ᠪᠦᠦ ᠶᠠᠨ ᠴᠦᠨ ᠪᠣᠯ ᠶᠡᠷᠡᠭᠡᠳ ᠣᠨ ᠳᠤ ᠲᠥᠷᠥᠭᠰᠡᠨ ᠴᠡᠷᠢᠭ ᠤᠨ ᠭᠡᠷᠭᠡᠢ᠂ ᠪᠠᠶᠢᠴᠠᠭᠠᠭᠴᠢ ᠳᠠᠷᠤᠭ᠎ᠠ ᠶᠢᠨ | ᠲᠤᠰᠠᠯᠠᠭᠴᠢ ᠮᠦᠨ᠃ ᠴᠡᠷᠢᠭ ᠤᠨ ᠭᠡᠷᠭᠡᠢ ᠪᠣᠯᠤᠭᠰᠠᠨ ᠤ ᠬᠤᠪᠢ ᠳᠤ᠂ ᠲᠡᠭᠦᠨ ᠤ ᠬᠠᠮᠤᠭ ᠶᠡᠭᠡ ᠲᠥᠷᠥᠭᠳᠡᠯ ᠪᠣᠯ᠄ | ᠡᠷ᠎ᠡ ᠨᠥᠬᠦᠷ ᠨᠢ ᠬᠡᠲᠦᠷᠬᠡᠢ ᠶᠠᠭᠠᠷᠠᠤ ᠶᠠᠪᠤᠳᠠᠯ ᠪᠣᠯᠤᠨ᠎ᠠ᠃ | | ᠪᠦᠦ ᠶᠠᠨ ᠴᠦᠨ ᠬᠡᠯᠡᠭᠰᠡᠨ ᠨᠢ᠄ ᠰᠢᠨ᠎ᠡ ᠭᠡᠷ ᠢᠶᠠᠨ ᠵᠠᠰᠠᠵᠤ ᠴᠢᠮᠡᠬᠦ᠂ ᠠᠬᠠᠰ ᠵᠠᠬᠠᠰ ᠪᠣᠯᠤᠨ ᠬᠡᠦᠬᠡᠳ ᠢᠶᠠᠨ | ᠬᠠᠷᠠᠭᠠᠯᠵᠠᠬᠤ᠂ ᠭᠡᠷ ᠤᠨ ᠶᠡᠭᠡ ᠪᠠᠭ᠎ᠠ ᠤᠴᠢᠷ ᠶᠠᠪᠤᠳᠠᠯ ᠢ ᠰᠢᠢᠳᠪᠦᠷᠢᠯᠡᠬᠦ ᠵᠡᠷᠭᠡ᠂ ᠦᠨᠳᠦᠰᠦᠨ ᠳᠡᠭᠡᠨ ᠪᠦᠷ | ᠥᠪᠡᠷ ᠢᠶᠠᠨ ᠯᠡ ᠰᠢᠢᠳᠪᠦᠷᠢᠯᠡᠨ᠎ᠡ᠂ 2018 ᠣᠨ ᠳᠤ᠂ ᠪᠢ ᠵᠢᠷᠮᠦᠰᠦᠯᠡᠪᠡ᠂ ᠲᠡᠷᠡ ᠦᠶ᠎ᠡ ᠳᠤ ᠭᠠᠭᠴᠠᠭᠠᠷ | ᠪᠠᠶᠢᠭᠤᠯᠭ᠎ᠠ ᠶᠢᠨ ᠪᠠᠶᠢᠷᠢ ᠳᠠᠭᠠᠨ ᠰᠠᠭᠤᠵᠤ᠂ ᠥᠪᠡᠷ ᠢᠶᠠᠨ ᠡᠮᠨᠡᠯᠭᠡ ᠳᠤ ᠬᠦᠷᠴᠦ ᠬᠥᠩᠭᠡᠵᠢᠭᠦᠯᠬᠦ ᠪᠠᠶᠢᠴᠠᠭᠠᠯᠲᠠ | ᠬᠢᠯᠭᠡᠨ᠎ᠡ᠂ ᠮᠥᠨ ᠴᠦ ᠥᠪᠡᠷ ᠢᠶᠠᠨ ᠳᠡᠯᠭᠡᠭᠦᠷ ᠲᠤ ᠣᠴᠢᠵᠤ ᠨᠢᠯᠬ᠎ᠠ ᠬᠡᠦᠬᠡᠳ ᠤᠨ ᠬᠡᠷᠡᠭᠰᠡᠯ ᠢ ᠬᠤᠳᠠᠯᠳᠤᠨ | ᠠᠪᠤᠳᠠᠭ ᠪᠠᠶᠢᠯ᠎ᠠ᠃ | ᠪᠦᠦ ᠶᠠᠨ ᠴᠦᠨ ᠤ ᠡᠷ᠎ᠡ ᠨᠥᠬᠦᠷ ᠯᠦᠸᠧ ᠸᠧᠶ ᠯᠢ᠂ ᠣᠳᠣ ᠵᠡᠪᠰᠡᠭᠲᠦ ᠴᠠᠭᠳᠠᠭ᠎ᠠ ᠶᠢᠨ ᠲᠦᠩᠯᠢᠶᠣᠤ ᠶᠢᠨ | ᠨᠢᠭᠡᠨ ᠰᠠᠯᠪᠤᠷᠢ ᠠᠩᠭᠢ ᠠᠯᠪᠠ ᠬᠠᠭᠠᠵᠤ᠂ ᠬᠤᠶᠠᠭᠤᠯᠠ ᠵᠢᠯ ᠲᠣᠵᠢ ᠬᠠᠮᠲᠤ ᠠᠮᠢᠳᠤᠷᠠᠬᠤ ᠨᠢ ᠪᠠᠭ᠎ᠠ ᠰᠠᠯᠵᠤ | ᠰᠠᠭᠤᠬᠤ ᠨᠢ ᠣᠯᠠᠨ ᠪᠠᠶᠢᠳᠠᠭ᠃ ︽ᠲᠡᠭᠦᠨ ᠤ ᠲᠥᠯᠥᠭᠡ ᠡᠨᠡ ᠭᠡᠷ ᠢᠶᠠᠨ ᠰᠠᠶᠢᠲᠤᠷ ᠰᠠᠬᠢᠨ ᠬᠠᠮᠠᠭᠠᠯᠠᠬᠤ ᠬᠡᠷᠡᠭᠲᠡᠢ | ︾ ᠭᠡᠬᠦ ᠬᠡᠳᠦᠬᠡᠨ ᠦᠭᠡ ᠴᠣᠬᠤᠰ ᠳᠤᠷᠠᠳᠤᠭᠰᠠᠨ ᠨᠢᠭᠡ ᠥᠭᠦᠯᠡᠪᠦᠷᠢ ᠶᠢᠨ ᠠᠷᠤ ᠳᠤ ᠲᠡᠭᠦᠨ ᠤ ᠲᠤᠭ᠎ᠠ ᠲᠣᠮᠰᠢ | ᠦᠭᠡᠢ ᠦᠷᠡᠭᠳᠡᠯ ᠭᠠᠷᠭᠠᠵᠤ ᠶᠠᠪᠤᠭᠰᠠᠨ ᠨᠢ ᠢᠯᠡᠷᠬᠡᠢ ᠪᠠᠶᠢᠨ᠎ᠠ᠃ | | ᠪᠦᠦ ᠶᠠᠨ ᠴᠦᠨ ᠵᠠᠷᠯᠢᠭ ᠢ ᠲᠠᠭᠠᠬᠤ ᠪᠣᠯ ᠴᠡᠷᠢᠭ ᠬᠥᠮᠦᠨ ᠤ ᠲᠠᠷᠬᠠᠨ ᠡᠭᠦᠷᠭᠡ᠂ ᠪᠢ ᠴᠡᠷᠢᠭ ᠬᠥᠮᠦᠨ ᠤ ᠬᠡᠷ | ᠪᠦᠯᠢ ᠶᠢᠨ ᠬᠤᠪᠢ ᠳᠤ ᠴᠤ ᠬᠤᠶᠢᠰᠢ ᠲᠠᠲᠠᠵᠤ ᠪᠣᠯᠬᠤ ᠦᠭᠡᠢ᠃ ᠴᠡᠷᠢᠭ ᠤᠨ ᠭᠡᠷᠭᠡᠢ ᠪᠣᠯᠬᠤ ᠪᠠᠷ | ᠲᠣᠭᠲᠠᠭᠰᠠᠨ ᠠᠴᠠ ᠠᠪᠤᠭᠠᠳ ᠪᠢ ᠬᠡᠷ ᠪᠦᠯᠢ ᠶᠢᠨ ᠬᠦᠨᠳᠦ ᠡᠭᠦᠷᠭᠡ ᠶᠢ ᠡᠭᠦᠷᠭᠡᠯᠡᠬᠦ ᠦᠵᠡᠯ ᠰᠠᠨᠠᠭᠠᠨ ᠤ | ᠪᠡᠯᠡᠳᠬᠡᠯ ᠲᠠᠢ ᠪᠣᠯᠤᠭᠰᠠᠨ ᠭᠡᠵᠦ ᠶᠠᠷᠢᠨ᠎ᠠ᠃ | ᠰᠤᠷᠭᠠᠭᠤᠯᠢ ᠶᠢᠨ ᠬᠤᠪᠴᠠᠰᠤ ᠠᠴᠠ ᠬᠤᠷᠢᠮ ᠤᠨ ᠬᠤᠪᠴᠠᠰᠤ ᠬᠦᠷᠲᠡᠯ᠎ᠡ᠂ ᠳᠠᠬᠢᠨ ᠥᠨᠦᠳᠦᠷ ᠤᠨ ᠭᠤᠷᠪᠠᠨ | ᠠᠮᠠ ᠶᠢᠨ ᠭᠡᠷ ᠪᠦᠯᠢ ᠪᠣᠯᠲᠠᠯ᠎ᠠ᠂ ᠲᠡᠷᠡ ᠯᠦᠸᠧ ᠸᠧᠶ ᠯᠢ ᠲᠠᠢ ᠠᠷᠪᠠᠨ ᠵᠢᠷᠭᠤᠭᠠᠨ ᠬᠠᠪᠤᠷ ᠵᠤᠨ ᠨᠠᠮᠤᠷ ᠡᠪᠦᠯ ᠢ | ᠥᠩᠭᠡᠷᠡᠭᠡᠪᠡ᠃ ᠠᠮᠢᠳᠤᠷᠠᠯ ᠳᠤᠮᠳᠠ᠂ ᠲᠡᠷᠡ ᠬᠠᠳᠠᠮ ᠠᠪᠤ ᠡᠵᠢ ᠪᠠᠨ ᠠᠴᠢᠯᠠᠵᠤ᠂ ᠬᠤᠶᠠᠷ ᠨᠠᠰᠤᠲᠠᠨ ᠤ ᠢᠳᠡᠵᠦ | ᠤᠤᠭᠤᠬᠤ ᠤᠨᠲᠠᠵᠤ ᠬᠡᠪᠲᠡᠬᠦ ᠶᠢ ᠨᠠᠷᠢᠨ ᠬᠢᠨᠠᠮᠠᠭᠠᠢ ᠬᠠᠷᠠᠭᠠᠯᠵᠠᠵᠤ᠂ ᠶᠡᠷᠦ ᠠᠴᠠ ᠬᠡᠯᠡ ᠠᠮᠠ ᠵᠥᠷᠢᠵᠦ ᠬᠡᠷᠡᠭᠦᠯ | ᠪᠣᠯᠵᠤ ᠥᠩᠭᠡᠷᠡᠭᠰᠡᠨ ᠦᠭᠡᠢ᠃ ᠬᠤᠶᠠᠷ ᠨᠠᠰᠤ ᠬᠠᠭᠠᠰ ᠲᠠᠢ ᠥᠬᠢᠨ ᠨᠢ ᠲᠡᠭᠦᠨ ᠠᠴᠠ᠄ ︽ᠠᠪᠤ ᠶᠠᠭᠠᠬᠢᠭᠠᠳ | ᠬᠡᠵᠢᠶᠡᠳᠡ ᠭᠡᠷ ᠲᠤ ᠪᠠᠨ ᠬᠠᠷᠢᠵᠤ ᠢᠷᠡᠳᠡᠭ ᠦᠭᠡᠢ ᠪᠤᠢ︖︾ ᠭᠡᠵᠦ ᠠᠰᠠᠭᠤᠬᠤ ᠳᠤ ᠨᠢ᠂ ᠲᠡᠷᠡ ᠪᠦᠷ | ᠬᠡᠦᠬᠡᠳ ᠲᠡᠭᠡᠨ᠄ ︽ᠠᠪᠤ ᠴᠢᠨᠢ ᠬᠡᠳᠦ᠋ᠢᠪᠡᠷ ᠦᠷᠭᠦᠯᠵᠢ ᠭᠡᠷ ᠲᠡᠭᠡᠨ ᠪᠠᠶᠢᠳᠠᠭ ᠦᠭᠡᠢ ᠪᠣᠯᠪᠠᠴᠤ ᠶᠡᠷᠦ ᠨᠢ ᠬᠤᠯᠠ | ᠦᠭᠡᠢ ᠭᠠᠵᠠᠷ ᠴᠢᠮᠠᠶᠢ ᠰᠠᠬᠢᠨ ᠬᠠᠮᠠᠭᠠᠯᠠᠵᠤ᠂ ᠮᠠᠨ ᠤ ᠭᠡᠷ ᠢᠶᠠᠨ ᠰᠠᠬᠢᠨ ᠬᠠᠮᠠᠭᠠᠯᠠᠵᠤ ᠪᠠᠶᠢᠳᠠᠭ ᠰᠢᠦ ︾ ᠭᠡᠵᠦ | ᠬᠠᠷᠢᠭᠤᠯᠳᠠᠭ ᠪᠠᠶᠢᠯ᠎ᠠ᠃ | ᠠᠵᠢᠯ ᠤᠨ ᠳᠤᠮᠳᠠ ᠪᠠᠨ᠂ ᠪᠦᠦ ᠶᠠᠨ ᠴᠦᠨ ᠯᠠᠪᠳᠠᠭᠤᠨ ᠪᠠᠲᠤᠲᠠᠢ ᠠᠵᠢᠯᠯᠠᠵᠤ᠂ ᠰᠢᠷᠭᠠᠭᠤ ᠰᠤᠷᠤᠯᠴᠠᠨ | ᠰᠠᠶᠢᠲᠤᠷ ᠰᠡᠳᠬᠢᠵᠦ᠂ ᠤᠷᠢᠳ ᠬᠤᠵᠢᠳ ᠪᠦᠬᠦ ᠣᠷᠣᠨ ᠤ ᠪᠠᠶᠢᠴᠠᠭᠠᠬᠤ ᠪᠠᠶᠢᠭᠤᠯᠭ᠎ᠠ ᠶᠢᠨ ᠬᠤᠣᠰ ᠲᠡᠷᠢᠭᠦᠨ ᠤ | ᠬᠤᠪᠢ ᠬᠥᠮᠦᠨ᠂ ᠬᠦᠷᠢᠶ᠎ᠡ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶᠠᠨ ᠤ ᠲᠡᠷᠢᠭᠦᠨ ᠤ ᠬᠤᠪᠢ ᠬᠥᠮᠦᠨ᠂ | ᠰᠢᠯᠢᠳᠡᠭ ᠡᠪ ᠬᠠᠮᠲᠤ ᠨᠠᠮ ᠤᠨ ᠭᠡᠰᠢᠭᠦᠨ ᠵᠡᠷᠭᠡ ᠢᠷᠠᠭᠤ ᠠᠯᠳᠠᠷ ᠤᠨ ᠴᠣᠯᠠ ᠶᠢ ᠬᠤᠷᠢ ᠭᠠᠷᠤᠢ ᠤᠳᠠᠭ᠎ᠠ | ᠬᠦᠷᠳᠡᠪᠡ᠃ ᠯᠦᠸᠧ ᠸᠧᠶ ᠯᠢ ᠪᠠᠰᠠ ᠲᠡᠭᠦᠨ ᠤ ᠪᠥᠬᠦ ᠬᠦᠴᠦᠨ ᠤ ᠳᠡᠮᠵᠢᠯᠭᠡ ᠳᠤᠤᠷ᠎ᠠ᠂ ᠤᠷᠢᠳ ᠬᠤᠵᠢᠳ | ᠭᠤᠷᠪᠠᠳᠤᠭᠠᠷ ᠳᠡᠰ ᠤᠨ ᠭᠠᠪᠢᠶ᠎ᠠ ᠨᠢᠭᠡ ᠤᠳᠠᠭ᠎ᠠ ᠪᠠᠶᠢᠭᠤᠯᠵᠤ᠂ ᠬᠤᠶᠠᠷ ᠤᠳᠠᠭ᠎ᠠ ᠬᠥᠬᠢᠭᠦᠯᠦᠨ ᠰᠠᠶᠢᠰᠢᠶᠠᠭᠳᠠᠵᠤ᠂ | ᠣᠯᠠᠨ ᠤᠳᠠᠭ᠎ᠠ ᠦᠨᠳᠦᠰᠦᠨ ᠱᠠᠲᠤᠨ ᠤ ᠰᠢᠯᠢᠳᠡᠭ ᠺᠠᠳ᠋ᠷ᠂ ᠪᠥᠬᠦ ᠤᠯᠤᠰ ᠤᠨ ᠵᠡᠪᠰᠡᠭᠲᠦ ᠴᠠᠭᠳᠠᠭ᠎ᠠ ᠶᠢᠨ ᠴᠡᠷᠢᠭ | ᠠᠩᠭᠢ ᠶᠢᠨ ︽ᠵᠠᠭᠤᠨ ᠡᠳᠦᠷ ᠤᠨ ᠠᠮᠤᠷ ᠲᠦᠪᠰᠢᠨ ᠤ ᠤᠷᠤᠯᠳᠤᠭᠠᠨ︾ ᠤ ᠲᠡᠷᠢᠭᠦᠨ ᠤ ᠬᠤᠪᠢ ᠬᠥᠮᠦᠨ ᠢᠶᠠᠷ | ᠦᠨᠡᠯᠡᠭᠳᠡᠪᠡ᠃ ᠯᠦᠸᠧ ᠸᠧᠢ ᠯᠢ᠄ ︽ᠡᠳᠡᠭᠡᠷ ᠴᠡᠷᠢᠭ ᠤᠨ ᠭᠠᠪᠢᠶᠠᠨ ᠳᠡᠮᠳᠡᠭ ᠤᠨ ᠬᠠᠭᠠᠰ ᠨᠢ ᠪᠦᠦ ᠶᠠᠨ | ᠴᠦᠨ ᠤ ᠬᠢ ᠶᠤᠮ︾ ᠭᠡᠵᠦ ᠶᠠᠷᠢᠵᠤ ᠪᠠᠶᠢᠯ᠎ᠠ᠃ |