭᠤᠯᠬᠤ 2030 ᠳᠦᠯᠦᠪᠯᠡᠭᠡ ︾   ᠶᠢᠨ ᠵᠠᠳᠠᠯᠤᠯᠳᠠ  ᠳᠤ ᠂ 1930 ᠤᠨ  ᠠᠴᠠ 1990 ᠤᠨ ᠪᠤᠯᠳᠠᠯᠠᠬᠢ ᠬᠤᠭᠤᠴᠠᠭᠠᠨ  ᠳᠤ ᠡᠷᠡᠭᠳᠡᠶᠢᠴᠤᠳ  ᠤᠨ ᠦᠮᠡᠨ  ᠠᠴᠠ ᠪᠤᠯᠤᠭᠰᠠᠨ ᠦᠬᠦᠯ  ᠤᠨ ᠨᠤᠷᠮ᠎ᠠ ᠳᠠᠰᠤᠷᠠᠯᠳᠠ ᠦᠭᠡᠢ ᠳᠡᠭᠡᠭᠰᠢᠯᠡᠵᠦ ᠪᠠᠶᠢᠬᠰᠠᠨ ᠭᠤᠤᠯ ᠰᠢᠯᠳᠠᠭᠠᠨ  ᠳᠤ ᠳᠠᠮᠠᠬᠢ ᠳᠠᠳᠠᠭᠰᠠᠨ  ᠠᠴᠠ ᠪᠤᠯᠵᠤ ᠡᠭᠦᠰᠦᠭᠰᠡᠨ ᠦᠮᠡᠨ  ᠤ ᠡᠪᠡᠳᠴᠢᠳᠠᠨ  ᠤ ᠬᠠᠷᠢᠴᠠᠯ ᠳᠤᠩ ᠶᠡᠭᠡ ᠪᠠᠶᠢᠵᠤ ᠂ ᠤᠨᠴᠠᠭᠠᠢᠢᠯᠠᠨ ᠠᠭᠤᠰᠭᠢᠨ  ᠤ ᠦᠮᠡᠨ  ᠤ ᠡᠪᠡᠳᠴᠢᠳᠠᠨ ᠳᠤᠩ ᠤᠯᠠᠨ ᠪᠠᠶᠢᠬᠰᠠᠨ  ᠳᠤ ᠤᠷᠤᠰᠢᠨ᠎ᠠ ᠭᠡᠵᠦ ᠳᠤᠳᠤᠷᠬᠠᠢᠢᠯᠠᠨ ᠵᠢᠭᠠᠵᠠᠢ ᠃   ᠦᠩᠭᠡᠷᠡᠭᠰᠡᠨ  ᠳᠤ ᠠᠭᠤᠰᠭᠢᠨ ᠦᠮᠡᠨ ᠂ ᠬᠦᠬᠦᠨ ᠪᠤᠯᠴᠢᠷᠬᠠᠢ  ᠶᠢᠨ ᠦᠮᠡᠨ ᠂ ᠬᠤᠳᠤᠷᠢᠩᠬᠠᠢ ᠭᠡᠳᠡᠰᠦᠨ  ᠤ ᠦᠮᠡᠨ ᠪᠠ ᠤᠷᠤᠭ  ᠤᠨ ᠪᠤᠯᠴᠢᠷᠬᠠᠢ  ᠶᠢᠨ ᠦᠮᠡᠨ  ᠤ ᠡᠪᠡᠳᠴᠢᠳᠠᠨ  ᠨᠢ ᠪᠠᠷᠤᠭ ᠠᠮᠧᠷᠢᠺᠠ   ᠶᠢᠨ ᠦᠮᠡᠨ   ᠢᠶᠠᠷ ᠦᠭᠦᠭᠰᠡᠳ  ᠤᠨ ᠬᠠᠭᠠᠰ  ᠢ ᠡᠵᠡᠯᠡᠵᠦ ᠪᠠᠶᠢᠵᠠᠢ ᠃ 1990 ᠤᠨ   ᠠᠴᠠ ᠡᠨᠡ 4 ᠳᠦᠷᠦᠯ  ᠤᠨ ᠦᠮᠡᠨ   ᠢᠶᠠᠷ ᠦᠭᠦᠭᠰᠡᠳ  ᠤᠨ ᠬᠠᠷᠢᠴᠠᠯ ᠡᠭᠢᠯᠡᠨ ᠪᠠᠭᠤᠷᠠᠵᠤ ᠂ ᠪᠦᠬᠦ ᠦᠮᠡᠨ  ᠠᠴᠠ ᠪᠤᠯᠤᠭᠰᠠᠨ ᠦᠬᠦᠯ  ᠤᠨ ᠨᠤᠷᠮ᠎ᠠ   ᠶᠢᠨ ᠬᠠᠨᠳᠤᠰᠢ  ᠶᠢ ᠬᠤᠪᠢᠷᠠᠭᠤᠯᠤᠭᠰᠠᠨ ᠪᠠᠶᠢᠨ᠎ᠠ ᠃ 2014 ᠤᠨ  ᠤ ᠦᠮᠡᠨ  ᠤ ᠪᠠᠶᠢᠴᠠᠭᠠᠯᠳᠠ  ᠠᠴᠠ ᠦᠵᠡᠪᠡᠯ ᠂ ᠳᠠᠮᠠᠭᠢ ᠳᠠᠳᠠᠭᠰᠠᠨ  ᠠᠴᠠ ᠪᠤᠯᠵᠤ 19%  ᠶᠢᠨ ᠦᠮᠡᠨ  ᠢ ᠡᠭᠦᠰᠭᠡᠵᠦ ᠂ ᠦᠮᠡᠨ  ᠠᠴᠠ ᠪᠤᠯᠤᠭᠰᠠᠨ ᠦᠬᠦᠯ  ᠤᠨ ᠨᠤᠷᠮ᠎ᠠ  ᠨᠢ 29% ᠪᠠᠶᠢᠯ᠎ᠠ᠃ ᠠᠮᠧᠷᠢᠺᠠ   ᠶᠢᠨ ᠡᠷᠡᠭᠳᠡᠶᠢᠴᠤᠳ  ᠤᠨ ᠳᠠᠮᠠᠬᠢ ᠳᠠᠳᠠᠬᠤ ᠨᠤᠷᠮ᠎ᠠ  ᠨᠢ 1955 ᠤᠨ  ᠤ 55%  ᠠᠴᠠ ᠪᠠᠭᠤᠷᠠᠭᠠᠳ 2015 ᠤᠨ  ᠳᠤ 17% ᠪᠤᠯᠵᠤ ᠂ ᠡᠮᠡᠭᠳᠡᠶᠢᠴᠤᠳ  ᠤᠨ ᠳᠠᠮᠠᠬᠢ ᠳᠠᠳᠠᠬᠤ ᠨᠤᠷᠮ᠎ᠠ  ᠨᠢ 1965 ᠤᠨ  ᠤ 35% ᠠᠴᠠ ᠪᠠᠭᠤᠷᠠᠭᠠᠳ 2015 ᠤᠨ  ᠳᠤ 14% ᠪᠤᠯᠤᠭᠰᠠᠨ ᠪᠠᠶᠢᠨ᠎ᠠ ᠃ ᠠᠮᠧᠷᠢᠺᠠ  ᠶᠢᠨ ᠦᠮᠡᠨ ᠡᠪᠡᠳᠴᠢᠨ  ᠢ ᠰᠡᠷᠬᠡᠶᠢᠯᠡᠨ ᠵᠠᠰᠠᠬᠤ ᠨᠡᠶᠢᠭᠡᠮᠯᠢᠭ  ᠤᠨ  ᠬᠢᠨ ᠵᠠᠳᠠᠯᠤᠯᠳᠠ ᠬᠢᠭᠰᠡᠨ ᠰᠠᠭᠤᠷᠢᠨ ᠳᠡᠭᠡᠷ᠎ᠡ ᠦᠮᠡᠨ  ᠠᠴᠠ ᠪᠤᠯᠤᠭᠰᠠᠨ ᠦᠬᠦᠯ  ᠤᠨ ᠨᠤᠷᠮ᠎ᠠ ᠪᠠᠭᠤᠷᠠᠭᠰᠠᠨ ᠭᠤᠷᠪᠠᠨ ᠭᠤᠤᠯ ᠰᠢᠯᠳᠠᠭᠠᠨ  ᠢ ᠳ᠋ᠦᠩᠨᠡᠨ ᠭᠠᠷᠭᠠᠭᠰᠠᠨ ᠪᠠᠶᠢᠨ᠎ᠠ ᠂ ᠳᠠᠷᠤᠢ ᠳᠠᠮᠠᠬᠢ ᠳᠠᠳᠠᠬᠤ  ᠶᠢ ᠬᠤᠷᠢᠬᠯᠠᠬᠤ ᠳᠠᠯ᠎ᠠ  ᠪᠠᠷ ᠳᠤᠩ ᠰᠠᠶᠢᠨ ᠦᠷ᠎ᠡ ᠪᠦᠲᠦᠮᠵᠢ ᠤᠯᠤᠬᠰᠠᠨ ᠂ ᠠᠩᠬᠠᠨ  ᠤ ᠬᠤᠭᠤᠴᠠᠭᠠᠨ  ᠤ ᠪᠠᠶᠢᠴᠠᠭᠠᠯᠳᠠ ᠪᠠ ᠰᠡᠷᠭᠡᠶᠢᠯᠡᠯᠳᠡ  ᠶᠢ ᠴᠢᠬᠤᠯᠠᠴᠢᠯᠠᠬᠰᠠᠨ ᠂ ᠡᠮᠴᠢᠯᠡᠬᠦ ᠠᠷᠭ᠎ᠠ ᠬᠡᠯᠪᠡᠷᠢ  ᠶᠢᠨ ᠳᠠᠪᠰᠢᠯᠳᠠ ᠪᠤᠯᠤᠨ᠎ᠠ ᠭᠡᠵᠡᠢ ᠃ ᠡᠭᠦᠨ  ᠤ ᠳᠤᠳᠤᠷ᠎ᠠ ᠂ ᠳᠠᠮᠠᠬᠢ ᠳᠠᠳᠠᠬᠤ  ᠶᠢ ᠬᠤᠷᠢᠬᠯᠠᠬᠰᠠᠨ  ᠨᠢ ᠦᠮᠡᠨ  ᠠᠴᠠ ᠪᠤᠯᠤᠭᠰᠠᠨ ᠦᠭᠦᠯ  ᠤᠨ ᠨᠤᠷᠮ᠎ᠠ  ᠶᠢ ᠪᠠᠭᠤᠷᠠᠭᠤᠯᠬᠤ  ᠳᠤ ᠬᠠᠮᠤᠭ  ᠤᠨ ᠶᠡᠭᠡ ᠦᠢᠯᠡᠳᠦᠯ ᠦᠵᠡᠭᠦᠯᠵᠡᠢ ᠃ ᠳᠠᠮᠠᠬᠢᠨ  ᠳᠤ ᠰᠠᠴᠤᠷᠠᠭ ᠢᠳᠡᠪᠬᠢ ᠫᠤᠯᠤᠨᠢ ᠪᠠ ᠳᠤᠭᠤᠯᠭ᠎ᠠ ᠠᠭᠤᠯᠤᠭᠳᠠᠵᠤ ᠪᠠᠶᠢᠳᠠᠭ ᠂ ᠠᠮᠧᠷᠢᠺᠠ   ᠶᠢᠨ ᠤᠷᠴᠢᠨ ᠳᠤᠭᠤᠷᠢᠨ  ᠢ ᠬᠠᠮᠠᠭᠠᠯᠠᠬᠤ ᠵᠤᠷᠭᠠᠨ  ᠤ ᠢᠯᠡᠷᠭᠡᠶᠢᠯᠡᠭᠰᠡᠨ  ᠢᠶᠠᠷ ᠂ ᠬᠡᠷᠪᠡ ᠡᠳᠦᠷ   ᠲᠤ ᠬᠠᠶᠢᠷᠴᠠᠭ ᠬᠠᠭᠠᠰ ᠳᠡᠮᠡᠭᠢ ᠳᠠᠳᠠᠬᠤ  ᠪᠠᠷ ᠪᠤᠳᠤᠪᠠᠯ ᠂ ᠳᠠᠮᠠᠬᠢᠴᠢᠨ  ᠤ ᠠᠭᠤᠰᠬᠢᠨ  ᠤ ᠭᠡᠰᠡᠭ  ᠨᠢ ᠵᠢᠯ ᠳᠤᠮᠳᠠᠴᠢ  ᠪᠠᠷ ᠪᠠᠷᠤᠭ 16 ᠲᠦᠮᠡᠨ ᠮᠢᠺᠷᠤᠰᠢᠹᠦ᠋ ᠰᠠᠴᠤᠷᠠᠭ ︵18.26 ᠮᠢᠺᠷᠤᠰᠢᠹᠦ᠋ / ᠴᠠᠭ   ᠲᠠᠢ ᠳᠡᠩᠴᠡᠨ᠎ᠠ ︶   ᠲᠤ ᠳᠠᠭᠠᠷᠢᠬᠳᠠᠵᠤ ᠪᠠᠶᠢᠨ᠎ᠠ ᠂ ᠡᠶᠢᠮᠦ  ᠠᠴᠠ ︽ ᠳᠠᠮᠠᠬᠢ ᠲᠠᠳᠠᠭᠰᠠᠨᠳ  ᠤᠨ ᠠᠭᠤᠰᠬᠢ ︾ ᠪᠤᠯ ᠳᠡᠯᠡᠬᠡᠢ ᠳᠡᠭᠡᠷᠡᠬᠢ ᠰᠠᠴᠤᠷᠠᠭ   ᠢᠶᠠᠷ ᠬᠠᠮᠤᠭ  ᠤᠨ ᠴᠢᠩᠭ᠎ᠠ ᠭᠠᠵᠠᠷ ᠪᠤᠯᠤᠨ᠎ᠠ ᠭᠡᠵᠡᠢ ᠃ ᠳᠠᠮᠠᠬᠢ ᠲᠠᠳᠠᠭᠰᠠᠨᠳ  ᠤᠨ ᠰᠠᠴᠤᠷᠠᠭ   ᠲᠤ ᠳᠠᠭᠠᠷᠢᠬᠳᠠᠬᠤ ᠬᠡᠮᠵᠢᠶ᠎ᠠ  ᠨᠢ ᠠᠮᠧᠷᠢᠺᠠ   ᠶᠢᠨ ᠰᠠᠴᠤᠷᠠᠭ   ᠲᠠᠢ ᠬᠤᠯᠪᠤᠭᠳᠠᠬᠤ ᠠᠵᠢᠯ ᠬᠢᠳᠡᠭ ᠠᠵᠢᠯᠳᠠᠨ ᠂ ᠰᠠᠨᠰᠠᠷ  ᠤᠨ ᠦᠷᠳᠡᠭᠡᠨ  ᠤ ᠰᠠᠨᠰᠠᠷᠴᠢᠨ  ᠠᠴᠠ ᠳᠠᠪᠠᠵᠤ ᠪᠤᠢ ᠃ ᠡᠶᠢᠮᠤ ᠠᠴᠠ ᠂ ︽ ᠳᠠᠮᠠᠬᠢ ᠳᠠᠳᠠᠬᠤ ︾   ᠨᠢ ᠳᠡᠯᠡᠬᠡᠢ ᠳᠡᠭᠡᠷᠡᠬᠢ ᠬᠠᠮᠤᠭ  ᠤᠨ ᠭᠦᠨᠳᠤ ᠰᠠᠴᠤᠷᠠᠭ  ᠤᠨ ᠳᠠᠭᠠᠷᠢᠯᠳᠠ  ᠶᠢ ᠬᠦᠯᠢᠶᠡᠵᠦ ᠪᠠᠶᠢᠭ᠎ᠠ ᠶᠠᠪᠤᠳᠠᠯ ᠭᠡᠵᠤ ᠦᠵᠠᠵᠤ ᠪᠤᠯᠤᠨ᠎ᠠ ᠃ ᠬᠦᠮᠦᠨ ᠳᠤᠮᠳᠠᠴᠢ  ᠪᠠᠷ ᠵᠢᠯ ᠪᠦᠷᠢ ᠪᠠᠶᠢᠭᠠᠯᠢ ᠤᠷᠴᠢᠨ  ᠠᠴᠠ ᠬᠦᠯᠢᠶᠡᠨ ᠠᠪᠴᠤ ᠪᠠᠶᠢᠭ᠎ᠠ ᠰᠠᠴᠤᠷᠠᠭ  ᠤᠨ ᠬᠡᠮᠵᠢᠶ᠎ᠠ  ᠨᠢ ᠵᠦᠪᠬᠡᠨ 2400 ᠮᠢᠺᠷᠤᠰᠢᠹᠦ᠋ ᠪᠠᠶᠢᠳᠠᠭ ᠃ ᠨᠢᠭᠡ ᠤᠳᠠᠭ᠎ᠠ ᠴᠡᠭᠡᠵᠢᠨ  ᠤ X ᠰᠠᠴᠤᠷᠠᠭ  ᠤᠨ ᠵᠢᠷᠤᠭ ᠠᠪᠬᠤ ᠰᠠᠴᠤᠷᠠᠭ  ᠤᠨ ᠬᠡᠮᠵᠢᠶ᠎ᠠ  ᠨᠢ 120 ᠮᠢᠺᠷᠤᠰᠢᠹᠦ᠋ ᠂ ᠨᠢᠭᠡ ᠤᠳᠠᠭ᠎ᠠ CT ᠰᠠᠴᠤᠷᠠᠭ  ᠤᠨ ᠪᠠᠶᠢᠴᠠᠭᠠᠯᠳᠠ ᠬᠢᠬᠦ ᠰᠠᠴᠤᠷᠠᠭ  ᠤᠨ ᠬᠡᠮᠵᠢᠶ᠎ᠠ  ᠨᠢ 1 ᠲᠦᠮᠡᠨ ᠮᠢᠺᠷᠤᠰᠢᠹᠦ᠋ ᠪᠠᠶᠢᠳᠠᠭ ᠃ ᠢᠩᠭᠢᠵᠦ ᠪᠤᠳᠤᠪᠠᠯ ᠂ ᠨᠢᠭᠡ ᠵᠢᠯ ᠳᠠᠮᠠᠬᠢ ᠳᠠᠳᠠᠬᠤ  ᠨᠢ 16 ᠤᠳᠠᠭ᠎ᠠ CT ᠰᠠᠴᠤᠷᠠᠭ  ᠤᠨ ᠪᠠᠶᠢᠴᠠᠭᠠᠯᠳᠠ ᠂ ᠮᠢᠩᠭ᠎ᠠ ᠭᠠᠷᠤᠢ ᠤᠳᠠᠭ᠎ᠠ ᠴᠡᠭᠡᠵᠢᠨ  ᠤ X ᠰᠠᠴᠤᠷᠠᠭ  ᠤᠨ ᠵᠢᠷᠤᠭ ᠠᠪᠤᠭᠰᠠᠨ  ᠲᠠᠢ ᠳᠡᠩᠴᠡᠬᠦ ᠶᠤᠮ ᠪᠠᠶᠢᠨ᠎ᠠ ᠃ ᠡᠶᠢᠮᠦ  ᠠᠴᠠ ᠵᠠᠷᠢᠮ CT᠂ X ᠰᠠᠴᠤᠷᠠᠭ ᠂ ᠴᠦᠮ᠎ᠠ  ᠶᠢᠨ ᠰᠤᠷᠢᠨᠵᠢᠨ ᠳᠡᠷᠪᠢᠯᠳᠡ  ᠶᠢᠨ ᠪᠠᠶᠢᠴᠠᠭᠠᠯᠳᠠ ᠬᠢᠬᠦ  ᠠᠴᠠ ᠠᠶᠤᠳᠠᠭ ᠬᠦᠮᠦᠰ ᠰᠠᠨᠠᠭ᠎ᠠ ᠵᠤᠪᠠᠭ᠋ᠤ ᠭᠡᠷᠡᠭ ᠦᠭᠡᠢ ᠶᠤᠮ ᠪᠠᠶᠢᠨ᠎ᠠ ᠳ᠋ᠠ᠃ ᠬᠡᠷᠪᠡ ᠰᠠᠴᠤᠷᠠᠭ  ᠠᠴᠠ ᠦᠨᠡᠨ ᠬᠦ ᠬᠤᠯᠠ ᠪᠠᠶᠢᠶ᠎ᠠ ᠭᠡᠪᠡᠯ ᠂ ᠳᠠᠮᠠᠬᠢ ᠳᠠᠳᠠᠬᠤ  ᠪᠠᠨ ᠪᠤᠯᠢᠬᠤ ᠪᠤᠶᠤ ᠳᠠᠮᠠᠬᠢ ᠲᠠᠳᠠᠭᠰᠠᠳ  ᠠᠴᠠ ᠬᠤᠯᠠ ᠪᠠᠶᠢᠬᠰᠠᠨ  ᠨᠢ ᠳᠡᠭᠡᠷ᠎ᠡ ᠃ ᠳᠠᠮᠠᠬᠢ ᠲᠠᠳᠠᠭᠰᠠᠳ ᠦᠪᠡᠷᠰᠡᠳ  ᠢᠶᠠᠨ ᠳᠠᠮᠠᠬᠢ ᠳᠠᠳᠠᠭᠰᠠᠨ  ᠠᠴᠠ ᠪᠤᠯᠵᠤ ᠡᠪᠡᠳᠴᠢᠨ ᠤᠯᠬᠤ  ᠶᠢ ᠴᠤ ᠶᠠᠭᠠᠬᠢᠬᠤᠪ ᠂ ᠬᠠᠷᠢᠨ ᠳᠠᠮᠠᠬᠢᠨ  ᠤ ᠬᠢᠨᠢ ᠤᠳᠤᠭᠠᠨ  ᠳᠤ ᠰᠠᠭᠤᠵᠤ ᠪᠠᠶᠢᠭᠠᠳ ᠡᠪᠡᠳᠴᠢᠨ ᠤᠯᠤᠭᠰᠠᠨ ᠳᠠᠮᠠᠬᠢ ᠳᠠᠳᠠᠳᠠᠭ ᠦᠭᠡᠢ ᠬᠦᠮᠦᠨ  ᠳᠤ ᠠᠪᠴᠤ ᠬᠡᠯᠡᠪᠡᠯ ᠠᠷᠠᠢ ᠬᠢᠯᠢᠰ ᠪᠢᠰᠢ ᠤᠤ ᠃ 2016 ᠤᠨ  ᠳᠤ ᠂ ᠶᠠᠫᠤᠨ  ᠤ ᠤᠯᠤᠰ  ᠠᠴᠠ ᠡᠷᠭᠢᠯᠡᠭᠰᠡᠨ ᠦᠮᠡᠨ ᠡᠪᠡᠳᠴᠢᠨ  ᠢ ᠰᠤᠳᠤᠯᠬᠤ ᠳᠦᠪ  ᠤᠨ  ᠬᠢᠨ ᠮᠡᠳᠡᠭᠦᠯᠦᠯᠳᠡ ᠨᠡᠶᠢᠳᠡᠯᠡᠵᠦ ᠂ ᠳᠠᠮᠠᠬᠢ ᠳᠠᠳᠠᠳᠠᠭ ᠦᠭᠡᠢ ᠬᠦᠮᠦᠰ  ᠤᠨ ᠳᠤᠳᠤᠷ᠎ᠠ ᠂ ᠳᠠᠮᠠᠬᠢᠨ ᠤᠳᠤᠭᠠᠨ  ᠳᠤ ᠰᠠᠭᠤᠭᠴᠢᠳ  ᠤᠨ ᠠᠭᠤᠰᠬᠢᠨ  ᠤ ᠦᠮᠡᠨ  ᠳᠤ ᠨᠡᠷᠪᠡᠭᠳᠡᠬᠦ ᠠᠶᠤᠯ ᠪᠤᠰᠤᠳ ᠬᠦᠮᠦᠰ  ᠤᠨ  ᠬᠢ  ᠠᠴᠠ 1.3 ᠳᠠᠬᠢᠨ ᠢᠯᠡᠭᠦᠦ ᠪᠠᠶᠢᠨ᠎ᠠ ᠭᠡᠵᠡᠢ ᠃   ᠯᠤᠨᠳᠤᠨ ᠶᠡᠭᠡ ᠰᠤᠷᠭᠠᠭᠤᠯᠢ ᠪᠠ ᠳᠤᠮᠳᠠᠳᠤ ᠤᠯᠤᠰ  ᠤᠨ ᠠᠨᠾᠦ᠋ᠢ  ᠶᠢᠨ ᠡᠮᠨᠡᠯᠭᠡ  ᠶᠢᠨ ᠶᠡᠭᠡ ᠰᠤᠷᠭᠠᠭᠤᠯᠢ  ᠶᠢᠨ ᠰᠤᠳᠤᠯᠭᠠᠳᠠᠳ ᠬᠠᠮᠳᠤᠷᠠᠨ 60 ᠨᠠᠰᠤ  ᠶᠢ ᠳᠠᠪᠠᠭᠰᠠᠨ ᠨᠠᠰᠤᠳᠠᠶᠢᠴᠤᠳ  ᠲᠤ ᠵᠤᠷᠢᠭᠤᠯᠤᠨ ᠰᠤᠳᠤᠯᠭᠠᠨ ᠬᠢᠵᠤ ᠂ ᠡᠳᠡᠭᠡᠷ ᠨᠠᠰᠤᠳᠠᠨ  ᠤ ᠳᠠᠮᠠᠬᠢᠨ  ᠤ ᠤᠳᠤᠭ᠎ᠠ  ᠲᠠᠢ ᠤᠢᠢᠷᠠᠳᠤᠭᠰᠠᠨ ᠪᠠᠶᠢᠳᠠᠯ ᠂ ᠳᠠᠮᠠᠬᠢ ᠳᠠᠳᠠᠬᠤ ᠳᠠᠳᠬᠠᠯ ᠪᠠ ᠡᠷᠡᠭᠦᠯ ᠮᠡᠨᠳᠦ  ᠶᠢᠨ ᠪᠠᠶᠢᠳᠠᠯ  ᠳᠤ ᠨᠢ ᠬᠢᠨᠠᠨ ᠳᠤᠭᠳᠠᠭᠠᠯᠳᠠ ᠬᠢᠵᠡᠢ ᠃ ᠰᠤᠳᠤᠯᠭᠠᠨ  ᠤ ᠳ᠋ᠦᠩ  ᠳᠤ ᠂ 10%  ᠶᠢᠨ ᠨᠠᠰᠤᠳᠠᠨ  ᠨᠢ ᠬᠦᠨᠳᠦ ᠨᠤᠴᠢᠳᠠᠢ ᠳᠠᠨᠢᠨ ᠮᠡᠳᠡᠷᠡᠬᠦᠢ   ᠶᠢᠨ ᠬᠠᠷᠰᠢᠯᠠᠯ  ᠤᠨ ᠡᠪᠡᠳᠴᠢᠨ   ᠲᠠᠢ ᠪᠠᠶᠢᠵᠤ ᠂ ᠡᠨᠡ  ᠨᠢ ᠳᠡᠳᠡᠨ  ᠤ ᠳᠠᠮᠠᠬᠢᠨ  ᠤ ᠤᠳᠤᠭᠠᠨ  ᠳᠤ ᠤᠳᠠᠭᠠᠨ ᠰᠠᠭᠤᠭᠰᠠᠨ  ᠲᠠᠢ ᠰᠢᠭᠤᠳ ᠬᠤᠯᠪᠤᠭ᠎ᠠ  ᠲᠠᠢ ᠪᠠᠶᠢᠬᠤ  ᠶᠢ ᠢᠯᠡᠷᠡᠭᠦᠯᠵᠡᠢ ᠃ ᠠᠮᠧᠷᠢᠺᠠ  ᠶᠢᠨ ᠮᠠᠶᠠᠮᠢ ᠶᠡᠭᠡ ᠰᠤᠷᠭᠠᠭᠤᠯᠢ ᠪᠠ ᠹᠯᠤᠷᠢᠳᠠ ᠤᠯᠠᠨ ᠤᠯᠤᠰ  ᠤᠨ ᠶᠡᠭᠡ ᠰᠤᠷᠭᠠᠭᠤᠯᠢ   ᠶᠢᠨ ᠰᠤᠳᠤᠯᠭᠠᠳᠠᠳ  ᠤᠨ ᠢᠯᠡᠷᠡᠭᠦᠯᠦᠭᠰᠡᠨ  ᠢᠶᠠᠷ ᠂ ᠳᠠᠮᠠᠬᠢᠨ ᠤᠳᠤᠭᠠᠨ  ᠳᠤ ᠰᠠᠭᠤᠭᠴᠢᠳ  ᠤᠨ ᠰᠤᠨᠤᠰᠬᠤ ᠴᠢᠳᠠᠪᠤᠷᠢ   ᠪᠠᠨ ᠠᠯᠳᠠᠬᠤ ᠠᠶᠤᠯ 1/3  ᠪᠠᠷ ᠨᠡᠮᠡᠭᠳᠡᠳᠡᠭ ᠠᠵᠢ ᠃ ᠤᠷᠳᠤ ᠬᠤᠭᠤᠴᠠᠭ᠎ᠠ  ᠪᠠᠷ ᠳᠠᠮᠠᠬᠢᠨ ᠤᠳᠤᠭ᠎ᠠ  ᠲᠠᠢ ᠤᠷᠴᠢᠨ  ᠳᠤ ᠠᠮᠢᠳᠤᠷᠠᠳᠠᠭ ᠬᠡᠦᠬᠡᠳ  ᠲᠤ ᠬᠦᠵᠦᠭᠦᠨ  ᠤ ᠯᠤᠬᠰᠢᠭᠤᠨ ᠰᠤᠳᠠᠯ ᠬᠠᠳᠠᠭᠤᠷᠠᠨ ᠪᠦᠯᠦᠩᠨᠡᠬᠦ ᠪᠠᠶᠢᠳᠠᠯ ᠭᠠᠷᠬᠤ ᠠᠶᠤᠯ ᠳᠠᠬᠢᠨ  ᠢᠶᠠᠷ ᠨᠡᠮᠡᠭᠳᠡᠵᠦ ᠂ ᠡᠨᠡ  ᠨᠢ ᠵᠢᠷᠦᠭᠡᠨ ᠡᠪᠡᠳᠴᠢᠨ ᠡᠭᠦᠰᠬᠦ ᠲᠠᠢ ᠰᠢᠭᠤᠳ ᠬᠤᠯᠪᠤᠭ᠎ᠠ ᠪᠠᠶᠢᠬᠤ  ᠶᠢ ᠠᠦ᠋ᠰᠲᠷᠠᠯᠢᠶ᠎ᠠ   ᠶᠢᠨ ᠰᠤᠳᠤᠯᠭᠠᠳᠠᠳ ᠢᠯᠡᠷᠡᠭᠦᠯᠦᠭᠰᠡᠨ ᠪᠠᠶᠢᠨ᠎ᠠ ᠃ ᠳᠠᠮᠠᠬᠢᠨ ᠤᠳᠤᠭ᠎ᠠ  ᠨᠢ ᠬᠡᠦᠬᠡᠳ  ᠤᠨ ᠠᠮᠠᠨ ᠬᠦᠨᠳᠡᠢ  ᠶᠢᠨ ᠪᠠᠺᠲ᠋ᠧᠷᠢ  ᠶᠢᠨ ᠰᠦᠷᠦᠭ ᠪᠠ ᠤᠭᠤᠷᠠᠭ ᠰᠢᠳᠦᠨ  ᠤ ᠪᠤᠶᠢᠵᠢᠯᠳᠠ  ᠶᠢᠨ ᠶᠠᠪᠤᠴᠠ  ᠳᠤ ᠮᠠᠭᠤ ᠨᠦᠯᠦᠭᠡ ᠦᠵᠡᠭᠦᠯᠵᠦ ᠂ ᠪᠠᠰᠠ ᠰᠢᠯᠦᠰᠦᠨ ᠪᠤᠯᠴᠢᠷᠬᠠᠢ  ᠶᠢᠨ ᠪᠤᠶᠢᠵᠢᠯᠳᠠ ᠪᠠ ᠴᠢᠳᠠᠪᠬᠢ  ᠶᠢ ᠨᠦᠯᠦᠭᠡᠯᠡᠵᠦ ᠂ ᠰᠢᠯᠦᠰᠦ ᠬᠤᠷᠠᠬᠤ  ᠶᠢ ᠮᠠᠭᠤᠳᠠᠭᠤᠯᠵᠤ ᠰᠢᠯᠦᠰᠦᠨ  ᠤ ᠦᠢᠯᠡᠳᠦᠯ  ᠢ ᠪᠠᠭᠤᠷᠠᠭᠤᠯᠳᠠᠭ ᠭᠡᠰᠡᠨ ᠰᠤᠳᠤᠯᠭᠠᠨ  ᠤ ᠳ᠋ᠦᠩ  ᠢ ᠶᠠᠫᠤᠨ  ᠤ ᠰᠤᠳᠤᠯᠭᠠᠳᠠᠳ ᠨᠡᠶᠢᠳᠡᠯᠡᠭᠰᠡᠨ ᠪᠠᠶᠢᠨ᠎ᠠ ᠃ ᠬᠤᠪᠴᠠᠰᠤ ᠬᠤᠨᠠᠷ ᠂ ᠬᠡᠪᠢᠰ ᠵᠡᠷᠭᠡ ᠡᠳ᠋ᠯᠡᠯ ᠭᠡᠷᠡᠭᠯᠡᠯ  ᠳᠤ ᠰᠢᠩᠭᠡᠭᠰᠡᠨ ᠳᠠᠮᠠᠬᠢᠨ  ᠤ ᠤᠳᠤᠭ᠎ᠠ  ᠨᠢ ᠡᠯᠢᠭᠡ ᠪᠠ ᠳᠠᠷᠢᠬᠢᠨ  ᠤ ᠡᠷᠡᠭᠦᠯ ᠮᠡᠨᠳᠦ  ᠶᠢ ᠬᠤᠬᠢᠷᠠᠭᠤᠯᠳᠠᠭ ᠂ ᠬᠦᠳᠡᠯᠦᠯ ᠪᠠᠷᠢᠯ  ᠢ ᠨᠦᠯᠦᠭᠡᠯᠡᠳᠡᠭ ᠂ ᠮᠡᠳᠡᠷᠡᠯ ᠮᠠᠭᠤᠳᠠᠬᠰᠠᠨ ᠴᠢᠨᠠᠷᠳᠠᠢ ᠡᠪᠡᠳᠴᠢᠨ  ᠤ ᠠᠶᠤᠯ  ᠢ ᠨᠡᠮᠡᠭᠳᠡᠭᠦᠯᠵᠦ ᠰᠢᠨ᠎ᠠ ᠬᠠᠭᠤᠴᠢᠨ  ᠤ ᠰᠤᠯᠢᠯᠴᠠᠭ᠎ᠠ  ᠶᠢ ᠬᠦᠨᠳᠦ ᠨᠤᠴᠢᠳᠠᠢ ᠨᠦᠯᠦᠭᠡᠯᠡᠳᠡᠭ ᠭᠡᠵᠦ ᠠᠮᠧᠷᠢᠺᠠ   ᠶᠢᠨ ᠰᠤᠳᠤᠯᠭᠠᠳᠠᠳ  ᠤᠨ ᠰᠤᠳᠤᠯᠭᠠᠨ  ᠤ ᠳ᠋ᠦᠩ  ᠳᠤ ᠢᠯᠡᠷᠡᠭᠰᠡᠨ ᠪᠠᠶᠢᠨ᠎ᠠ ᠃ ᠳᠠᠮᠠᠬᠢᠨ ᠤᠳᠤᠭᠠᠨ  ᠤ ᠦᠯᠡᠳᠡᠭᠳᠡᠯ  ᠨᠢ ᠠᠮᠢᠰᠬᠤᠯ ᠪᠠ ᠠᠷᠠᠰᠤᠨ  ᠤ ᠬᠦᠷᠦᠯᠴᠡᠯ   ᠢᠶᠠᠷ ᠳᠠᠮᠵᠢᠨ ᠬᠦᠮᠦᠨ  ᠤ ᠪᠡᠶ᠎ᠡ  ᠳᠤ ᠰᠢᠩᠭᠡᠳᠡᠭ ᠂ ᠳᠡᠭᠡᠬᠦ  ᠳᠤ ᠳᠠᠮᠠᠬᠢ ᠳᠠᠳᠠᠭᠰᠠᠳ  ᠤᠨ ᠰᠠᠭᠤᠵᠤ ᠦᠩᠭᠡᠷᠡᠭᠰᠡᠨ ᠪᠠᠭᠤᠳᠠᠯ  ᠤᠨ ᠦᠷᠦᠭᠡ ᠂ ᠮᠠᠰᠢᠨ ᠳᠡᠷᠭᠡ ᠵᠢᠴᠢ ᠡᠷᠤᠬᠡ ᠬᠡᠷ ᠲᠤ ᠨᠢ ᠪᠦᠷ ᠳᠠᠮᠠᠬᠢᠨ ᠤᠳᠤᠭᠠᠨ  ᠤ ᠦᠯᠡᠳᠡᠭᠳᠡᠯ ᠪᠠᠶᠢᠵᠤ ᠳᠡᠷᠭᠡᠳᠡ ᠪᠠᠶᠢᠬᠤ ᠬᠦᠮᠦᠰ  ᠢ  ᠨᠢ ᠨᠦᠯᠤᠬᠡᠯᠡᠵᠤ ᠮᠡᠳᠡᠨ᠎ᠠ ᠃ ᠨᠢᠭᠡ ᠰᠢᠷᠭᠡᠭ ᠳᠠᠮᠠᠬᠢ ᠨᠤᠴᠤᠭᠠᠳ ᠳᠠᠭᠤᠰᠳᠠᠯ᠎ᠠ  ᠪᠠᠨ ᠨᠠᠭᠠᠳᠤ ᠵᠠᠬ᠎ᠠ  ᠨᠢ 4000 ᠭᠠᠷᠤᠢ ᠵᠦᠢᠯ  ᠤᠨ ᠬᠢᠮᠢ  ᠶᠢᠨ ᠪᠤᠳᠠᠰ ᠡᠭᠦᠰᠭᠡᠳᠡᠭ ᠂ ᠳᠡᠳᠡᠭᠡᠷ  ᠠᠴᠠ 69 ᠵᠦᠢᠯ  ᠨᠢ ᠦᠮᠡᠨ ᠡᠭᠦᠰᠭᠡᠬᠦ ᠪᠤᠳᠠᠰ ᠪᠤᠯᠬᠤ  ᠶᠢ ᠨᠢᠭᠡᠨᠳᠡ ᠨᠤᠳᠠᠯᠠᠵᠠᠢ ᠃ ᠪᠠᠳᠤᠳᠠᠢ ᠪᠠᠷᠢᠮᠳᠠ  ᠨᠤᠭᠤᠳ  ᠠᠴᠠ ᠦᠵᠡᠪᠡᠯ ᠂ ᠳᠠᠮᠠᠬᠢ ᠳᠠᠳᠠᠬᠤ  ᠨᠢ ᠠᠭᠤᠰᠬᠢᠨ  ᠤ ᠦᠮᠡᠨ ᠂ ᠬᠦᠬᠦᠨ ᠪᠤᠯᠴᠢᠷᠬᠠᠢ   ᠶᠢᠨ ᠦᠮᠡᠨ ᠂ ᠠᠮᠠᠨ ᠬᠦᠨᠳᠡᠢ   ᠶᠢᠨ ᠦᠮᠡᠨ ᠂ ᠳᠠᠪᠤᠰᠠᠩ  ᠤᠨ ᠦᠮᠡᠨ ᠂ ᠬᠤᠳᠤᠷᠢᠩᠬᠠᠢ ᠭᠡᠳᠡᠰᠦᠨ  ᠤ ᠦᠮᠠᠨ ᠂ ᠤᠯᠠᠭᠠᠨ ᠬᠤᠭᠤᠯᠠᠢ   ᠶᠢᠨ ᠦᠮᠡᠨ ᠂ ᠤᠷᠤᠭ  ᠤᠨ ᠪᠤᠯᠴᠢᠷᠬᠠᠢ   ᠶᠢᠨ ᠦᠮᠠᠨ ᠂ ᠨᠦᠢᠷ  ᠤᠨ ᠪᠤᠯᠴᠢᠷᠬᠠᠢ   ᠶᠢᠨ ᠦᠮᠡᠨ ᠵᠡᠷᠭᠡ ᠠᠷᠪᠠᠭᠠᠳ ᠳᠦᠷᠦᠯ  ᠤᠨ ᠦᠮᠡᠨ ᠡᠭᠦᠰᠬᠦ  ᠲᠠᠢ ᠬᠤᠯᠪᠤᠭ᠎ᠠ  ᠲᠠᠢ ᠪᠠᠶᠢᠭ᠎ᠠ ᠠᠵᠢ ᠃ ᠡᠭᠦᠨ  ᠢᠶᠠᠷ ᠪᠠᠷᠠᠬᠤ ᠦᠭᠡᠢ ᠳᠠᠮᠠᠬᠢ ᠳᠠᠳᠠᠬᠤ  ᠨᠢ ᠪᠠᠰᠠ ᠦᠷᠡᠵᠢᠯ  ᠤᠨ ᠴᠢᠳᠠᠪᠤᠷᠢ  ᠶᠢ ᠮᠠᠭᠤᠳᠠᠭᠤᠯᠤᠨ ᠂ ᠪᠡᠯᠭᠡ  ᠶᠢᠨ ᠴᠢᠳᠠᠪᠤᠷᠢ  ᠶᠢᠨ ᠳᠤᠷᠦ᠋ᠢᠳᠠᠯ  ᠢ ᠳᠦᠷᠭᠡᠳᠭᠡᠵᠦ ᠂ ᠶᠠᠰᠤ  ᠶᠢ ᠭᠡᠪᠡᠷᠡᠭᠰᠢᠭᠦᠯᠳᠡᠭ  ᠢᠶᠠᠷ ᠪᠠᠷᠠᠬᠤ ᠦᠭᠡᠢ ᠵᠢᠷᠦᠭᠡ ᠴᠢᠰᠦᠨ ᠰᠤᠳᠠᠯ  ᠤᠨ ᠡᠪᠡᠳᠴᠢᠨ  ᠢ ᠢᠯᠡᠷᠭᠡᠢ ᠬᠦᠨᠳᠦᠷᠡᠭᠦᠯᠳᠡᠭ ᠃ ᠳᠠᠮᠠᠬᠢ ᠳᠠᠳᠠᠬᠤ   ᠠᠴᠠ ᠪᠤᠯᠵᠤ ᠡᠮᠡᠭᠳᠡᠶᠢᠴᠤᠳ  ᠤᠨ ᠵᠢᠷᠦᠭᠡᠨ  ᠳᠤ ᠤᠴᠠᠷᠠᠭᠤᠯᠬᠤ ᠬᠤᠬᠢᠷᠠᠯ  ᠨᠢ ᠡᠷᠡᠭᠳᠡᠶᠢᠴᠤᠳ  ᠤᠨ  ᠬᠢ  ᠠᠴᠠ ᠢᠯᠡᠷᠭᠡᠢ ᠬᠦᠨᠳᠦ ᠪᠠᠶᠢᠳᠠᠭ ᠠᠵᠢ ᠃            ᠳᠠᠮᠠᠬᠢᠨ ᠤ ᠬᠤᠤᠷ ᠬᠦᠨᠤᠬᠡᠯ   ᠳᠠᠮᠠᠬᠢᠨ  ᠤ ᠬᠤᠤᠷ  ᠨᠢ ᠵᠦᠪᠬᠡᠨ ᠠᠭᠤᠰᠬᠢ  ᠶᠢ ᠬᠤᠬᠢᠷᠠᠭᠤᠯᠳᠠᠭ ᠳᠡᠳᠦᠢ ᠦᠭᠡᠢ ᠂ ᠬᠦᠮᠦᠨ  ᠤ ᠪᠡᠶ᠎ᠡ  ᠳᠤ ︽ ᠳᠤᠳᠤᠷ᠎ᠠ  ᠠᠴᠠ ᠭᠠᠳᠠᠨ᠎ᠠ  ᠨᠢ ᠬᠦᠷᠳᠡᠯ᠎ᠠ ︾ ᠬᠤᠬᠢᠷᠠᠯ ᠬᠤᠪᠢᠷᠠᠯᠳᠠ ᠠᠪᠴᠢᠷᠠᠳᠠᠭ ᠃ ᠬᠠᠮᠤᠭ  ᠤᠨ ᠢᠯᠡᠷᠭᠡᠢ ᠮᠡᠳᠡᠭᠳᠡᠳᠡᠭ  ᠨᠢ ᠬᠦᠮᠦᠨ  ᠤ ᠦᠩᠭᠡ ᠵᠢᠰᠦᠨ  ᠳᠤ ᠬᠤᠪᠢᠷᠠᠯᠳᠠ ᠭᠠᠷᠭᠠᠳᠠᠭ ᠃ ᠨᠢᠺᠦᠲ᠋ᠢᠨ ᠠᠮᠠᠷᠬᠠᠨ ᠨᠦᠢᠷ ᠬᠤᠯᠵᠢᠭᠤᠯᠳᠠᠭ ᠂ ᠳᠠᠮᠠᠬᠢ ᠳᠠᠳᠠᠭᠰᠠᠳ  ᠤᠨ ᠠᠨᠢᠰᠬ᠎ᠠ ᠤᠨᠵᠢᠬᠤ ᠨᠤᠷᠮ᠎ᠠ ᠳᠠᠮᠠᠬᠢ ᠳᠠᠳᠠᠳᠠᠭ ᠦᠭᠡᠢ ᠬᠦᠮᠦᠨ  ᠠᠴᠠ 4 ᠳᠠᠬᠢᠨ ᠢᠯᠡᠭᠦᠦ ᠪᠠᠶᠢᠳᠠᠭ ᠃ ᠨᠢᠺᠦᠲ᠋ᠢᠨ  ᠨᠢ ᠰᠢᠳᠦ ᠂ ᠬᠤᠷᠤᠭᠤ  ᠶᠢ ᠰᠢᠷᠠᠯᠠᠭᠤᠯᠳᠠᠭ ᠃ ᠳᠠᠮᠠᠬᠢ ᠳᠠᠳᠠᠭᠰᠠᠨ  ᠠᠴᠠ ᠪᠤᠯᠵᠤ ᠬᠦᠮᠦᠨ  ᠤ ᠪᠡᠶ᠎ᠡ  ᠶᠢᠨ ᠡᠰ ᠡᠷᠭᠡᠳᠡᠨ  ᠤ ᠦᠳᠡᠯᠬᠦ  ᠨᠢ ᠳᠦᠷᠭᠡᠰᠳᠡᠭ ᠂ ᠳᠠᠮᠠᠬᠢ ᠳᠠᠳᠠᠭᠰᠠᠳ  ᠨᠢ ᠦᠶ᠎ᠠ ᠬᠤᠷᠠᠭ  ᠤᠨ ᠬᠦᠮᠦᠰ  ᠠᠴᠠ  ᠪᠠᠨ 1.4 ᠨᠠᠰᠤ ᠠᠬ᠎ᠠ ᠬᠠᠷᠠᠭᠳᠠᠳᠠᠭ ᠃ ᠳᠠᠮᠠᠬᠢ ᠳᠠᠳᠠᠭᠰᠠᠳ  ᠤᠨ ᠭᠡᠵᠢᠭᠡ ᠨᠠᠷᠢᠰᠴᠤ ᠂ ᠬᠠᠷ᠎ᠠ ᠦᠩᠭᠡ   ᠶᠢᠨ ᠡᠳ᠋  ᠨᠢ ᠪᠠᠭᠠᠰᠴᠤ ᠂ ᠭᠡᠵᠢᠭᠡ  ᠨᠢ ᠠᠭᠠᠵᠢᠮ  ᠢᠶᠠᠷ ᠰᠠᠭᠠᠷᠠᠯ ᠪᠤᠯᠳᠠᠭ ᠃ ᠳᠠᠶᠢᠸᠠᠨ  ᠤ ᠰᠤᠳᠤᠯᠭᠠᠳᠡᠳ  ᠤᠨ ᠢᠯᠡᠷᠡᠭᠦᠯᠦᠭᠰᠡᠨ  ᠢᠶᠠᠷ ᠂ ᠨᠠᠰᠤ ᠵᠢᠯ  ᠤᠨ ᠵᠦᠷᠢᠶ᠎ᠡ ᠪᠠ ᠤᠳᠤᠮᠯᠠᠯ  ᠤᠨ ᠡᠯᠧᠮᠧᠨ᠋ᠲ ᠤᠷᠤᠰᠢᠬᠤ ᠦᠭᠡᠢ ᠪᠠᠶᠢᠳᠠᠯ  ᠳᠤ ᠂ ᠳᠠᠮᠠᠬᠢ ᠳᠠᠳᠠᠭᠰᠠᠳ  ᠤᠨ ᠦᠰᠦ ᠬᠠᠯᠵᠠᠨ ᠪᠤᠯᠬᠤ ᠨᠤᠷᠮ᠎ᠠ  ᠨᠢ ᠳᠠᠮᠠᠬᠢ ᠳᠠᠳᠠᠳᠠᠭ ᠦᠭᠡᠢ ᠬᠦᠮᠦᠨ  ᠠᠴᠠ ᠨᠢᠭᠡ ᠳᠠᠬᠢᠨ ᠢᠯᠡᠭᠦᠦ ᠪᠠᠶᠢᠭ᠎ᠠ ᠶᠤᠮ ᠪᠠᠶᠢᠨ᠎ᠠ ᠃ ᠨᠢᠺᠦᠲ᠋ᠢᠨ  ᠠᠴᠠ ᠪᠤᠯᠵᠤ ᠴᠢᠰᠦᠨ ᠰᠤᠳᠠᠯ ᠠᠪᠴᠢᠵᠤ ᠂ ᠰᠢᠷᠬ᠎ᠠ ᠡᠳᠡᠭᠡᠬᠦ  ᠨᠢ ᠤᠳᠠᠭᠠᠨ ᠪᠤᠯᠳᠠᠭ ᠮᠦᠷᠳᠡᠭᠡᠨ ᠢᠯᠡ ᠳᠤᠳᠤ ᠰᠤᠷᠪᠢ ᠦᠯᠡᠳᠡᠳᠡᠭ ᠃ ᠳᠠᠮᠠᠬᠢ ᠳᠠᠳᠠᠬᠤ ᠪᠤᠯ ᠪᠤᠶᠢᠯᠠ  ᠶᠢᠨ ᠦᠷᠪᠢᠰᠦᠯ ᠡᠭᠦᠰᠭᠡᠬᠦ ᠠᠶᠤᠯ  ᠲᠠᠢ ᠡᠯᠧᠮᠧᠨ᠋ᠲ  ᠤᠨ ᠨᠢᠭᠡ ᠂ ᠳᠠᠮᠠᠬᠢᠨ  ᠤ ᠤᠳᠤᠭ᠎ᠠ  ᠨᠢ ᠰᠢᠳᠦᠨ  ᠤ ᠦᠩᠭᠡᠨ ᠳᠠᠯ᠎ᠠ  ᠳᠤ ᠳᠤᠯᠪᠤ ᠭᠠᠷᠬᠤ ᠪᠠ ᠰᠢᠳᠦᠨ  ᠤ ᠬᠠᠬ ᠭᠠᠷᠬᠤ  ᠶᠢ ᠳᠦᠷᠭᠡᠳᠭᠡᠳᠡᠭ  ᠤᠨ ᠤᠯᠠᠮ  ᠠᠴᠠ ᠪᠤᠶᠢᠯᠠ  ᠶᠢᠨ ᠡᠪᠡᠳᠴᠢᠨ ᠡᠮᠬᠡᠭ ᠡᠭᠦᠰᠭᠡᠳᠡᠭ ᠃ ᠳᠠᠮᠠᠬᠢᠨ ᠤᠳᠤᠭᠠᠨ  ᠳᠠᠬᠢ ᠨᠡᠭᠦᠷᠡᠰᠦᠳᠦ᠋ᠷᠦᠭᠴᠢ  ᠶᠢᠨ ᠳᠠᠩ ᠢᠰᠦᠯ  ᠨᠢ ᠨᠢᠭᠤᠷ  ᠤᠨ ᠠᠷᠠᠰᠤᠨ  ᠳᠠᠬᠢ ᠬᠦᠴᠢᠯᠳᠦ᠋ᠷᠦᠭᠴᠢ  ᠶᠢ ᠤᠷᠤᠯᠡᠵᠦ ᠂ ᠨᠢᠺᠦᠲ᠋ᠢᠨ  ᠲᠠᠢ ᠨᠡᠶᠢᠯᠡᠵᠦ ᠴᠢᠰᠦᠨ  ᠤ ᠡᠷᠭᠢᠯᠳᠡ  ᠶᠢ ᠮᠠᠭᠤᠳᠠᠭᠤᠯᠵᠤ ᠠᠷᠠᠰᠤ  ᠶᠢ ᠬᠠᠭᠤᠷᠠᠶᠢᠰᠢᠭᠤᠯᠳᠠᠭ ᠃ ᠡᠭᠦᠨ  ᠠᠴᠠ ᠭᠠᠳᠠᠨ᠎ᠠ ᠂ ᠳᠠᠮᠠᠬᠢ ᠳᠠᠳᠠᠭᠰᠠᠳ  ᠤᠨ ᠠᠷᠠᠰᠤᠨ  ᠤ ᠦᠮᠡᠨ  ᠳᠤ ᠨᠡᠷᠪᠡᠭᠳᠡᠬᠦ ᠠᠶᠤᠯ  ᠨᠢ ᠳᠠᠮᠠᠬᠢ ᠳᠠᠳᠠᠳᠠᠭ ᠦᠭᠡᠢ ᠬᠦᠮᠦᠨ  ᠤ 3 ᠳᠠᠬᠢᠨ ᠪᠠᠶᠢᠳᠠᠭ ᠃ ᠳᠠᠮᠠᠬᠢᠨ  ᠳᠠᠬᠢ ᠨᠢᠺᠦᠲ᠋ᠢᠨ  ᠨᠢ ᠠᠷᠠᠰᠤᠨ  ᠤ ᠰᠢᠷᠭᠡᠭᠯᠢᠭ ᠪᠠ ᠬᠤᠯᠪᠤᠬᠤ ᠨᠡᠭᠡᠳᠡᠰᠦ  ᠶᠢ ᠡᠪᠳᠡᠵᠦ ᠠᠷᠠᠰᠤᠨ  ᠤ ᠤᠶᠠᠨ ᠬᠠᠳᠠᠨ ᠴᠢᠨᠠᠷ  ᠢ ᠠᠯᠳᠠᠭᠤᠯᠳᠠᠭ ᠃   ᠬᠤᠯᠠᠨᠳ᠋  ᠤᠨ ᠰᠤᠳᠤᠯᠭᠠᠳᠡᠳ  ᠤᠨ ᠰᠤᠳᠤᠯᠭᠠᠨ  ᠤ ᠳ᠋ᠦᠩ  ᠠᠴᠠ ᠦᠵᠡᠪᠡᠯ ᠂ ᠳᠠᠮᠠᠬᠢ ᠳᠠᠳᠠᠭᠰᠠᠳ  ᠤᠨ ᠪᠡᠶ᠎ᠡ  ᠶᠢᠨ ᠳᠤᠳᠤᠷ ᠡᠷᠭᠡᠳᠡᠨ  ᠤ ᠦᠭᠡᠬᠦ ᠨᠡᠮᠡᠭᠳᠡᠵᠦ ᠂ ᠰᠢᠬᠢᠷ ᠰᠢᠵᠢᠩ ᠡᠪᠡᠳᠴᠢᠨ ᠵᠡᠷᠭᠡ ᠰᠢᠨ᠎ᠠ ᠬᠠᠭᠤᠴᠢᠨ  ᠤ ᠰᠤᠯᠢᠯᠴᠠᠭᠠᠨ  ᠤ ᠡᠪᠡᠳᠴᠢᠨ  ᠤ ᠠᠶᠤᠯ ᠨᠡᠮᠡᠭᠳᠡᠳᠡᠭ ᠃ ᠳᠠᠮᠠᠬᠢ ᠳᠠᠳᠠᠭᠰᠠᠨ  ᠠᠴᠠ ᠪᠤᠯᠤᠭᠰᠠᠨ ᠬᠤᠤᠷ ᠨᠦᠯᠦᠭᠡ  ᠨᠢ ᠳᠠᠮᠠᠬᠢ ᠳᠠᠳᠠᠭᠰᠠᠨ  ᠠᠴᠠ 15 ~ 20 ᠵᠢᠯ  ᠤᠨ ᠳᠠᠷᠠᠭ᠎ᠠ ᠢᠯᠡᠷᠡᠳᠡᠭ ᠃ ᠶᠠᠭᠤ ᠴᠤ ᠬᠡᠰᠡᠨ ᠨᠢᠳᠤᠨ  ᠳᠤ ᠰᠢᠭᠤᠳ ᠬᠠᠷᠠᠭᠳᠠᠬᠤ ᠦᠭᠡᠢ ᠪᠠᠶᠢᠪᠠᠴᠤ ᠪᠡᠶ᠎ᠡ  ᠳᠤ ᠴᠢᠨᠢ ᠡᠪᠡᠳᠴᠢᠨ ᠡᠮᠭᠡᠭ  ᠤᠨ ᠭᠡᠮ ᠰᠤᠭᠤᠭ ᠰᠠᠭᠤᠴᠢᠬᠠᠭᠰᠠᠨ ᠪᠠᠶᠢᠵᠤ ᠮᠡᠳᠡᠨ᠎ᠠ ᠃ ᠳᠠᠬᠤᠯ ᠡᠪᠡᠳᠴᠢᠨ  ᠤ ᠰᠤᠳᠤᠯᠭᠠᠨ  ᠤ ᠪᠠᠶᠢᠴᠠᠭᠠᠯᠳᠠ  ᠠᠴᠠ ᠦᠵᠡᠪᠡᠯ ᠂ ᠳᠠᠮᠠᠬᠢ ᠳᠠᠳᠠᠭᠰᠠᠳ  ᠤᠨ ᠳᠢᠳᠢᠮᠯᠢᠭ ᠵᠢᠷᠦᠭᠡᠨ ᠡᠪᠡᠳᠴᠢᠨ ᠂ ᠰᠠ ᠡᠪᠡᠳᠴᠢᠨ ᠵᠢᠴᠢ ᠵᠢᠷᠤᠬᠡᠨ  ᠤ ᠴᠢᠰᠦᠨ ᠰᠤᠳᠠᠯ  ᠤᠨ ᠡᠪᠡᠳᠴᠢᠨ ᠡᠭᠦᠰᠬᠦ ᠨᠤᠷᠮ᠎ᠠ ᠢᠯᠡᠷᠭᠡᠢ ᠨᠡᠮᠡᠭᠳᠡᠳᠡᠭ ᠃ ᠳᠠᠮᠠᠬᠢ ᠳᠠᠳᠠᠭᠰᠠᠳ  ᠤᠨ ᠰᠠ ᠡᠪᠡᠳᠴᠢᠨ  ᠳᠤ ᠨᠡᠷᠪᠡᠭᠳᠡᠬᠦ ᠠᠶᠤᠯ ᠳᠠᠮᠠᠬᠢ ᠳᠠᠳᠠᠳᠠᠭ ᠦᠭᠡᠢ ᠬᠦᠮᠦᠨ  ᠤ  ᠬᠢ  ᠠᠴᠠ 2 ~ 3.5 ᠳᠠᠬᠢᠨ ᠶᠡᠭᠡ ᠂ ᠭᠡᠷᠪᠠ ᠳᠠᠮᠠᠬᠢ ᠳᠠᠳᠠᠳᠠᠭ ᠪᠦᠭᠡᠳ ᠴᠢᠰᠦᠨ ᠳᠠᠷᠤᠯᠳᠠ ᠦᠨᠳᠦᠷ ᠪᠤᠯ ᠰᠠ ᠡᠪᠡᠳᠴᠢᠨ  ᠤ ᠠᠶᠤᠯ  ᠨᠢ 20 ᠳᠠᠬᠢᠨ  ᠢᠶᠠᠷ ᠨᠡᠮᠡᠭᠳᠡᠨ᠎ᠠ ᠃ ᠤᠵᠢᠬ ᠳᠦᠭᠵᠢᠷᠡᠭᠰᠡᠨ ᠴᠢᠨᠠᠷᠳᠠᠢ ᠠᠭᠤᠰᠬᠢᠨ ᠡᠪᠡᠳᠴᠢᠨ ᠪᠤᠯ ᠳᠡᠯᠡᠬᠡᠢ  ᠶᠢᠨ ᠳᠦᠷᠪᠡᠳᠦᠭᠡᠷ  ᠲᠤ ᠤᠷᠤᠬᠤ ᠦᠬᠦᠯ  ᠤᠨ ᠠᠶᠤᠯᠳᠤ ᠡᠪᠡᠳᠴᠢᠨ ᠪᠤᠯᠤᠨ᠎ᠠ ᠃ ᠳᠠᠮᠠᠬᠢ ᠳᠠᠳᠠᠬᠤ ᠪᠤᠯ ᠤᠵᠢᠬ ᠳᠦᠭᠵᠢᠷᠡᠭᠰᠡᠨ ᠴᠢᠨᠠᠷᠳᠠᠢ ᠠᠭᠤᠰᠬᠢᠨ ᠡᠪᠡᠳᠴᠢᠨ ᠡᠭᠦᠰᠭᠡᠬᠦ ᠳᠡᠷᠢᠭᠦᠨ ᠡᠯᠧᠮᠧᠨ᠋ᠲ ᠪᠤᠯᠤᠨ᠎ᠠ ᠂ ᠤᠵᠢᠬ ᠳᠦᠭᠵᠢᠷᠡᠭᠰᠡᠨ ᠴᠢᠨᠠᠷᠳᠠᠢ ᠠᠭᠤᠰᠬᠢᠨ ᠡᠪᠡᠳᠴᠢᠳᠠᠨ  ᠤ 8 ᠬᠤᠪᠢ  ᠨᠢ ᠳᠠᠮᠠᠬᠢ ᠲᠠᠳᠠᠭᠰᠠᠳ ᠪᠠᠶᠢᠳᠠᠭ ᠃ ᠰᠤᠳᠤᠯᠭᠠᠨ ᠪᠠ ᠡᠮᠴᠢᠯᠡᠭᠡᠨ  ᠤ ᠵᠢᠱᠢᠶ᠎ᠠ  ᠠᠴᠠ ᠦᠵᠡᠪᠡᠯ ᠂ ᠳᠠᠮᠠᠬᠢ ᠳᠠᠳᠠᠬᠤ  ᠨᠢ ᠡᠷᠡᠭᠳᠡᠶᠢᠴᠤᠳ  ᠤᠨ ᠪᠡᠯᠭᠡ  ᠶᠢᠨ ᠴᠢᠳᠠᠪᠬᠢ ︵ ᠤᠨᠴᠠᠭᠠᠢᠢᠯᠠᠨ ᠬᠦᠪᠴᠢᠷᠬᠡᠢ ᠬᠠᠳᠠᠭᠤᠷᠠᠬᠤ ︶   ᠶᠢ ᠨᠦᠯᠦᠭᠡᠯᠡᠳᠡᠭ ᠂ ᠡᠷ᠎ᠡ ᠪᠡᠯᠭᠡ   ᠶᠢᠨ ᠰᠤᠯᠠᠷᠠᠯ   ᠤᠨ ᠡᠪᠡᠳᠴᠢᠳᠠᠨ  ᠤ 65% ᠢᠯᠡᠭᠦᠦ  ᠨᠢ ᠳᠠᠮᠠᠬᠢ ᠲᠠᠳᠠᠭᠰᠠᠳ ᠪᠠᠶᠢᠭ᠎ᠠ ᠶᠤᠮ ᠪᠠᠶᠢᠨ᠎ᠠ ᠃ ᠨᠢᠺᠦᠲ᠋ᠢᠨ  ᠨᠢ ᠤᠷᠭᠤᠮᠠᠯᠯᠢᠬ ᠮᠡᠳᠡᠷᠡᠯ  ᠢ ᠮᠢᠨᠴᠤᠭᠦᠷᠡᠭᠦᠯᠬᠦ ᠪᠠ ᠳᠠᠷᠤᠳᠠᠭ  ᠠᠴᠠ ᠪᠤᠯᠵᠤ ᠂ ᠳᠠᠴᠢᠶᠠᠯ ᠳᠦᠷᠦᠬᠦ ᠦᠭᠡᠢ ᠪᠤᠯᠵᠤ ᠂ ᠬᠦᠪᠴᠢᠷᠭᠡᠢ   ᠶᠢᠨ ᠬᠠᠳᠠᠭᠤᠷᠠᠬᠤ ᠴᠢᠳᠠᠪᠤᠷᠢ ᠮᠠᠭᠤᠳᠠᠳᠠᠭ ᠃ ᠳᠠᠮᠠᠬᠢ ᠳᠠᠳᠠᠭᠰᠠᠨ  ᠠᠴᠠ ᠪᠤᠯᠵᠤ ᠤᠵᠢᠬ ᠬᠤᠳᠤᠭᠤᠳᠤᠨ ᠦᠷᠪᠢᠰᠦᠯ  ᠳᠤ ᠨᠡᠷᠪᠡᠭᠳᠡᠭᠰᠡᠨ ᠵᠢᠱᠢᠶ᠎ᠠ ᠡᠮᠴᠢᠯᠡᠭᠡᠨ  ᠳᠤ ᠤᠯᠠᠨ ᠳᠤᠬᠢᠶᠠᠯᠳᠤᠳᠠᠭ ᠶᠤᠮ ᠪᠠᠶᠢᠨ᠎ᠠ ᠂ ᠳᠡᠭᠦᠨ  ᠤ ᠰᠢᠯᠳᠠᠭᠠᠨ  ᠨᠢ ᠭᠤᠷᠪᠠ ᠪᠠᠶᠢᠳᠠᠭ ᠄ ᠨᠢᠺᠦᠲ᠋ᠢᠨ ᠬᠤᠳᠤᠭᠤᠳᠤᠨ  ᠤ ᠰᠠᠯᠢᠰᠤᠳᠤ ᠪᠦᠷᠭᠦᠪᠴᠢ   ᠶᠢᠨ ᠳᠤᠤᠷᠠᠬᠢ ᠴᠢᠰᠦᠨ ᠰᠤᠳᠠᠯ  ᠢ ᠠᠪᠴᠢᠭᠤᠯᠵᠤ ᠵᠠᠩᠭᠢᠷᠠᠭᠤᠯᠳᠠᠭ   ᠠᠴᠠ ᠰᠠᠯᠢᠰᠤᠳᠤ ᠪᠦᠷᠭᠦᠪᠴᠢ  ᠳᠤ ᠴᠢᠰᠦ ᠳᠤᠳᠠᠬᠤ ᠬᠦᠴᠢᠯᠳᠦ᠋ᠷᠦᠭᠴᠢ ᠳᠤᠳᠠᠬᠤ ᠪᠠᠶᠢᠳᠠᠯ  ᠢ ᠪᠤᠢ ᠪᠤᠯᠭᠠᠨ ᠂ ᠬᠤᠳᠤᠭᠤᠳᠤᠨ  ᠤ ᠰᠠᠯᠢᠰᠤᠳᠤ ᠪᠦᠷᠭᠦᠪᠴᠢ   ᠶᠢᠨ ᠪᠦᠷᠢᠨ ᠪᠦᠳᠦᠨ  ᠢ ᠡᠪᠳᠡᠳᠡᠭ ᠃ ᠨᠢᠺᠦᠲ᠋ᠢᠨ ᠬᠤᠳᠤᠭᠤᠳᠤᠨ  ᠤ ᠢᠷᠦᠭᠠᠷ  ᠤᠨ ᠪᠤᠯᠴᠢᠩ  ᠢ ᠰᠤᠯᠠᠳᠠᠭᠤᠯᠵᠤ ᠂ ᠰᠦᠰᠦᠨ  ᠤ ᠰᠢᠩᠭᠡᠨ ᠭᠡᠳᠡᠷᠬᠦ ᠤᠷᠤᠰᠳᠠᠭ ᠂ ᠰᠦᠰᠦᠨ  ᠤ ᠰᠢᠩᠭᠡᠨ  ᠨᠢ ᠬᠤᠳᠤᠭᠤᠳᠤᠨ  ᠤ ᠰᠠᠯᠢᠰᠤᠳᠤ ᠪᠦᠷᠭᠦᠪᠴᠢ  ᠶᠢ ᠡᠪᠳᠡᠵᠦ ᠂ ᠰᠠᠯᠢᠰᠤᠳᠤ ᠪᠦᠷᠭᠦᠪᠴᠢ ᠢᠯᠵᠠᠷᠠᠬᠤ ᠂ ᠦᠷᠪᠢᠰᠦᠯ ᠡᠭᠦᠰᠬᠦ ᠪᠠᠶᠢᠳᠠᠯ  ᠢ ᠪᠤᠢ ᠪᠤᠯᠭᠠᠳᠠᠭ ᠃ ᠳᠠᠮᠠᠬᠢ ᠳᠠᠳᠠᠬᠤ  ᠨᠢ ᠬᠤᠳᠤᠭᠤᠳᠤᠨ  ᠤ ᠠᠵᠢᠯᠯᠠᠭ᠎ᠠ  ᠶᠢ ᠠᠬᠢᠭᠤᠯᠵᠤ ᠂ ᠬᠤᠳᠤᠭᠤᠳᠤᠨ  ᠤ ᠬᠦᠴᠢᠯ ᠢᠯᠭᠠᠷᠠᠭᠤᠯᠬᠤ ᠬᠡᠮᠵᠢᠶ᠎ᠠ  ᠶᠢ ᠨᠡᠮᠡᠭᠳᠡᠭᠦᠯᠦᠨ ᠂ ᠬᠤᠳᠤᠭᠤᠳᠤᠨ  ᠤ ᠰᠠᠯᠢᠰᠤᠳᠤ ᠪᠦᠷᠭᠦᠪᠴᠢ ᠡᠪᠳᠡᠭᠳᠡᠭᠰᠡᠨ ᠰᠠᠭᠤᠷᠢᠨ ᠳᠡᠭᠡᠷ᠎ᠡ ᠬᠤᠳᠤᠭᠤᠳᠤᠨ  ᠤ ᠬᠦᠴᠢᠯ  ᠤᠨ ᠦᠢᠯᠡᠳᠦᠯ   ᠢᠶᠠᠷ ᠬᠤᠳᠤᠭᠤᠳᠤᠨ  ᠤ ᠰᠠᠯᠢᠰᠤᠳᠤ ᠪᠦᠷᠭᠦᠪᠴᠢ  ᠳᠤ ᠦᠵᠡᠭᠦᠯᠬᠦ ᠬᠤᠬᠢᠷᠠᠯ  ᠨᠢ ᠤᠯᠠᠮ ᠶᠡᠬᠡᠰᠳᠡᠭ ᠃            ᠳᠠᠮᠠᠬᠢ ᠳᠠᠳᠠᠬᠤ ᠪᠠᠨ ᠵᠤᠭᠰᠤᠬᠤ   ᠶᠢᠨ ᠮᠡᠳᠡᠭᠳᠡᠮ᠎ᠠ ᠢᠯᠡᠷᠡᠯ   ᠰᠤᠳᠤᠯᠭᠠᠨ  ᠳᠤ ᠭᠡᠷᠡᠴᠢᠯᠡᠭᠰᠡᠨ  ᠢᠶᠠᠷ ᠂ 35 ᠨᠠᠰᠤᠨ  ᠠᠴᠠ  ᠪᠠᠨ ᠡᠮᠦᠨ᠎ᠠ ᠳᠠᠮᠠᠬᠢ ᠳᠠᠳᠠᠬᠤ  ᠪᠠᠨ ᠵᠤᠬᠰᠤᠪᠠᠯ ᠂ 9 ᠬᠤᠪᠢ  ᠶᠢᠨ ᠳᠠᠮᠠᠬᠢ ᠳᠠᠳᠠᠭᠰᠠᠨ  ᠠᠴᠠ ᠪᠤᠯᠬᠤ ᠵᠢᠷᠦᠭᠡᠨ  ᠤ ᠡᠪᠡᠳᠴᠢᠨ  ᠠᠴᠠ ᠵᠠᠶᠢᠯᠠᠵᠤ ᠪᠤᠯᠤᠨ᠎ᠠ ᠃ 59 ᠨᠠᠰᠤᠨ  ᠠᠴᠠ ᠡᠮᠦᠨ᠎ᠠ ᠳᠠᠮᠠᠬᠢ ᠳᠠᠳᠠᠬᠤ  ᠪᠠᠨ ᠵᠤᠬᠰᠤᠪᠠᠯ ᠂ 15 ᠵᠢᠯ  ᠤᠨ ᠳᠤᠳᠤᠷ᠎ᠠ ᠦᠬᠦᠵᠦ ᠮᠡᠳᠡᠬᠦ ᠠᠶᠤᠯ  ᠨᠢ ᠦᠷᠭᠦᠯᠵᠢᠯᠡᠨ ᠳᠠᠮᠠᠬᠢ ᠳᠠᠳᠠᠵᠤ ᠪᠠᠶᠢᠭ᠎ᠠ ᠬᠦᠮᠦᠰ  ᠤᠨ ᠬᠠᠭᠠᠰ ᠬᠢᠷᠢ ᠪᠤᠯᠤᠨ᠎ᠠ ᠃ ᠳᠡᠷᠡᠴᠢᠯᠡᠨ 60 ᠨᠠᠰᠤ ᠬᠦᠷᠦᠭᠡᠳ ᠳᠠᠮᠠᠬᠢ ᠳᠠᠳᠠᠬᠤ  ᠪᠠᠨ ᠵᠤᠬᠰᠤᠪᠠᠯ ᠂ ᠠᠭᠤᠰᠬᠢᠨ  ᠤ ᠦᠮᠡᠨ  ᠢᠶᠠᠷ ᠦᠬᠦᠬᠦ ᠨᠤᠷᠮ᠎ᠠ  ᠨᠢ ᠦᠷᠭᠦᠯᠵᠢᠯᠡᠨ ᠳᠠᠮᠠᠬᠢ ᠳᠠᠳᠠᠵᠤ ᠪᠠᠶᠢᠭ᠎ᠠ ᠬᠦᠮᠦᠨ  ᠠᠴᠠ ᠬᠤᠯᠠ ᠳᠤᠤᠷ᠎ᠠ ᠪᠤᠯᠳᠠᠭ ᠃ ᠳᠠᠮᠠᠬᠢ ᠳᠠᠳᠠᠬᠤ  ᠪᠠᠨ ᠵᠤᠭᠰᠤᠶ᠎ᠠ ᠭᠡᠪᠡᠯ ᠳᠤᠤᠷᠠᠬᠢ ᠳᠤᠭ᠎ᠠ ᠪᠠᠷᠢᠮᠳᠠ  ᠨᠤᠭᠤᠳ  ᠢ ᠬᠠᠷᠠᠵᠤ ︽ ᠢᠳᠡᠭᠡᠯ ᠵᠤᠷᠢᠬ ︾ ᠢᠶᠠᠨ ᠭᠦᠪᠴᠢᠯᠠᠵᠤ ᠪᠤᠯᠤᠨ᠎ᠠ ᠃ ᠳᠠᠮᠠᠬᠢ ᠳᠠᠳᠠᠵᠤ ᠪᠠᠶᠢᠬᠰᠠᠨ ᠬᠦᠮᠦᠨ ᠳᠠᠮᠠᠬᠢ ᠳᠠᠳᠠᠬᠤ ᠪᠠᠨ ᠵᠤᠭᠰᠤᠭᠠᠳ ᠄ 20 ᠮᠢᠨᠦ᠋ᠲ ᠪᠤᠯᠪᠠᠯ ᠵᠢᠷᠦᠭᠡᠨ ᠴᠤᠬᠢᠯᠠᠭ᠎ᠠ ᠬᠡᠪ  ᠤᠨ ᠪᠠᠶᠢᠳᠠᠯ  ᠢᠶᠠᠨ ᠰᠡᠷᠭᠦᠭᠡᠵᠦ ᠂ ᠳᠠᠮᠠᠬᠢ ᠳᠠᠳᠠᠬᠰᠠᠨ  ᠠᠴᠠ ᠪᠤᠯᠵᠤ ᠳᠡᠭᠡᠭᠰᠢᠯᠡᠭᠰᠡᠨ ᠴᠢᠰᠦᠨ ᠳᠠᠷᠤᠯᠳᠠ ᠪᠠᠭᠤᠷᠠᠵᠤ ᠡᠭᠢᠯᠡᠨ᠎ᠠ ᠃ 2 ᠴᠠᠭ ᠪᠤᠯᠬᠤ  ᠳᠤ ᠵᠢᠷᠦᠭᠡᠨ ᠴᠤᠬᠢᠯᠠᠭ᠎ᠠ ᠪᠠ ᠴᠢᠰᠦᠨ ᠳᠠᠷᠤᠯᠳᠠ ᠪᠦᠷ ᠭᠡᠪ  ᠤᠨ ᠪᠠᠶᠢᠳᠠᠯ  ᠳᠤ ᠪᠠᠨ ᠤᠷᠤᠵᠤ ᠂ ᠨᠢᠺᠤᠲ᠋ᠢᠨ  ᠢ ᠪᠡᠶ᠎ᠡ  ᠠᠴᠠ  ᠪᠠᠨ ᠭᠠᠳᠠᠭᠰᠢᠯᠠᠭᠤᠯᠵᠤ ᠡᠭᠢᠯᠡᠨ᠎ᠠ ᠃ 12 ᠴᠠᠭ ᠪᠤᠯᠬᠤ  ᠳᠤ ᠬᠦᠮᠦᠨ  ᠤ ᠪᠡᠶ᠎ᠡ  ᠳᠠᠬᠢ ᠨᠢᠺᠦᠲ᠋ᠢᠨ  ᠠᠴᠠ ᠪᠤᠯᠤᠭᠰᠠᠨ ᠤᠷᠪᠠᠯ  ᠢ ᠴᠡᠪᠡᠷᠯᠡᠵᠦ ᠡᠭᠢᠯᠡᠨ᠎ᠠ ᠂ ᠡᠨᠡ ᠦᠶ᠎ᠠ  ᠳᠤ ᠪᠡᠶ᠎ᠡ ᠶᠡᠭᠡ ᠵᠤᠪᠠᠨ᠎ᠠ ᠃ 3 ᠡᠳᠦᠷ  ᠤᠨ ᠳᠠᠷᠠᠭ᠎ᠠ ᠨᠢᠺᠦᠲ᠋ᠢᠨ  ᠢ ᠴᠡᠪᠡᠷᠯᠡᠬᠦ ᠬᠡᠮᠵᠢᠶ᠎ᠠ ᠬᠠᠮᠤᠭ  ᠤᠨ ᠶᠡᠭᠡ ᠪᠤᠯᠵᠤ ᠂ ᠳᠤᠯᠤᠭᠠᠢ ᠡᠪᠡᠳᠬᠦ ᠂ ᠳᠤᠷ᠎ᠠ ᠪᠤᠯᠬᠢᠬᠤ ᠪᠤᠶᠤ ᠰᠡᠳᠭᠢᠯ ᠰᠠᠨᠠᠭ᠎ᠠ ᠳᠤᠭᠳᠠᠪᠤᠷᠢ ᠦᠭᠡᠢ ᠪᠤᠯᠬᠤ ᠪᠠᠶᠢᠳᠠᠯ ᠭᠠᠷᠴᠤ ᠮᠡᠳᠡᠨ᠎ᠠ ᠃ ᠭᠡᠪᠡᠴᠦ ᠪᠡᠶ᠎ᠡ ᠳᠤᠳᠤᠷᠠᠬᠢ ᠨᠡᠭᠦᠷᠡᠰᠦᠳᠦ᠋ᠷᠦᠭᠴᠢ  ᠶᠢᠨ ᠳᠠᠩ ᠢᠰᠦᠯ  ᠤᠨ ᠬᠡᠮᠵᠢᠶ᠎ᠠ ᠨᠢᠭᠡᠨᠳᠡ ᠬᠡᠪ  ᠤᠨ ᠪᠠᠶᠢᠳᠠᠯ  ᠳᠤ ᠪᠠᠨ ᠤᠷᠤᠨ᠎ᠠ ᠃ ᠠᠮᠳᠠ ᠪᠠ ᠦᠨᠦᠷ  ᠤᠨ ᠰᠡᠷᠡᠯ ᠰᠡᠷᠭᠦᠵᠦ ᠬᠡᠪ  ᠤᠨ ᠪᠠᠶᠢᠳᠠᠯ  ᠲᠠᠢ ᠪᠤᠯᠤᠨ᠎ᠠ ᠃ 2 ~ 3 ᠭᠠᠷᠠᠭ ᠪᠤᠯᠪᠠᠯ ᠠᠭᠤᠰᠬᠢ ᠳᠠᠮᠢᠷᠵᠢᠵᠤ ᠂ ᠪᠡᠶ᠎ᠡ  ᠶᠢᠨ ᠳᠤᠳᠤᠭᠠᠳᠤ  ᠶᠢᠨ ᠡᠯ᠎ᠠ ᠵᠦᠢᠯ  ᠤᠨ ᠡᠷᠭᠢᠯᠳᠡ ᠰᠠᠶᠢᠵᠢᠷᠠᠨ᠎ᠠ ᠃ 1 ᠰᠠᠷ᠎ᠠ ᠪᠤᠯᠬᠤ  ᠳᠤ ᠠᠷᠠᠰᠤᠨ  ᠳᠤ ᠬᠤᠪᠢᠷᠠᠯᠳᠠ ᠭᠠᠷᠴᠤ ᠂ ᠠᠷᠠᠰᠤᠨ  ᠤ ᠵᠢᠪᠡᠷᠡᠭᠰᠡᠨ ᠦᠩᠭᠡ  ᠨᠢ ᠠᠷᠢᠯᠵᠤ ᠂ ᠠᠳᠤᠷᠢᠶ᠎ᠠ ᠦᠷᠴᠢᠯᠡᠭᠡ ᠬᠦᠢᠭᠡᠨ ᠪᠤᠯᠤᠨ᠎ᠠ ᠃ 3 ~ 9 ᠰᠠᠷ᠎ᠠ ᠪᠤᠯᠬᠤ  ᠳᠤ ᠬᠠᠨᠢᠶᠠᠬᠤ ᠴᠦᠭᠡᠷᠡᠵᠦ ᠂ ᠠᠭᠤᠰᠬᠢᠨ  ᠤ ᠭᠡᠰᠡᠭ  ᠤᠨ ᠬᠠᠯᠳᠠᠪᠤᠷᠢᠯᠠᠯ  ᠤᠨ ᠠᠶᠤᠯ ᠪᠠᠭᠠᠰᠤᠨ᠎ᠠ ᠃ 1 ᠵᠢᠯ  ᠤᠨ ᠳᠠᠷᠠᠭ᠎ᠠ ᠳᠠᠮᠠᠬᠢ ᠳᠠᠳᠠᠬᠰᠠᠳ  ᠲᠠᠢ ᠬᠠᠷᠢᠴᠠᠭᠤᠯᠪᠠᠯ ᠳᠢᠳᠢᠮᠯᠢᠭ ᠵᠢᠷᠦᠭᠡᠨ ᠡᠪᠡᠳᠴᠢᠨ ᠡᠭᠦᠰᠬᠦ ᠨᠤᠷᠮ᠎ᠠ  ᠨᠢ 50%  ᠪᠠᠷ ᠪᠠᠭᠤᠷᠠᠨ᠎ᠠ ᠃ 2 ~ 5 ᠵᠢᠯ  ᠳᠤ ᠰᠠ ᠡᠪᠡᠳᠴᠢᠨ ᠡᠭᠦᠰᠬᠦ ᠨᠤᠷᠮ᠎ᠠ  ᠨᠢ ᠪᠠᠭᠤᠷᠠᠭᠠᠳ ᠳᠠᠮᠠᠬᠢ ᠳᠠᠳᠠᠳᠠᠭ ᠦᠭᠡᠢ ᠬᠦᠮᠦᠰ  ᠤᠨ  ᠬᠢ  ᠲᠠᠢ ᠤᠢᠢᠷᠠᠳᠤᠵᠤ ᠤᠴᠢᠨ᠎ᠠ ᠃ 5 ᠵᠢᠯ  ᠤᠨ ᠳᠠᠷᠠᠭ᠎ᠠ ᠠᠮᠠᠨ ᠬᠦᠨᠳᠡᠢ  ᠶᠢᠨ ᠦᠮᠡᠨ ᠂ ᠳᠦᠪᠦᠩᠬᠡᠢ  ᠶᠢᠨ ᠦᠮᠡᠨ ᠂ ᠤᠯᠠᠭᠠᠨ ᠬᠤᠭᠤᠯᠠᠢ  ᠶᠢᠨ ᠦᠮᠡᠨ ᠂ ᠳᠠᠪᠤᠰᠠᠩ  ᠤᠨ ᠦᠮᠡᠨ ᠡᠭᠦᠰᠬᠦ ᠠᠶᠤᠯ 50%  ᠪᠠᠷ ᠪᠠᠭᠠᠰᠤᠨ᠎ᠠ ᠃ 15 ᠵᠢᠯ ᠪᠤᠯᠪᠠᠯ ᠲᠢᠳᠢᠮᠯᠢᠭ ᠵᠢᠷᠦᠭᠡᠨ ᠡᠪᠡᠳᠴᠢᠨ ᠡᠭᠦᠰᠬᠦ ᠨᠤᠷᠮ᠎ᠠ  ᠨᠢ ᠳᠠᠮᠠᠬᠢ ᠳᠠᠳᠠᠳᠠᠭ ᠦᠭᠡᠢ ᠬᠦᠮᠦᠰ  ᠤᠨ  ᠬᠢ  ᠲᠠᠢ ᠠᠳᠠᠯᠢ ᠳᠦᠪᠰᠢᠨ  ᠳᠤ ᠬᠦᠷᠦᠨ᠎ᠠ ᠃   ᠡᠯᠧᠺᠲᠷᠦᠨ ᠳᠠᠮᠠᠬᠢ ᠳᠠᠳᠠᠪᠠᠯ ᠳᠠᠮᠠᠬᠢ ᠵᠤᠬᠰᠤᠭᠠᠵᠤ ᠳᠠᠶᠢᠯᠤᠨ᠎ᠠ ᠤᠤ ︖ ᠡᠯᠧᠺᠲᠷᠦᠨ ᠳᠠᠮᠠᠬᠢ  ᠶᠢ ᠳᠠᠮᠠᠬᠢ ᠵᠤᠬᠰᠤᠭᠠᠬᠤ ᠪᠦᠲᠦᠭᠡᠭᠳᠡᠭᠦᠨ  ᠳᠤ ᠳᠤᠭᠠᠴᠢᠵᠤ ᠪᠤᠯᠬᠤ ᠦᠭᠡᠢ ᠂ ᠳᠡᠭᠦᠨ  ᠤ ᠦᠢᠯᠡᠳᠦᠯ  ᠨᠢ ᠳᠤᠩ ᠪᠠᠭ᠎ᠠ ᠪᠤᠶᠤ ᠶᠠᠮᠠᠷ ᠴᠤ ᠦᠢᠯᠡᠳᠦᠯ ᠦᠭᠡᠢ ᠭᠡᠵᠦ ᠬᠡᠯᠡᠵᠦ ᠪᠤᠯᠤᠨ᠎ᠠ ᠃ ᠳᠡᠭᠡᠭᠡᠳ ᠤᠳᠤᠬᠢ ᠵᠠᠬ᠎ᠠ ᠳᠡᠯᠭᠡᠭᠦᠷ ᠳᠡᠭᠡᠷ᠎ᠡ ᠪᠤᠷᠤᠯᠠᠭᠤᠯᠵᠤ ᠪᠠᠶᠢᠭ᠎ᠠ ᠠᠯᠢ ᠤᠯᠠᠨ ᠡᠯᠧᠺᠲᠷᠦᠨ ᠳᠠᠮᠠᠬᠢ  ᠨᠢ ᠪᠦᠷ ᠡᠯ᠎ᠠ ᠵᠦᠢᠯ  ᠤᠨ ᠵᠦᠪᠰᠢᠶᠡᠷᠡᠯ ᠦᠭᠡᠢ ᠪᠦᠲᠦᠭᠡᠭᠳᠡᠭᠦᠨ ᠪᠠᠶᠢᠵᠤ ᠂ ᠦᠷ᠎ᠡ ᠠᠰᠢᠬ  ᠢ ᠨᠢ ᠪᠠᠳᠤᠯᠠᠬᠤ ᠠᠷᠭ᠎ᠠ ᠦᠭᠡᠢ ᠪᠠᠶᠢᠳᠠᠭ ᠃ ᠳᠠᠮᠠᠬᠢ ᠳᠠᠳᠠᠳᠠᠭ ᠳᠠᠳᠬᠠᠯ  ᠢᠶᠠᠨ ᠬᠤᠪᠢᠷᠠᠭᠤᠯᠵᠤ ᠂ ᠠᠯᠪᠠ  ᠪᠠᠷ ᠦᠪᠡᠷ  ᠤᠨ ᠪᠡᠶ᠎ᠡ  ᠳᠤ ᠪᠠᠨ ᠳᠠᠭ᠎ᠠ ᠦᠭᠡᠢ ᠪᠠᠶᠢᠳᠠᠯ  ᠢ ᠪᠤᠢ ᠪᠤᠯᠭᠠᠨ᠎ᠠ ᠂ ᠵᠢᠱᠢᠶᠡᠯᠡᠪᠡᠯ ᠳᠠᠮᠠᠬᠢ ᠪᠠᠷᠢᠳᠠᠭ ᠦᠭᠡᠢ ᠭᠠᠷ  ᠢᠶᠠᠷ  ᠢᠶᠠᠨ ᠳᠠᠮᠠᠬᠢ  ᠪᠠᠨ ᠪᠠᠷᠢᠵᠤ ᠳᠠᠳᠠᠨ᠎ᠠ ︔ ᠳᠠᠮᠠᠬᠢ ᠳᠠᠳᠠᠬᠤ ᠴᠠᠭ ᠪᠠ ᠭᠠᠵᠠᠷ  ᠢᠶᠠᠨ ᠳᠤᠭᠳᠠᠭᠠᠵᠤ ᠂ ᠳᠤᠭᠳᠠᠭᠰᠠᠨ ᠭᠠᠵᠠᠷ ᠳᠤᠭᠳᠠᠭᠰᠠᠨ ᠴᠠᠭ  ᠲᠤ ᠳᠠᠮᠠᠬᠢ ᠳᠠᠳᠠᠨ᠎ᠠ ︔ ᠳᠠᠮᠠᠬᠢ ᠵᠤᠬᠰᠤᠭᠠᠬᠤ ᠡᠳᠦᠷ  ᠤᠨ ᠳᠡᠮᠳᠡᠭᠯᠡᠯ ᠪᠢᠴᠢᠨ᠎ᠠ ︔ ᠳᠠᠮᠠᠬᠢ ᠢᠯᠡᠭᠦᠦ ᠳᠠᠳᠠᠳᠠᠭ ᠴᠠᠭ ᠬᠤᠭᠤᠴᠠᠭ᠎ᠠ ᠪᠠ ᠭᠠᠵᠠᠷ  ᠢ ᠤᠨᠴᠠᠭᠠᠢ ᠠᠩᠬᠠᠷᠬᠤ ᠭᠡᠷᠡᠭᠳᠡᠢ ︔ ᠳᠠᠮᠠᠬᠢ ᠳᠠᠳᠠᠮᠠᠷ ᠰᠠᠨᠠᠭᠳᠠᠬᠤ ᠦᠶ᠎ᠠ  ᠳᠤ ᠳᠤᠤᠷ᠎ᠠ ᠨᠢ ᠳᠠᠮᠠᠬᠢ   ᠪᠠᠨ ᠭᠠᠷᠭᠠᠵᠤ ᠳᠠᠳᠠᠬᠤ ᠦᠭᠡᠢ ᠬᠠᠷᠢᠨ 3 ᠮᠢᠨᠦ᠋ᠲ ᠳᠡᠰᠴᠤ ᠪᠠᠶᠢᠭᠠᠳ ᠳᠠᠳᠠᠵᠤ ᠪᠤᠯᠤᠨ᠎ᠠ ︔ ᠳᠡᠮᠠᠬᠢ ᠰᠠᠪᠠᠯᠠᠵᠤ ᠶᠠᠪᠤᠬᠤ ᠦᠭᠡᠢ ᠂ ᠦᠪᠡᠷ  ᠤᠨ ᠪᠡᠶ᠎ᠡ  ᠳᠤ ᠪᠠᠨ ᠳᠠᠮᠠᠬᠢ ᠴᠢᠯᠦᠭᠡᠳᠡᠢ ᠳᠠᠳᠠᠵᠤ ᠪᠤᠯᠳᠠᠭ ᠦᠭᠡᠢ ᠤᠷᠴᠢᠨ ᠪᠤᠢ ᠪᠤᠯᠭᠠᠵᠤ ᠪᠤᠯᠤᠨ᠎ᠠ ︔ ᠳᠠᠮᠠᠬᠢ ᠵᠤᠬᠰᠤᠭᠠᠬᠤ  ᠪᠠᠷ ᠰᠢᠢᠳᠦᠭᠰᠡᠨ ᠳᠡᠷᠡ ᠡᠳᠦᠷ  ᠠᠴᠠ  ᠪᠠᠨ ᠡᠮᠦᠨ᠎ᠠ ᠨᠢᠭᠡ ᠡᠳᠦᠷ ᠂ ᠦᠯᠡᠳᠡᠭᠰᠡᠨ ᠳᠠᠮᠠᠬᠢ ᠴᠠᠬᠢᠭᠤᠷ ᠵᠢᠴᠢ ᠳᠠᠮᠠᠬᠢ ᠲᠠᠢ ᠬᠠᠮᠢᠶ᠎ᠠ   ᠲᠠᠢ ᠵᠦᠢᠯ   ᠢᠶᠠᠨ ᠴᠡᠪᠡᠷᠯᠡᠵᠦ ᠤᠷᠬᠢᠨ᠎ᠠ ᠃ ᠳᠠᠮᠠᠬᠢ ᠵᠤᠬᠰᠤᠭᠠᠬᠤ ᠶᠠᠪᠤᠴᠠ  ᠳᠤ ᠪᠡᠶ᠎ᠡ ᠵᠤᠪᠠᠭ᠋ᠤ  ᠨᠢ ᠶᠠᠷᠢᠶᠠᠨ ᠦᠭᠡᠢ ᠂ ᠳᠡᠷᠡ ᠦᠶ᠎ᠠ  ᠳᠤ ᠡᠨᠡ ᠪᠤᠯ ᠳᠠᠮᠠᠬᠢᠨ  ᠤ ᠬᠤᠤᠷ ᠪᠡᠶ᠎ᠡ  ᠠᠴᠠ ᠴᠢᠨᠢ ᠭᠠᠳᠠᠭᠰᠢᠯᠠᠵᠤ ᠪᠠᠶᠢᠨ᠎ᠠ ᠭᠡᠳᠡᠭ  ᠢ ᠪᠤᠳᠤ ᠂ ᠪᠡᠶ᠎ᠡ  ᠳᠤ ᠪᠠᠨ ᠵᠤᠷᠢᠬ ᠦᠭ ᠃ ᠬᠢᠳᠠᠳ ᠡᠮᠨᠡᠯᠭᠡ   ᠪᠠᠷ ᠳᠠᠮᠠᠬᠢ ᠵᠤᠬᠰᠤᠭᠠᠬᠤ ᠭᠡᠳᠡᠭ  ᠨᠢ ᠬᠢᠳᠠᠳ ᠡᠮᠨᠡᠯᠭᠡ  ᠶᠢᠨ ᠡᠮᠴᠢ  ᠠᠴᠠ ᠬᠤᠪᠢᠰᠤᠩᠭᠤᠢ ᠤᠨᠤᠰᠢ ᠳᠠᠯᠪᠢᠵᠤ ᠂ ᠡᠮ ᠂ ᠡᠮ  ᠲᠠᠢ ᠴᠠᠢ ᠤᠤᠭᠤᠯᠭᠠᠬᠤ ᠂ ᠪᠠᠰᠠ ᠵᠡᠭᠦᠦ ᠳᠦᠭᠡᠨᠡᠯᠭᠡ ᠂ ᠢᠯᠢᠯᠭᠡ ᠨᠤᠬᠤᠯᠠᠭ᠎ᠠ ᠂ ᠵᠢᠩ ᠳᠠᠯᠪᠢᠬᠤ ᠵᠡᠷᠭᠡ ᠠᠷᠭ᠎ᠠ ᠬᠠᠪᠰᠤᠷᠭᠠᠨ ᠭᠡᠷᠡᠭᠯᠡᠵᠦ ᠳᠠᠮᠠᠬᠢ ᠳᠠᠳᠠᠭᠰᠠᠳ  ᠤᠨ ᠳᠠᠮᠠᠬᠢᠨ  ᠤ ᠵᠢᠯᠪᠢ  ᠶᠢ ᠠᠷᠢᠯᠭᠠᠬᠤ ᠠᠷᠭ᠎ᠠ ᠪᠤᠯᠤᠨ᠎ᠠ ᠃ ᠭᠡᠪᠡᠴᠦ ᠳᠠᠮᠠᠬᠢ ᠵᠤᠬᠰᠤᠭᠠᠬᠤ ᠬᠢᠳᠠᠳ ᠡᠮᠨᠡᠯᠭᠡ   ᠶᠢᠨ ᠠᠷᠭ᠎ᠠ  ᠨᠢ ᠮᠦᠨ ᠰᠤᠳᠤᠯᠭᠠᠨ  ᠤ ᠶᠠᠪᠤᠴᠠ  ᠳᠤ ᠪᠠᠨ ᠪᠠᠶᠢᠵᠤ ᠂ ᠦᠷ᠎ᠡ ᠠᠰᠢᠬ  ᠨᠢ ᠶᠠᠮᠠᠷ ᠪᠤᠯᠬᠤ  ᠶᠢ ᠤᠯᠠᠮ ᠨᠢᠭᠡ ᠠᠯᠬᠤᠮ ᠨᠤᠳᠠᠯᠠᠬᠤ ᠴᠢᠬᠤᠯᠠᠳᠠᠢ ᠪᠠᠶᠢᠨ᠎ᠠ ᠃ ᠮᠠᠨ  ᠤ ᠤᠯᠤᠰ  ᠤᠨ ︽ ᠳᠤᠮᠳᠠᠳᠤ ᠤᠯᠤᠰ  ᠤᠨ ᠡᠮᠴᠢᠯᠡᠭᠡᠨ  ᠢᠶᠠᠷ ᠳᠠᠮᠠᠬᠢ ᠵᠤᠬᠰᠤᠭᠠᠬᠤ ᠵᠦᠭᠯᠡᠭᠦᠷ ︾   ᠲᠤ ᠨᠢᠺᠦᠲ᠋ᠢᠨ  ᠢ ᠤᠷᠤᠯᠠᠭᠤᠯᠬᠤ  ᠳᠤ ᠭᠡᠷᠡᠭᠯᠡᠬᠦ 3 ᠵᠦᠢᠯ  ᠤᠨ ᠡᠮ  ᠢ ᠡᠮᠴᠢᠯᠡᠭᠡᠨ  ᠳᠤ ᠭᠡᠷᠡᠭᠯᠡᠵᠤ ᠪᠤᠯᠬᠤ  ᠶᠢ ᠳᠠᠨᠢᠯᠴᠠᠭᠤᠯᠤᠭᠰᠠᠨ ᠪᠠᠶᠢᠳᠠᠭ ᠃ ᠳᠡᠳᠡᠭᠡᠷ ᠡᠮ  ᠨᠢ ᠳᠠᠮᠠᠬᠢ ᠵᠤᠬᠰᠤᠭᠠᠬᠤ  ᠳᠤ ᠵᠤᠬᠢᠬᠤ ᠳᠤᠰᠠ ᠪᠤᠯᠳᠠᠭ  ᠨᠢ ᠯᠠᠪᠳᠠᠢ ᠂ ᠭᠡᠪᠡᠴᠦ ᠡᠷᠭᠡᠪᠰᠢ ᠡᠮᠴᠢ  ᠶᠢᠨ ᠵᠢᠯᠤᠭᠤᠳᠤᠯᠭ᠎ᠠ ᠪᠠᠶᠢᠬᠤ ᠭᠡᠷᠡᠭᠳᠡᠢ ᠃            ᠳᠠᠮᠠᠬᠢ ᠳᠠᠳᠠᠬᠤ ᠳᠤᠬᠠᠢ ᠡ᠊ᠨᠳᠡᠭᠦᠷᠡᠯ   ᠳᠠᠮᠠᠬᠢ ᠳᠠᠳᠠᠬᠤ ᠨᠢ ᠨᠢᠬᠡ ᠵᠦᠢᠯ  ᠤᠨ ᠬᠠᠪᠤ ᠴᠡᠩᠬᠡᠯ ᠮᠦᠨ ᠃ ᠦᠨᠡᠨ  ᠳᠤ ᠪᠠᠨ ᠳᠠᠮᠠᠬᠢ ᠳᠠᠳᠠᠬᠤ ᠨᠢ ᠬᠦᠮᠤᠰ  ᠤᠨ ᠤᠯᠠᠨ ᠬᠠᠪᠤ ᠴᠡᠩᠬᠡᠯ ᠡᠳ᠋ᠯᠡᠬᠦ  ᠶᠢ ᠬᠠᠷᠰᠢᠯᠠᠳᠠᠭ ᠃ ᠵᠢᠱᠢᠶᠡᠯᠡᠪᠡᠯ ᠳᠠᠮᠠᠬᠢ ᠳᠠᠳᠠᠬᠤ ᠨᠢ ᠬᠦᠮᠤᠨ  ᠤ ᠠᠮᠳᠠᠨ  ᠤ ᠰᠡᠷᠡᠯ ᠪᠤᠯᠤᠨ ᠦᠨᠤᠷ  ᠤᠨ ᠰᠡᠷᠡᠯ  ᠢ ᠮᠠᠭᠤᠳᠠᠭᠤᠯᠵᠤ ᠂ ᠠᠮᠳᠠᠳᠤ ᠢᠳᠡᠬᠡᠨ ᠡᠳ᠋ᠯᠡᠬᠦ  ᠶᠢ ᠨᠦᠯᠤᠬᠡᠯᠡᠳᠡᠭ ︔ ᠪᠠᠰᠠ ᠭᠠᠷ ᠬᠦᠯ  ᠤᠨ ᠴᠢᠰᠤᠨ ᠰᠢᠩᠬᠡᠨ  ᠢ ᠪᠠᠭᠤᠷᠠᠭᠤᠯᠵᠤ ᠬᠦᠢᠳᠡᠨ  ᠳᠤ ᠳᠡᠰᠪᠤᠷᠢᠯᠡᠬᠦ ᠴᠢᠳᠠᠪᠤᠷᠢ  ᠶᠢ ᠮᠠᠭᠤᠳᠠᠭᠤᠯᠳᠠᠭ ᠮᠦᠷᠳᠡᠬᠡᠨ ᠡᠷᠡᠭᠳᠡᠶᠢᠴᠤᠳ  ᠤᠨ ᠪᠡᠯᠬᠡ  ᠶᠢᠨ ᠴᠢᠳᠠᠪᠤᠷᠢ  ᠶᠢ ᠳᠤᠷᠤᠭᠰᠢᠯᠠᠭᠤᠯᠳᠠᠭ ᠃   ᠳᠠᠮᠠᠬᠢ ᠳᠠᠳᠠᠬᠤ ᠦᠬᠡᠢ ᠪᠤᠯ ᠪᠦᠬᠦ ᠪᠡᠶ᠎ᠠ ᠡᠪ ᠦᠬᠡᠶᠢᠷᠡᠨ᠎ᠠ ᠃ ᠡᠨᠡ ᠪᠤᠯ ᠤᠷᠳᠤ ᠬᠤᠭᠤᠴᠠᠭᠠᠨ  ᠳᠤ ᠪᠦᠷᠢᠯᠳᠦᠭᠰᠡᠨ ᠳᠠᠳᠬᠠᠯ  ᠤᠨ ᠠᠰᠠᠭᠤᠳᠠᠯ ᠮᠦᠨ ᠃ ᠳᠠᠮᠠᠬᠢ ᠪᠠᠨ ᠦᠨᠡᠨ ᠬᠦ ᠵᠤᠭᠰᠤᠴᠢᠬᠠᠪᠠᠯ ᠳᠠᠮᠠᠬᠢ ᠳᠠᠳᠠᠬᠤ  ᠳᠤ ᠪᠦᠬᠦ ᠪᠡᠶ᠎ᠠ ᠡᠪ ᠦᠬᠡᠶᠢᠷᠡᠬᠦ ᠪᠤᠯᠳᠠᠭ ᠶᠤᠮ ᠃   ᠳᠠᠮᠠᠬᠢᠨ  ᠤ ᠰᠢᠨᠤᠯ ᠶᠡᠭᠡ ᠠᠴᠠ ᠳᠠᠮᠠᠬᠢ ᠳᠠᠳᠠᠬᠤ ᠪᠠᠨ ᠵᠤᠭᠰᠤᠵᠤ ᠳᠠᠶᠢᠯᠬᠦ ᠦᠬᠡᠢ ᠃ ᠳᠠᠮᠠᠬᠢᠨ  ᠤ ᠰᠢᠨᠤᠯ ᠶᠡᠭᠡ ᠠᠴᠠ ᠵᠠᠷᠢᠮ ᠬᠦᠮᠤᠨ ᠳᠠᠮᠠᠬᠢ ᠳᠠᠳᠠᠬᠤ ᠪᠠᠨ ᠵᠤᠭᠰᠤᠭᠰᠠᠨ ᠡᠬᠢᠨ  ᠤ ᠬᠤᠭᠤᠴᠠᠭᠠᠨ  ᠳᠤ ᠪᠠᠨ ᠠᠷᠭ᠎ᠠ ᠠᠭᠠᠰᠢ ᠠᠯᠳᠠᠷᠠᠳᠠᠭ ᠃ ᠬᠡᠪᠡᠴᠤ ᠡᠶᠢᠮᠤᠷᠬᠦᠤ ᠢᠯᠡᠷᠡᠯ ᠨᠢ ᠳᠠᠮᠠᠬᠢ ᠳᠠᠳᠠᠬᠤ ᠪᠠᠨ ᠵᠤᠭᠰᠤᠭᠰᠠᠨ  ᠤ 1 ~ 2 ᠭᠠᠷᠠᠭ  ᠤᠨ ᠳᠠᠷᠠᠭ᠎ᠠ ᠠᠷᠢᠯᠬᠤ ᠪᠤᠯᠤᠨ᠎ᠠ ᠃ ᠪᠠᠰᠠ ᠳᠤᠬᠢᠷᠠᠮᠵᠢᠳᠠᠢ ᠳᠠᠮᠠᠬᠢᠨ  ᠤ ᠰᠢᠨᠤᠯ  ᠢ ᠪᠠᠭᠤᠷᠠᠭᠤᠯᠬᠤ ᠠᠷᠭ᠎ᠠ ︵ ᠳᠠᠮᠠᠬᠢ ᠳᠠᠳᠠᠬᠤ  ᠶᠢ ᠵᠤᠭᠰᠤᠭᠠᠬᠤ ᠡᠮ  ᠤᠨ ᠵᠦᠢᠯ ︶ ᠬᠡᠷᠡᠭᠯᠡᠵᠤ ᠪᠤᠯᠤᠨ᠎ᠠ ᠃   ᠠᠵᠢᠯ ᠠᠮᠢᠳᠤᠷᠠᠯ  ᠤᠨ ᠳᠠᠷᠤᠯᠳᠠ ᠶᠡᠭᠡ ᠳᠦᠷ ᠴᠠᠭ ᠳᠠᠮᠠᠬᠢ ᠪᠠᠨ ᠵᠤᠭᠰᠤᠵᠤ ᠳᠠᠶᠢᠯᠬᠦ ᠦᠬᠡᠢ ᠃ ᠳᠠᠮᠠᠬᠢ  ᠪᠠᠨ ᠵᠤᠭᠰᠤᠬᠤ ᠨᠢ ᠤᠬᠤᠷᠬᠠᠨ ᠬᠤᠭᠤᠴᠠᠭᠠᠨ  ᠳᠤ ᠨᠠᠩ ᠪᠠᠴᠢᠮᠳᠠᠩᠭᠤᠢ ᠪᠤᠯᠭᠠᠳᠠᠭ ᠰᠢᠬ ᠂ ᠬᠡᠪᠡᠴᠤ ᠳᠠᠮᠠᠬᠢ  ᠪᠠᠨ ᠵᠤᠭᠰᠤᠭᠰᠠᠨ ᠬᠦᠮᠤᠰ  ᠤᠨ ᠳᠤᠷᠰᠢᠯᠭ᠎ᠠ ᠠᠴᠠ ᠦᠵᠡᠪᠡᠯ ᠳᠠᠮᠠᠬᠢ ᠪᠠᠨ ᠵᠤᠭᠰᠤᠭᠰᠠᠨ  ᠤ ᠳᠠᠷᠠᠭ᠎ᠠ ᠪᠡᠶ᠎ᠠ ᠰᠡᠳᠬᠢᠯ ᠪᠦᠷ ᠳᠤᠩ ᠳᠠᠭᠠᠯᠠᠮᠵᠢᠳᠠᠢ ᠪᠤᠯᠳᠠᠭ ᠪᠠᠶᠢᠨ᠎ᠠ ᠃   ︽ ᠵᠠᠷᠢᠮ ᠬᠦᠮᠤᠨ ᠨᠢᠬᠡ ᠨᠠᠰᠤ ᠪᠠᠷ  ᠢᠶᠠᠨ ᠳᠠᠮᠠᠬᠢ ᠳᠠᠳᠠᠭᠠᠳ ᠪᠠᠰᠠ ᠶᠠᠮᠠᠷ ᠴᠤ ᠠᠰᠠᠭᠤᠳᠠᠯ ᠦᠬᠡᠢ ᠪᠢᠰᠢ ᠤᠤ ︾ ᠃ ᠬᠦᠮᠤᠨ ᠪᠦᠷᠢ  ᠶᠢᠨ ᠪᠡᠶ᠎ᠠ ᠮᠠᠬᠠᠪᠤᠳ  ᠤᠨ ᠪᠠᠶᠢᠳᠠᠯ ᠠᠳᠠᠯᠢ ᠦᠬᠡᠢ ᠠᠴᠠ 100%  ᠶᠢᠨ ᠳᠠᠮᠠᠬᠢ ᠲᠠᠳᠠᠭᠰᠠᠳ ᠪᠦᠷ ᠠᠭᠤᠰᠬᠢᠨ ᠡᠪᠡᠳᠴᠢᠨ  ᠳᠤ ᠨᠡᠷᠪᠡᠭᠳᠡᠬᠦ ᠡᠰᠡᠬᠦᠯ᠎ᠠ ᠡᠷᠳᠠ ᠦᠬᠦᠨ᠎ᠠ ᠬᠡᠰᠡᠨ ᠤᠴᠢᠷ ᠪᠢᠰᠢ ᠃ ᠬᠡᠪᠡᠴᠤ ᠤᠷᠳᠤ ᠬᠤᠭᠤᠴᠠᠭ᠎ᠠ ᠪᠠᠷ ᠳᠠᠮᠠᠬᠢ ᠳᠠᠳᠠᠬᠤ ᠨᠢ ᠳᠠᠮᠠᠬᠢ ᠠᠴᠠ ᠪᠤᠯᠤᠭᠰᠠᠨ ᠡᠯ᠎ᠠ ᠵᠦᠢᠯ  ᠤᠨ ᠡᠪᠡᠳᠴᠢᠨ  ᠳᠤ ᠨᠡᠷᠪᠡᠭᠳᠡᠬᠦ ᠨᠤᠷᠮ᠎ᠠ   ᠶᠢ ᠨᠢ ᠳᠤᠩ ᠦᠨᠳᠤᠷ ᠪᠤᠯᠭᠠᠳᠠᠭ ᠃   ᠳᠠᠮᠠᠬᠢ ᠪᠠᠨ ᠵᠤᠭᠰᠤᠪᠠᠯ ᠮᠠᠷᠢᠶᠠᠯᠠᠨ᠎ᠠ ᠃ ᠳᠠᠮᠠᠬᠢ ᠪᠠᠨ ᠵᠤᠭᠰᠤᠭᠰᠠᠨ ᠪᠤᠯᠭᠠᠨ ᠪᠦᠷ ᠮᠠᠷᠢᠶᠠᠯᠠᠬᠤ ᠪᠢᠰᠢ ᠃ ᠳᠠᠮᠠᠬᠢ ᠪᠠᠨ ᠵᠤᠭᠰᠤᠭᠰᠠᠨ  ᠤ ᠳᠠᠷᠠᠭ᠎ᠠ ᠢᠳᠡᠬᠡᠨ ᠤᠮᠳᠠᠭᠠᠨ ᠪᠤᠯᠤᠨ ᠡᠳᠤᠷ ᠳᠤᠳᠤᠮ  ᠤᠨ ᠠᠮᠢᠳᠤᠷᠠᠯ  ᠤᠨ ᠳᠠᠯ᠎ᠠ ᠪᠠᠷ ᠵᠤᠬᠢᠰᠳᠠᠢ ᠳᠤᠬᠢᠷᠠᠭᠤᠯᠤᠯᠳᠠ ᠬᠢᠪᠠᠯ ᠮᠠᠷᠢᠶᠠᠯᠠᠬᠤ  ᠶᠢ ᠬᠢᠵᠠᠭᠠᠷᠯᠠᠵᠤ ᠪᠤᠯᠤᠨ᠎ᠠ ᠃   ᠳᠠᠮᠠᠬᠢ ᠳᠠᠳᠠᠬᠤ ᠨᠢ ᠪᠡᠶ᠎ᠠ ᠰᠡᠳᠬᠢᠯ  ᠢ ᠠᠮᠠᠷᠠᠭᠤᠯᠵᠤ ᠂ ᠵᠤᠪᠠᠨᠢᠯ  ᠢ ᠠᠷᠢᠯᠭᠠᠳᠠᠭ ᠃ ᠳᠠᠮᠠᠬᠢ ᠳᠠᠳᠠᠬᠤ  ᠨᠢ ᠳᠦᠷ ᠴᠠᠭ ᠠᠩᠬᠠᠷᠤᠯ ︵ ᠵᠤᠪᠠᠨᠢᠯ  ᠳᠠᠬᠢ ︶   ᠢ ᠰᠢᠯᠵᠢᠭᠦᠯᠥᠭᠰᠡᠨ ᠪᠠᠶᠢᠵᠤ ᠮᠡᠳᠡᠨ᠎ᠠ ᠂ ᠬᠡᠪᠡᠴᠤ ᠵᠤᠪᠠᠨᠢᠯ  ᠤᠨ ᠦᠨᠳᠤᠰᠤ  ᠶᠢ ᠳᠠᠰᠤᠯᠵᠤ ᠳᠠᠶᠢᠯᠬᠦ ᠦᠬᠡᠢ ᠶᠤᠮ ᠃   ᠰᠢᠯᠪᠢᠳᠤ ᠳᠠᠮᠠᠬᠢ ᠳᠠᠳᠠᠬᠤ ᠨᠢ ᠪᠡᠶ᠎ᠠ  ᠳᠤ ᠬᠤᠤᠷ ᠦᠬᠡᠢ ᠃ ᠬᠡᠪᠳᠡᠰᠤᠨ  ᠤ ᠰᠢᠩᠬᠡᠬᠡᠯᠳᠠ  ᠶᠢ ᠪᠠᠭᠠᠰᠬᠠᠬᠤ ᠨᠢ ᠵᠠᠷᠢᠮ ᠡᠪᠡᠳᠴᠢᠨ  ᠳᠤ ᠨᠡᠷᠪᠡᠭᠳᠡᠬᠦ ᠠᠶᠤᠯ  ᠢ ᠪᠠᠭᠠᠰᠬᠠᠬᠤ ᠪᠤᠯᠪᠠᠴᠤ ᠠᠭᠤᠰᠬᠢᠨ  ᠤ ᠦᠮᠠᠨ ᠵᠢᠴᠢ ᠵᠢᠷᠤᠬᠡᠨ ᠡᠪᠡᠳᠴᠢᠨ  ᠳᠤ ᠨᠡᠷᠪᠡᠭᠳᠡᠬᠦ ᠳᠤᠬᠢᠶᠠᠯ  ᠢ ᠪᠠᠭᠤᠷᠠᠭᠤᠯᠵᠤ ᠳᠠᠶᠢᠯᠬᠦ ᠦᠬᠡᠢ ᠶᠤᠮ ᠃            ᠳᠠᠮᠠᠬᠢᠨ  ᠤ ᠬᠤᠤᠷᠳᠤ ᠪᠤᠳᠠᠰ  ᠤᠨ ᠪᠦᠷᠢᠯᠳᠤᠬᠦᠨ   ᠨᠢᠬᠡ ᠰᠢᠷᠬᠡᠭ ᠳᠠᠮᠠᠬᠢᠨ  ᠤ ᠬᠤᠤᠷᠳᠤ ᠪᠤᠳᠠᠰ  ᠤᠨ ᠪᠦᠷᠢᠯᠳᠤᠬᠦᠨ   ᠨᠢᠬᠡ ᠬᠠᠶᠢᠷᠴᠠᠭ ︵ ᠪᠤᠶᠤ ᠪᠠᠭᠴᠠ ︶ ᠳᠠᠮᠠᠬᠢ 20 ᠰᠢᠷᠬᠡᠭ ᠪᠠᠶᠢᠳᠠᠭ ᠃ ᠨᠢᠬᠡ ᠰᠢᠷᠬᠡᠭ ᠳᠠᠮᠠᠬᠢᠨ  ᠳᠤ ᠬᠤᠷᠤᠬᠠᠢ ᠠᠯᠠᠬᠤ ᠡᠮ ᠊᠊᠊᠊᠊ ᠨᠢᠺᠤᠲ᠋ᠢᠨ ᠂ ᠵᠠᠮ ᠳᠡᠪᠢᠰᠬᠦ  ᠳᠤ ᠬᠡᠷᠡᠭᠯᠡᠳᠡᠭ ᠪᠤᠳᠠᠰ ᠊᠊᠊᠊᠊ ᠪᠤᠬᠢ ᠂ ᠴᠤᠨᠤ   ᠶᠢᠨ ᠳᠤᠳᠤᠷ᠎ᠠ ᠠᠭᠤᠯᠤᠭᠳᠠᠳᠠᠭ ᠠᠮᠢᠨ  ᠳᠤ ᠬᠤᠤᠷᠳᠠᠢ ᠪᠦᠷᠢᠯᠳᠤᠬᠦᠨ ᠊᠊᠊᠊᠊ ᠨᠢᠪᠲ᠋ᠠᠯᠢᠨ ᠂ ᠨᠠᠬᠦᠷᠡᠰᠤᠨ ᠬᠡᠢ  ᠶᠢᠨ ᠬᠡᠷ ᠳᠤᠳᠤᠷ᠎ᠠ ᠬᠡᠷᠡᠭᠯᠡᠳᠡᠭ ᠬᠤᠤᠷᠳᠤ ᠡᠳ᠋ ᠊᠊᠊᠊᠊ ᠼᠢᠶᠠᠨᠳᠤᠤ ᠤᠰᠤᠳᠦ᠋ᠷᠦᠭᠴᠢ ᠂ ᠪᠠᠳᠠᠭᠠᠨ᠎ᠠ ᠰᠢᠷᠭᠤᠯᠵᠢ  ᠶᠢ ᠠᠯᠠᠬᠤ  ᠳᠤ ᠬᠡᠷᠡᠭᠯᠡᠳᠡᠭ ᠬᠤᠤᠷᠳᠤ ᠡᠳ᠋ ᠊᠊᠊᠊᠊ DOT᠂ ᠮᠠᠰᠢᠨ ᠳᠡᠷᠬᠡᠨ  ᠤ ᠢᠯᠭᠠᠷᠠᠭᠤᠯᠵᠤ ᠭᠠᠷᠭᠠᠳᠠᠭ ᠬᠤᠤᠷᠳᠤ ᠬᠡᠢ ᠊᠊᠊᠊᠊ ᠨᠡᠬᠦᠷᠡᠰᠦᠳᠦ᠋ᠷᠦᠭᠴᠢ  ᠶᠢᠨ ᠳᠠᠩ ᠢᠰᠤᠯ ᠂ ᠴᠠᠭᠠᠨ ᠰᠢᠷᠭᠤᠯᠵᠢ  ᠶᠢ ᠠᠯᠠᠳᠠᠭ ᠬᠤᠤᠷᠳᠤ ᠡᠳ᠋ ᠊᠊᠊᠊᠊ ᠬᠦᠴᠢᠯ ᠂ ᠱᠠᠯᠠ ᠴᠡᠪᠡᠷᠯᠡᠬᠦ ᠡᠳ᠋  ᠤᠨ ᠳᠤᠳᠤᠷᠠᠬᠢ ᠭᠤᠤᠯ ᠪᠦᠷᠢᠯᠳᠤᠬᠦᠨ ᠊᠊᠊᠊᠊ ᠰᠢᠪᠳᠤᠷ ᠂ ᠨᠢᠬᠡ ᠵᠦᠢᠯ   ᠤᠨ ᠰᠢᠷ ᠵᠤᠬᠢᠶᠠᠬᠤ ᠡᠳ᠋ ᠊᠊᠊᠊᠊ ᠢᠽᠠᠳᠤᠨ ᠵᠡᠷᠬᠡ ᠪᠦᠷᠢᠯᠳᠤᠬᠦᠨ ᠠᠭᠤᠯᠤᠭᠳᠠᠵᠤ ᠪᠠᠶᠢᠳᠠᠭ ᠃   ᠨᠢᠺᠤᠲ᠋ᠢᠨ  ᠤ ᠠᠶᠤᠮᠰᠢᠭᠳᠤ ᠬᠤᠤᠷᠳᠤ ᠴᠢᠨᠠᠷ   ᠨᠢᠺᠤᠲ᠋ᠢᠨ ᠪᠤᠯ ᠨᠢᠬᠡ ᠵᠦᠢᠯ  ᠤᠨ ᠦᠨᠤᠷ ᠮᠠᠭᠤᠳᠠᠢ ᠂ ᠠᠮᠳᠠ ᠭᠠᠰᠢᠭᠤᠨ ᠂ ᠦᠩᠬᠡ ᠦᠬᠡᠢ ᠬᠢᠯᠤᠬᠡᠷ ᠳᠤᠰᠤᠯᠢᠬ ᠰᠢᠩᠬᠡᠨ ᠪᠠᠶᠡᠳᠤ ᠮᠦᠨ ᠂ ᠳᠡᠭᠳᠡᠮᠡᠬᠡᠢ ᠴᠢᠨᠠᠷ ᠴᠢᠩᠭ᠎ᠠ ᠂ ᠠᠭᠠᠷ ᠳᠤᠳᠤᠷ᠎ᠠ ᠬᠢᠯᠪᠠᠷᠬᠠᠨ ᠨᠡᠬᠦᠷᠡᠰᠤᠳᠦ᠋ᠷᠦᠭᠵᠢᠵᠤ ᠪᠦᠳᠡᠬᠢ ᠰᠠᠭᠠᠷᠠᠯ ᠦᠩᠬᠡ ᠲᠠᠢ ᠪᠤᠯᠳᠠᠭ ᠃ ᠨᠢᠬᠡ ᠰᠢᠷᠬᠡᠭ ᠳᠠᠮᠠᠬᠢᠨ  ᠤ ᠤᠳᠤᠭᠠᠨ  ᠳᠤ ᠨᠢ ᠨᠡᠬᠦᠷᠡᠰᠦᠳᠦ᠋ᠷᠦᠭᠴᠢ  ᠶᠢᠨ ᠳᠠᠩ ᠢᠰᠤᠯ ᠂ ᠨᠢᠺᠤᠲ᠋ᠢᠨ ᠵᠡᠷᠬᠡ ᠬᠡᠳᠤᠨ ᠠᠷᠪᠠᠨ ᠵᠦᠢᠯ  ᠤᠨ ᠬᠤᠤᠷᠳᠤ ᠪᠤᠳᠠᠰ ᠠᠭᠤᠯᠤᠭᠳᠠᠵᠤ ᠪᠠᠶᠢᠳᠠᠭ ᠪᠤᠯᠬᠤᠷ ᠰᠤᠳᠤᠯᠭᠠᠳᠠᠳ ᠨᠢᠬᠡ ᠳᠤᠰᠤᠯ ᠨᠢᠺᠤᠲ᠋ᠢᠨ  ᠢ ᠨᠤᠬᠠᠢ  ᠶᠢᠨ ᠬᠡᠯᠨ ᠳᠡᠬᠡᠷ᠎ᠠ ᠳᠤᠰᠤᠭᠠᠭᠰᠠᠨ  ᠳᠤ ᠬᠡᠳᠤᠨ ᠮᠢᠨᠦ᠋ᠲ  ᠤᠨ ᠳᠠᠷᠠᠭ᠎ᠠ ᠡᠨᠡ ᠨᠤᠬᠠᠢ ᠦᠬᠦᠵᠠᠢ ᠂ ᠳᠠᠷᠠᠭ᠎ᠠ ᠨᠢ ᠨᠢᠬᠡ ᠳᠤᠰᠤᠯ ᠨᠢᠺᠤᠲ᠋ᠢᠨ  ᠢ ᠠᠳᠠᠯᠢ ᠠᠷᠭ᠎ᠠ ᠪᠠᠷ ᠪᠠᠰᠠ ᠮᠤᠷᠢᠨ  ᠳᠤ ᠬᠡᠷᠡᠭᠯᠡᠭᠰᠡᠨ  ᠳᠤ 200 ᠺᠢᠯᠦᠭᠷᠠᠮ  ᠤᠨ ᠮᠤᠷᠢ ᠦᠬᠦᠭᠰᠡᠨ ᠪᠠᠶᠢᠨ᠎ᠠ ᠃   ᠡᠬᠦᠨ ᠠᠴᠠ ᠭᠠᠳᠠᠨ᠎ᠠ ︽ ᠳᠠᠮᠠᠬᠢᠨ ᠳᠤᠳᠤᠷᠠᠬᠢ 50 ~ 70  ᠮᠢᠯᠢᠭᠷᠡᠮ ᠨᠢᠺᠤᠲ᠋ᠢᠨ ᠬᠦᠮᠤᠨ  ᠤ ᠠᠮᠢ ᠨᠠᠰᠤ ᠶᠢ ᠬᠤᠷᠤᠭᠠᠳᠠᠭ ᠂ ᠳᠠᠷᠤᠢ 20 ~ 25 ᠰᠢᠷᠬᠡᠭ ᠳᠠᠮᠠᠬᠢᠨ  ᠤ ᠨᠢᠺᠤᠲ᠋ᠢᠨ  ᠢ ᠨᠢᠬᠡ ᠯᠠ ᠳᠡᠬᠡᠷ᠎ᠠ ᠬᠦᠮᠤᠨ  ᠤ ᠨᠠᠮᠵᠢᠭᠤᠨ ᠰᠤᠳᠠᠯ  ᠳᠤ ᠴᠤᠬᠢᠵᠤ ᠤᠷᠤᠭᠤᠯᠪᠠᠯ 3 ~ 5 ᠮᠢᠨᠦ᠋ᠲ ᠲᠤ ᠳᠠᠷᠠ ᠬᠦᠮᠤᠨ ᠳᠠᠷᠤᠢ ᠦᠬᠦᠴᠢᠬᠡᠬᠦ ᠪᠤᠯᠤᠨ᠎ᠠ ︾ ᠃ ᠳᠡᠬᠡᠪᠠᠯ ᠡᠳᠤᠷ ᠲᠤ ᠨᠢᠬᠡ ᠬᠠᠶᠢᠷᠴᠠᠭ ︵ 20 ᠰᠢᠷᠬᠡᠭ ︶ ᠳᠠᠮᠠᠬᠢ ᠳᠠᠳᠠᠭᠰᠠᠳ ᠦᠬᠦᠬᠡᠳ ᠪᠠᠶᠢᠬᠤ ᠪᠢᠰᠢ ᠤᠤ ︖ ᠳᠠᠶᠢᠮᠤ ᠪᠢᠰᠢ ᠡ ᠂ ᠤᠴᠢᠷ ᠨᠢ ᠡᠳᠤᠷ ᠲᠤ 20 ᠰᠢᠷᠬᠡᠭ ᠳᠠᠮᠠᠬᠢ ᠳᠠᠳᠠᠭᠰᠠᠳ ᠠᠷᠪᠢᠨ ᠪᠠᠶᠢᠳᠠᠭ ᠂ ᠡᠬᠦᠨ  ᠳᠤ ᠨᠢᠺᠤᠲ᠋ᠢᠨ  ᠤ ᠬᠡᠮᠵᠢᠶ᠎ᠠ ᠨᠢ ᠬᠦᠮᠤᠨ  ᠢ ᠦᠬᠦᠬᠦᠯᠬᠦ ᠬᠡᠮ ᠠᠴᠠ ᠶᠡᠭᠡ ᠪᠠᠷ ᠳᠠᠪᠠᠭᠰᠠᠨ ᠪᠠᠶᠢᠨ᠎ᠠ ᠂ ᠬᠡᠳᠡᠯ᠎ᠠ ᠳᠦᠷᠬᠡᠨ ᠴᠢᠨᠠᠷᠳᠠᠢ ᠬᠤᠤᠷᠳᠠᠯ ᠴᠦᠬᠡᠨ ᠭᠠᠷᠳᠠᠭ ᠨᠢ ᠭᠤᠤᠯᠳᠠᠭᠤ ᠳᠠᠮᠠᠬᠢᠨ  ᠤ ᠳᠤᠳᠤᠷᠠᠬᠢ ᠨᠢᠺᠤᠲ᠋ᠢᠨ  ᠤ ᠬᠡᠰᠡᠭ ᠪᠦᠯᠦᠭ ᠨᠢ ᠤᠳᠤᠭ᠎ᠠ  ᠶᠢ ᠳᠠᠭᠠᠵᠤ ᠠᠭᠠᠷ ᠲᠤ ᠰᠠᠷᠨᠢᠳᠠᠭ ᠪᠠ ᠳᠠᠬᠢᠪᠠᠯ ᠳᠠᠮᠠᠬᠢ ᠳᠠᠳᠠᠭᠰᠠᠳ  ᠤᠨ ᠤᠯᠠᠩᠬᠢ ᠨᠢ ᠬᠤᠶᠢᠨ᠎ᠠ ᠬᠤᠶᠢᠨ᠎ᠠ ᠠᠴᠠ ᠪᠠᠨ ᠵᠠᠯᠭᠠᠵᠤ ᠳᠠᠳᠠᠳᠠᠭ ᠦᠭᠡᠢ ᠠᠴᠠ ᠨᠢᠺᠤᠲ᠋ᠢᠨ  ᠤ ᠬᠡᠰᠡᠭ ᠪᠦᠯᠦᠭ ᠨᠢ ᠰᠠᠶ᠋ᠢ ᠠᠭᠠᠵᠢᠮ  ᠢᠶᠠᠷ ᠬᠦᠮᠤᠨ  ᠤ ᠪᠡᠶ᠎ᠠ  ᠳᠤ ᠤᠷᠤᠵᠤ ᠪᠠᠶᠢᠬᠤ ᠠᠴᠠ ᠪᠤᠯᠤᠭᠰᠠᠨ ᠶᠤᠮ ᠃                                         ᠴᠢᠭᠡᠴᠢ  ᠡᠮᠬᠢᠳᠭᠡᠨ  ᠨᠠᠶᠢᠷᠠᠭᠤᠯᠪᠠ
 
ᠢᠷᠡᠯᠲᠡ᠄ ᠲᠦᠩᠯᠢᠶᠥᠥ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号