ᠡᠷᠳᠡ ᠲᠡᠭᠡᠷ᠎ᠡ ᠦᠶ᠎ᠡ ᠠᠴᠠ ᠬᠦᠮᠦᠰ ᠮᠦᠡᠭᠬᠦᠨ ᠡᠳ᠋ᠯᠡᠯ ᠬᠡᠷᠡᠭᠰᠡᠯ᠂ ᠵᠠᠰᠠᠯ ᠵᠢᠮᠰᠡᠭ ᠢ ᠲᠦᠭᠡᠮᠡᠯ ᠬᠡᠷᠡᠭᠯᠡᠭᠰᠡᠭᠡᠷ | ᠢᠷᠡᠭᠰᠡᠨ ᠶᠤᠮ᠃ ᠡᠬᠦᠨ ᠳᠤ ᠮᠤᠩᠭᠤᠯᠴᠤᠳ ᠤᠨ ᠦᠷᠭᠡᠨ ᠬᠡᠷᠡᠭᠯᠡᠳᠡᠭ ᠮᠦᠡᠭᠭᠦᠨ ᠡᠳ᠋ᠯᠡᠯ ᠬᠡᠷᠡᠭᠰᠡᠯ ᠢᠶᠠᠷ | ᠵᠢᠱᠢᠶᠡᠯᠡᠬᠦ ᠳᠤ ᠭᠤᠤᠯᠳᠠᠭᠤ ᠮᠦᠡᠭᠬᠦᠨ ᠠᠶᠠᠭ᠎ᠠ᠂ ᠮᠦᠡᠭᠭᠦᠨ ᠬᠤᠨᠳᠠᠭ᠎ᠠ᠂ ᠮᠦᠡᠭᠭᠦᠨ ᠲᠠᠪᠠᠭ᠂ ᠮᠦᠡᠭᠭᠦᠨ | ᠬᠠᠯᠪᠠᠭ᠎ᠠ᠂ ᠮᠦᠡᠭᠭᠦᠨ ᠰᠠᠪᠬ᠎ᠠ᠂ ᠮᠦᠡᠭᠭᠦᠨ ᠬᠢᠳᠤᠭ᠎ᠠ ᠬᠡᠬᠦ ᠮᠡᠳᠦᠴᠢᠯᠡᠨ ᠤᠯᠠᠨ ᠪᠠᠶᠢᠳᠠᠭ ᠪᠤᠯ ᠵᠠᠰᠠᠯ ᠵᠢᠮᠰᠡᠭ ᠤᠨ | ᠬᠤᠪᠢ ᠳᠤ ᠲᠤᠯᠤᠭᠠᠢ ᠶᠢᠨ ᠵᠠᠰᠠᠯ ᠠᠴᠠ ᠡᠬᠢᠯᠡᠭᠡᠳ ᠮᠦᠡᠭᠭᠦᠨ ᠡᠭᠡᠮᠦᠭ ᠪᠦᠭᠡᠵᠢ᠂ ᠮᠦᠡᠭᠭᠦᠨ ᠰᠤᠨᠳᠤᠷ᠂ ᠮᠦᠡᠭᠭᠦᠨ | ᠪᠠᠭᠤᠤ ᠭᠡᠳ ᠪᠠᠰᠠ ᠤᠯᠠᠨ ᠲᠦᠷᠦᠯ ᠪᠤᠢ᠃ ᠮᠦᠡᠭᠭᠦᠨ ᠤ ᠵᠦᠢᠯᠡᠰ ᠨᠢ ᠬᠦᠮᠦᠨ ᠢ ᠤᠯᠠᠮ ᠡᠷᠬᠢᠮᠰᠦᠭ ᠭᠤᠸ᠎ᠠ | ᠬᠠᠷᠠᠭᠳᠠᠭᠤᠯᠬᠤ ᠮᠦᠷᠳᠡᠭᠡᠨ ᠲᠡᠭᠦᠨ ᠳᠤ ᠪᠠᠺᠲ᠋ᠧᠷᠢ ᠠᠯᠠᠬᠤ᠂ ᠬᠤᠤᠷ ᠲᠠᠨᠢᠬᠤ᠂ ᠶᠠᠰᠦ ᠬᠠᠮᠠᠭᠠᠯᠠᠬᠤ ᠵᠡᠷᠭᠡ | ᠪᠡᠶ᠎ᠡ ᠶᠢᠨ ᠡᠷᠡᠬᠦᠯ ᠮᠡᠨᠳᠦ ᠳᠤ ᠠᠴᠢ ᠲᠤᠰᠠ ᠲᠠᠢ ᠰᠢᠨᠵᠢᠯᠡᠬᠦ ᠤᠬᠠᠭᠠᠨᠴᠢ ᠴᠢᠨᠠᠷ ᠤᠷᠤᠰᠢᠳᠠᠭ᠃ | ᠴᠡᠭᠡ ᠶᠢ ᠮᠦᠡᠭᠭᠦᠨ ᠠᠶᠠᠭᠠᠨ ᠳᠤ ᠬᠢᠪᠡᠯ᠂ ᠰᠢᠨ᠎ᠡ ᠰᠤᠷᠭᠤᠭ ᠢ ᠨᠢ ᠪᠠᠳᠤᠯᠠᠳᠠᠭ᠃ ᠡᠨᠡ ᠨᠢ ᠲᠠᠷᠤᠢ | ᠮᠦᠡᠭᠭᠦᠨ ᠳᠤ ᠪᠠᠺᠲ᠋ᠧᠷᠢ ᠤᠰᠠᠳᠬᠠᠬᠤ ᠦᠢᠯᠡᠳᠦᠯ ᠲᠠᠢ ᠭᠡᠳᠡᠭ ᠢ ᠬᠠᠷᠠᠭᠤᠯᠵᠤ ᠪᠠᠶᠢᠭ᠎ᠠ ᠨᠢᠭᠡ ᠵᠢᠱᠢᠶ᠎ᠡ ᠶᠤᠮ᠃ | ᠲᠤᠰᠬᠠᠢ ᠮᠡᠷᠭᠡᠵᠢᠯᠳᠡᠳ ᠰᠤᠳᠤᠯᠭᠠᠨ ᠢᠶᠠᠷ ᠲᠠᠮᠵᠢᠨ ᠡᠩ ᠤᠨ ᠡᠪᠡᠳᠴᠢᠨ ᠡᠰᠡᠷᠬᠦᠴᠡᠬᠦ ᠡᠯᠧᠮᠧᠨ᠋ᠲ ᠨᠢ ᠵᠢᠷᠭᠤᠭᠠᠨ | ᠵᠦᠢᠯ ᠤᠨ ᠠᠳᠠᠯᠢ ᠪᠤᠰᠤ ᠡᠪᠡᠳᠴᠢᠨ ᠤ ᠡᠬᠦᠰᠪᠦᠷᠢ ᠴᠤᠭᠴᠠ ᠶᠢ ᠤᠰᠠᠳᠬᠠᠵᠤ ᠴᠢᠳᠠᠳᠠᠭ ᠪᠤᠯ ᠮᠦᠡᠭᠬᠦ | ᠠᠭᠤᠯᠤᠭᠰᠠᠨ ᠡᠪᠡᠳᠴᠢᠨ ᠢ ᠡᠰᠡᠷᠬᠦᠴᠡᠬᠦ ᠡᠯᠧᠮᠧᠨ᠋ᠲ ᠨᠢ ᠬᠠᠷᠢᠨ 650 ᠵᠦᠢᠯ ᠠᠴᠠ ᠲᠡᠭᠡᠭᠰᠢᠬᠢ ᠡᠪᠡᠳᠴᠢᠨ ᠤ | ᠡᠬᠦᠰᠪᠦᠷᠢ ᠴᠤᠭᠴᠠ ᠶᠢ ᠤᠰᠠᠳᠬᠠᠳᠠᠭ ᠭᠡᠵᠤ ᠬᠡᠷᠡᠴᠢᠯᠡᠭᠰᠡᠨ ᠶᠤᠮ᠃ ᠡᠶᠢᠨ ᠬᠦ ᠮᠦᠡᠭᠭᠦᠨ ᠠᠶᠠᠭ᠎ᠠ ᠰᠠᠪᠬ᠎ᠠ ᠶᠢ | ᠦᠷᠬᠦᠯᠵᠢ ᠡᠳ᠋ᠯᠡᠵᠤ ᠬᠡᠷᠡᠭᠯᠡᠬᠦ ᠨᠢ ᠬᠤᠳᠤᠭᠤᠳᠤ ᠬᠡᠳᠡᠰᠦ ᠶᠢ ᠠᠷᠢᠭᠤᠳᠬᠠᠨ ᠠᠯᠢᠪᠠ ᠡᠪᠡᠳᠴᠢᠨ ᠡᠬᠦᠰᠭᠡᠭᠴᠢ | ᠨᠢᠶᠠᠨ ᠪᠢᠴᠢᠯ ᠡᠯᠧᠮᠧᠨ᠋ᠲ ᠢ ᠤᠰᠠᠳᠬᠠᠬᠤ ᠦᠢᠯᠡᠳᠦᠯ ᠲᠠᠢ ᠪᠠᠶᠢᠳᠠᠭ᠃ ᠲᠡᠭᠡᠪᠡᠯ ᠮᠦᠡᠭᠬᠦᠨ ᠤ ᠬᠤᠤᠷ ᠢ ᠲᠠᠨᠢᠬᠤ | ᠦᠢᠯᠡᠳᠦᠯ ᠤᠨ ᠲᠠᠯ᠎ᠠ ᠪᠠᠷ ᠪᠢᠳᠡ ᠨᠡᠩ ᠴᠦ ᠠᠨᠳᠠᠬᠤ ᠦᠭᠡᠢ ᠰᠠᠶᠢᠨ ᠮᠡᠳᠡᠳᠡᠭ᠃ ᠡᠷᠳᠡ ᠦᠶ᠎ᠡ ᠠᠴᠠ ᠬᠦᠮᠦᠰ | ᠭᠤᠤᠯᠳᠠᠭᠤ ᠮᠦᠡᠭᠬᠦᠨ ᠠᠶᠠᠭ᠎ᠠ ᠰᠠᠪᠬ᠎ᠠ᠂ ᠮᠦᠡᠭᠬᠦᠨ ᠰᠠᠪᠠ ᠰᠠᠭᠤᠯᠠᠭ᠎ᠠ ᠵᠡᠷᠭᠡ ᠶᠢ ᠬᠡᠷᠡᠭᠯᠡᠵᠤ᠂ ᠢᠳᠡᠭᠡᠨ | ᠤᠮᠳᠠᠭᠠᠨ ᠳᠤ ᠬᠦᠷᠦᠯᠴᠡᠭᠰᠡᠨ ᠮᠦᠡᠭᠭᠦᠨ ᠤ ᠦᠡᠭᠭᠡ ᠬᠤᠪᠢᠷᠠᠪᠠᠯ ᠬᠤᠤᠷ ᠲᠠᠢ ᠭᠡᠵᠤ ᠰᠢᠯᠭᠠᠨ ᠲᠠᠨᠢᠳᠠᠭ ᠪᠠᠶᠢᠨ᠎ᠠ᠃ | | ᠲᠠᠭᠠᠤ ᠳᠤᠨᠢ ᠶᠠᠷᠢᠬᠤ ᠳᠤ᠂ ᠭᠤᠪᠢ ᠨᠤᠳᠤᠭ ᠲᠤ ᠤᠷᠤᠰᠢᠨ ᠠᠮᠢᠳᠤᠷᠠᠳᠠᠭ ᠬᠦᠮᠦᠰ ᠤᠰᠤᠨ ᠭᠠᠩ ᠤᠨ ᠢᠶᠠᠨ | ᠢᠷᠤᠭᠠᠷ ᠲᠤ ᠬᠡᠰᠡᠭ ᠮᠦᠡᠭᠬᠦ ᠲᠠᠯᠪᠢᠳᠠᠭ᠃ ᠢᠡᠭᠬᠢᠵᠤ ᠮᠦᠡᠭᠬᠦ ᠬᠢᠭᠰᠡᠨ ᠢᠶᠠᠷ ᠵᠤᠨ ᠤ ᠬᠠᠯᠠᠭᠤᠨ ᠳᠤ ᠤᠰᠤ ᠨᠢ | ᠦᠨᠦᠷ ᠤᠷᠤᠬᠤ ᠦᠭᠡᠢ ᠪᠠᠶᠢᠳᠠᠭ ᠭᠡᠨ᠎ᠡ᠃ | ᠮᠦᠡᠭᠭᠦᠨ ᠤ ᠤᠯᠠᠨ ᠲᠠᠪᠠᠭᠤᠯᠢᠭ ᠴᠢᠨᠠᠷ ᠢ ᠠᠯᠢ ᠡᠷᠳᠡ ᠲᠠᠨᠢᠵᠤ ᠮᠡᠳᠡᠷᠡᠨ᠂ ᠠᠮᠢᠳᠤᠷᠠᠯ ᠠᠬᠤᠢ ᠳᠠᠭᠠᠨ | ᠵᠤᠬᠢᠴᠠᠭᠤᠯᠤᠨ ᠬᠡᠷᠡᠭᠯᠡᠵᠤ ᠢᠷᠡᠭᠰᠡᠨ ᠨᠢ ᠪᠢᠳᠡᠨ ᠤ ᠡᠪᠦᠭᠡ ᠲᠡᠭᠡᠳᠦᠰ ᠤᠨ ᠭᠡᠭᠡᠨ ᠮᠡᠷᠭᠡᠨ ᠤᠢ ᠤᠬᠠᠭᠠᠨ ᠪᠤᠶᠤ᠃ | ᠬᠡᠪᠡᠴᠦ ᠡᠨᠡ ᠬᠦ ᠤᠯᠠᠮᠵᠢᠯᠠᠯ ᠨᠢ ᠠᠯᠭᠤᠷ ᠠᠭᠠᠵᠢᠮ ᠢᠶᠠᠷ ᠭᠡᠭᠡᠭᠳᠡᠨ ᠤᠷᠬᠢᠭᠳᠠᠭᠰᠠᠭᠠᠷ ᠪᠠᠶᠢᠵᠤ᠂ ᠮᠦᠡᠭᠬᠦ ᠶᠢ ᠤᠤᠯ | ᠰᠢᠬ ᠬᠦᠨᠳᠦᠳᠬᠡᠨ ᠦᠷᠭᠡᠨ ᠢᠶᠠᠷ ᠬᠡᠷᠡᠭᠯᠡᠬᠦ ᠦᠬᠡᠢ ᠪᠤᠯᠵᠠᠢ᠃ ᠡᠶᠢᠮᠦ ᠠᠴᠠ ᠮᠦᠡᠭᠭᠦᠨ ᠤ ᠦᠢᠯᠡᠳᠦᠯ | ᠬᠡᠷᠡᠭᠴᠡᠭᠡ ᠶᠢ ᠰᠢᠨᠵᠢᠯᠡᠬᠦ ᠤᠬᠠᠭᠠᠨ ᠢᠶᠠᠷ ᠰᠤᠳᠤᠯᠤᠨ ᠰᠢᠨᠵᠢᠯᠡᠵᠤ᠂ ᠨᠡᠩ ᠤᠯᠠᠨ ᠬᠦᠮᠦᠰ ᠲᠤ ᠤᠢᠢᠯᠠᠭᠠᠭᠤᠯᠤᠨ | ᠲᠠᠨᠢᠭᠤᠯᠪᠠᠯ ᠵᠤᠬᠢᠰᠳᠠᠢ ᠶᠤᠮ᠃ | | ᠨᠠᠶᠢᠷᠠᠭᠤᠯᠤᠭᠴᠢ᠄ ᠰᠤᠶᠤᠯᠲᠦ |