ᠭᠦᠷᠢᠶ᠎ᠡ ᠬᠤᠰᠢᠭᠤᠨ ᠤ ᠪᠠᠷᠠᠭᠤᠨ ᠡᠮᠦᠨ᠎ᠡ ᠪᠡᠶ᠎ᠡ ᠪᠠᠷ ᠪᠠᠶᠢᠷᠢᠯᠠᠵᠦ ᠪᠠᠶᠢᠭ᠎ᠠ ᠤᠳᠤᠬᠢ ᠪᠠᠶᠠᠨᠬᠤᠸᠠ ᠪᠠᠯᠭᠠᠰᠤᠨ | ︵ᠤᠤᠯ ᠤᠨ ᠬᠡᠷᠡᠯ ᠤᠨ ᠰᠤᠮᠤ︶ ᠤ ᠲᠤᠭᠤᠯ ᠤᠨ ᠭᠤᠤ ᠠᠶᠢᠯ ᠤᠨ ᠨᠡᠷ᠎ᠡ ᠶᠢᠨ ᠲᠤᠬᠠᠢ ᠡᠶᠢᠮᠦ ᠲᠤᠮᠤᠭ ᠪᠠᠶᠢᠭ᠎ᠠ᠃ | | ᠭᠦᠷᠢᠶ᠎ᠡ ᠬᠤᠰᠢᠭᠤ ᠪᠠᠶᠢᠭᠤᠯᠤᠭᠳᠠᠵᠦ ᠬᠡᠳᠦᠢ ᠬᠡᠳᠦᠢ ᠤᠳᠠᠭᠠᠳ ᠲᠦᠷᠦ ᠱᠠᠰᠢᠨ ᠲᠦᠯᠦᠪᠵᠢᠨ ᠲᠤᠭᠳᠠᠵᠦ᠂ | ᠬᠤᠶᠠᠷ ᠬᠠᠯᠬ᠎ᠠ ᠬᠤᠰᠢᠭᠤ ᠲᠠᠢ ᠬᠢᠯᠢ ᠨᠠᠶᠢᠯᠠᠵᠦ ᠵᠡᠷᠬᠡᠴᠡᠨ ᠤᠷᠤᠰᠢᠵᠦ ᠪᠠᠶᠢᠵᠠᠢ ᠬᠡᠨ᠎ᠡ᠃ ᠤᠤᠯ ᠤᠨ ᠲᠠᠩᠭᠤᠳ | ᠬᠠᠯᠬ᠎ᠠ ᠶᠢᠨ ᠬᠠᠶᠢᠯᠠᠰᠤᠳᠠᠢ ᠶᠢᠨ ᠶᠡᠭᠡ ᠪᠠᠶᠠᠨ ᠤ ᠲᠤᠭᠤᠯ ᠢ ᠨᠢᠬᠡ ᠶᠠᠳᠠᠭᠤ ᠠᠶᠢᠯ ᠤᠨ ᠪᠢᠴᠢᠬᠠᠨ ᠭᠦᠦ | ᠬᠠᠷᠢᠭᠤᠯᠵᠦ ᠪᠠᠶᠢᠪᠠ ᠬᠡᠨ᠎ᠡ᠃ ᠲᠤᠭᠤᠯ ᠬᠡᠳᠡᠭ ᠪᠢᠴᠢᠬᠠᠨ ᠠᠮᠢᠳᠠᠳ ᠲᠤᠭᠯᠠᠭᠠᠳ ᠭᠠᠷᠤᠭᠠᠳ ᠭᠦᠶᠦᠪᠠᠯ ᠬᠡᠨ ᠴᠦ | ᠬᠤᠷᠢᠭᠯᠠᠵᠦ ᠲᠡᠶᠢᠯᠭᠦ ᠦᠬᠡᠢ ᠲᠤᠯᠠ ᠲᠤᠭᠤᠯᠴᠢᠨ ᠭᠦᠦ ᠬᠡᠳᠦ ᠤᠳᠠᠭ᠎ᠠ ᠠᠯᠳᠠᠵᠦ᠂ ᠦᠨᠢᠶ᠎ᠡ ᠲᠤᠭᠤᠯ ᠢ | ᠨᠠᠶᠢᠯᠠᠭᠦᠯᠪᠡ ᠬᠡᠵᠦ ᠪᠠᠶᠠᠨ ᠳᠤ ᠴᠤᠬᠢᠭᠳᠠᠭᠰᠠᠨ ᠬᠡᠨ᠎ᠡ᠃ ᠨᠢᠬᠡ ᠡᠳᠦᠷ ᠲᠤᠭᠤᠯᠴᠢᠨ ᠭᠦᠦ ᠲᠤᠭᠤᠯ ᠢᠶᠠᠨ | ᠬᠠᠷᠢᠭᠤᠯᠵᠦ ᠶᠠᠪᠤᠵᠦ ᠪᠠᠶᠢᠭᠠᠳ ᠠᠶᠢᠯ ᠤᠨ ᠡᠮᠦᠨ᠎ᠡ ᠪᠠᠶᠢᠭ᠎ᠠ ᠤᠷᠳᠦ ᠭᠦᠨ ᠭᠤᠤ ᠶᠢ ᠬᠠᠷᠠᠭᠠᠳ ᠨᠢᠬᠡ ᠪᠤᠳᠤᠯ | ᠤᠷᠤᠵᠦ ᠲᠡᠷᠡ ᠲᠤᠤᠷ᠎ᠠ ᠨᠢ ᠲᠤᠭᠤᠯ ᠢᠶᠠᠨ ᠭᠤᠤ ᠳᠤ ᠬᠠᠰᠢᠨ ᠤᠷᠤᠭᠤᠯᠵᠦ᠂ ᠭᠤᠤ ᠠᠮᠠᠰᠠᠷ ᠲᠠᠬᠢ ᠮᠤᠳᠤᠨ | ᠰᠠᠭᠦᠳᠡᠷ ᠲᠤ ᠰᠠᠭᠤᠵᠠᠢ ᠬᠡᠨ᠎ᠡ᠃ ᠲᠡᠭᠦᠨ ᠠᠴᠠ ᠬᠤᠶᠢᠰᠢ ᠲᠤᠭᠤᠯᠴᠢᠨ ᠭᠦᠦ ᠲᠤᠭᠤᠯ ᠢᠶᠠᠨ ᠠᠯᠳᠠᠭᠰᠠᠨ ᠦᠬᠡᠢ | ᠪᠦᠬᠡᠳ ᠲᠤᠭᠤᠯ ᠬᠠᠷᠢᠭᠤᠯᠬᠤ ᠶᠠᠪᠤᠳᠠᠯ ᠴᠦ ᠶᠡᠭᠡ ᠬᠢᠯᠪᠡᠷ ᠲᠦᠭᠦᠮ ᠪᠤᠯᠵᠠᠢ ᠬᠡᠨ᠎ᠡ᠃ ᠲᠤᠭᠤᠯᠴᠢᠨ ᠭᠦᠦ | ᠲᠤᠭᠤᠯ ᠢᠶᠠᠨ ᠭᠤᠤ ᠳᠤ ᠤᠷᠤᠭᠤᠯᠪᠠᠯ ᠮᠤᠳᠤᠨ ᠰᠡᠭᠦᠳᠡᠷ ᠲᠤᠨᠢ ᠤᠨᠳᠠᠵᠦ᠂ ᠴᠠᠭ ᠨᠢ ᠪᠤᠯᠪᠠᠯ ᠭᠦᠬᠡᠬᠡᠵᠦ | ᠬᠠᠷᠢᠳᠠᠭ ᠢ ᠬᠡᠨ ᠴᠦ ᠮᠡᠳᠡᠭᠰᠡᠨ ᠦᠬᠡᠢ ᠪᠠᠶᠢᠵᠦ ᠪᠠᠶᠢᠳᠠᠯ᠎ᠠ ᠨᠢᠬᠡ ᠡᠳᠦᠷ ᠲᠤᠭᠤᠯᠴᠢᠨ ᠭᠦᠦ ᠶᠢᠨ ᠨᠢᠳᠦ ᠶᠢ ᠨᠢᠬᠡ | ᠶᠠᠭᠤᠮ᠎ᠠ ᠬᠢᠯᠠᠰᠬᠠᠵᠠᠢ ᠬᠡᠨ᠎ᠡ᠃ ᠲᠤᠭᠤᠯᠴᠢᠨ ᠭᠦᠦ ᠶᠠᠭᠤ ᠪᠤᠯᠬᠤ ᠶᠢ ᠬᠠᠮᠢᠶᠠᠷᠤᠭᠰᠠᠨ ᠦᠬᠡᠢ ᠦᠷᠭᠦᠯᠵᠢ | ᠢᠩᠬᠢᠵᠦ ᠦᠵᠡᠭᠳᠡᠭᠦ ᠪᠠᠷ ᠨᠢᠬᠡ ᠡᠳᠦᠷ ᠭᠤᠤ ᠶᠢᠨ ᠪᠠᠷᠠᠭᠤᠨ ᠬᠤᠶᠢᠳᠦ ᠡᠷᠬᠢ ᠲᠡᠬᠡᠷ᠎ᠡ ᠬᠢᠯᠡᠰᠴᠦ ᠪᠠᠶᠢᠭ᠎ᠠ ᠶᠠᠭᠤ | ᠪᠤᠯ ᠬᠡᠵᠦ ᠤᠴᠢᠵᠦ ᠦᠵᠡᠯ᠎ᠡ ᠬᠡᠨ᠎ᠡ᠃ ᠲᠤᠭᠤᠯᠴᠢᠨ ᠭᠦᠦ ᠦᠨᠳᠦᠷ ᠡᠷᠬᠢ ᠲᠡᠬᠡᠷ᠎ᠡ ᠮᠠᠴᠦᠨ ᠭᠠᠷᠴᠦ ᠦᠵᠡᠭᠦ ᠳᠤ | ᠪᠢᠷᠠᠭᠤ ᠶᠢᠨ ᠱᠠᠭ᠎ᠠ ᠶᠢᠨ ᠴᠢᠨᠡᠭᠡ ᠴᠠᠶᠢᠪᠤᠷ ᠴᠢᠯᠠᠭᠤ ᠰᠢᠭ᠋ ᠬᠠᠳᠠᠭᠤ ᠶᠠᠭᠤᠮ᠎ᠠ ᠠᠴᠠ ᠬᠡᠷᠡᠯ ᠭᠠᠷᠴᠦ ᠪᠠᠶᠢᠵᠠᠢ᠃ | ᠲᠤᠭᠤᠯᠴᠢᠨ ᠭᠦᠦ ᠶᠠᠭᠤ ᠪᠤᠯᠬᠤ ᠶᠢ ᠶᠠᠭᠠᠬᠢᠵᠦ ᠲᠠᠨᠢᠬᠤ ᠪᠢᠯᠡ᠂ ᠠᠪᠴᠦ ᠢᠷᠡᠬᠡᠳ ᠮᠤᠳᠤᠨ ᠰᠡᠭᠦᠳᠡᠷ ᠰᠠᠭᠤᠵᠦ | ᠨᠠᠭᠠᠳᠴᠦ ᠮᠤᠬᠤᠭᠠᠳ ᠠᠪᠤᠭᠠᠳ ᠬᠠᠷᠢᠵᠠᠢ ᠬᠡᠨ᠎ᠡ᠃ | ᠲᠤᠭᠤᠯᠴᠢᠨ ᠭᠦᠦ ᠬᠡᠷ ᠲᠡᠭᠡᠨ ᠬᠠᠷᠢᠭᠠᠳ ᠲᠡᠷᠡ ᠶᠠᠭᠤᠮ᠎ᠠ ᠪᠠᠨ ᠭᠠᠷᠭᠠᠵᠦ ᠨᠠᠭᠠᠳᠴᠦ ᠪᠠᠶᠢᠳᠠᠯ᠎ᠠ ᠮᠦᠮᠦ ᠨᠢ | ᠤᠯᠵᠦ ᠦᠵᠡᠬᠡᠳ ᠨᠢᠳᠦ ᠨᠢ ᠤᠷᠤᠢ ᠲᠡᠬᠡᠷ᠎ᠡ ᠪᠠᠨ ᠭᠠᠷᠴᠦ᠂ ᠲᠤᠭᠤᠯᠴᠢᠨ ᠭᠦᠦ ᠶᠢ ᠬᠠᠮᠢᠭ᠎ᠠ ᠠᠴᠠ ᠠᠪᠴᠦ | ᠢᠷᠡᠭᠰᠡᠨ ᠢ ᠰᠠᠶᠢᠬᠠᠨ ᠬᠡᠯᠡᠭᠦ ᠦᠬᠡᠢ ᠪᠤᠯ ᠠᠷᠠᠰᠦ ᠶᠢ ᠨᠢ ᠱᠠᠭᠠᠯᠤᠨᠠ ᠬᠡᠵᠦ ᠠᠭᠤᠷᠯᠠᠵᠠᠢ ᠬᠡᠨ᠎ᠡ᠃ ᠲᠤᠭᠤᠯᠴᠢᠨ | ᠭᠦᠦ ᠶᠠᠭᠤ ᠪᠤᠯᠤᠭᠰᠠᠨ ᠢ ᠮᠡᠳᠡᠭᠦ ᠦᠬᠡᠢ ᠪᠤᠯᠪᠠᠴᠦ ᠦᠨᠡᠨ ᠢᠶᠠᠨ ᠬᠡᠯᠡᠵᠦ ᠦᠴᠢᠭ ᠢᠶᠠᠨ ᠲᠤᠰᠢᠶᠠᠬᠤ ᠪᠠᠷ ᠡᠵᠢ ᠨᠢ | ᠲᠠᠬᠢᠵᠦ ᠠᠪᠴᠦ ᠢᠷᠡᠵᠦ ᠪᠤᠯᠬᠤ ᠬᠡᠵᠦ ᠬᠠᠳᠠᠭᠤ ᠵᠠᠬᠢᠭᠰᠠᠨ ᠬᠡᠨ᠎ᠡ᠃ ᠭᠦᠦ ᠴᠦ ᠪᠠᠰᠠ ᠡᠵᠢ ᠠᠴᠠ ᠪᠠᠨ ᠠᠶᠤᠵᠦ | ᠲᠠᠬᠢᠵᠦ ᠠᠪᠴᠢᠷᠠᠬᠤ ᠦᠬᠡᠢ ᠬᠡᠵᠦ ᠠᠮᠠᠯᠳᠠᠵᠠᠢ᠃ ᠬᠤᠶᠠᠷ ᠡᠳᠦᠷ ᠤᠨ ᠲᠠᠷᠠᠭ᠎ᠠ ᠲᠤᠭᠤᠯᠴᠢᠨ ᠭᠦᠦ ᠮᠦᠨ ᠲᠡᠷᠡ | ᠮᠤᠳᠤᠨ ᠰᠠᠭᠦᠳᠡᠷ ᠠᠴᠠ ᠪᠠᠨ ᠪᠠᠰᠠ ᠲᠡᠷᠡ ᠬᠢᠯᠠᠰᠴᠦ ᠪᠠᠶᠢᠭ᠎ᠠ ᠶᠠᠭᠤᠮ᠎ᠠ ᠶᠢ ᠤᠯᠵᠦ ᠦᠵᠡᠬᠡᠳ ᠮᠦᠮᠦ ᠳᠡᠭᠡᠨ | ᠢᠷᠡᠵᠦ ᠬᠡᠯᠡᠭᠦ ᠳᠤ ᠮᠦᠮᠦ ᠨᠢ ᠶᠡᠬᠡᠳᠠ ᠠᠭᠤᠷᠯᠠᠵᠦ᠂ ᠡᠨᠡ ᠤᠴᠢᠷ ᠢ ᠬᠡᠨ ᠳᠤ ᠴᠦ ᠬᠡᠯᠡᠵᠦ ᠪᠤᠯᠬᠤ ᠦᠬᠡᠢ ᠬᠡᠵᠦ | ᠵᠠᠬᠢᠯ᠎ᠠ᠃ ᠭᠦᠦ ᠬᠡᠳᠦᠶᠢᠪᠡᠷ ᠮᠦᠮᠦ ᠳᠡᠭᠡᠨ ᠲᠡᠷᠡ ᠶᠠᠭᠤᠮ᠎ᠠ ᠶᠢ ᠠᠪᠴᠢᠷᠠᠬᠤ ᠦᠬᠡᠢ ᠬᠡᠵᠦ ᠠᠮᠠᠯᠳᠠᠭᠰᠠᠨ ᠪᠤᠯᠪᠠᠴᠦ | ᠬᠡᠳᠦᠨ ᠡᠳᠦᠷ ᠪᠤᠯᠪᠠᠯ ᠨᠢᠬᠡ ᠭᠠᠷᠴᠦ ᠢᠷᠡᠳᠡᠭ ᠲᠡᠷᠡ ᠠᠶᠤᠮᠰᠢᠭᠳᠦ ᠬᠠᠳᠠᠭᠤ ᠶᠠᠭᠤᠮ᠎ᠠ ᠶᠢ ᠠᠪᠴᠦ ᠦᠬᠡᠷ᠎ᠡ | ᠭᠠᠵᠠᠷ ᠪᠤᠯᠠᠵᠦ ᠲᠠᠯᠪᠢᠯ᠎ᠠ ᠬᠡᠨ᠎ᠡ᠃ ᠭᠠᠶᠢᠬᠠᠭᠤᠰᠢᠳᠠᠢ ᠨᠢ ᠲᠡᠷᠡ ᠬᠠᠳᠠᠭᠤ ᠶᠠᠭᠤᠮ᠎ᠠ ᠡᠳᠦᠷ ᠪᠦᠷᠢ ᠪᠠᠶᠢᠬᠤ ᠪᠢᠰᠢ᠂ | ᠬᠠᠷᠠᠭᠳᠠᠭᠰᠠᠨ ᠡᠳᠦᠷ ᠠᠪᠬᠤ ᠦᠬᠡᠢ ᠪᠤᠯ ᠮᠠᠷᠭᠠᠰᠢ ᠨᠢ ᠭᠦᠮᠦᠨ ᠠᠪᠤᠭᠠᠳ ᠶᠠᠪᠤᠴᠢᠬᠠᠳᠠᠭ ᠬᠡᠨ᠎ᠡ᠃ | ᠬᠠᠶᠢᠯᠠᠰᠤᠳᠠᠢ ᠶᠢᠨ ᠶᠡᠭᠡ ᠪᠠᠶᠠᠨ ᠶᠡᠭᠡ ᠨᠠᠷᠢᠨ ᠭᠦᠮᠦᠨ ᠬᠡᠨ᠎ᠡ᠂ ᠲᠤᠭᠤᠯᠴᠢᠨ ᠭᠦᠦ ᠶᠢ ᠬᠤᠶᠠᠷ ᠤᠳᠠᠭ᠎ᠠ | ᠦᠨᠢᠶ᠎ᠡ ᠲᠤᠭᠤᠯ ᠢ ᠨᠠᠶᠢᠯᠠᠭᠦᠯᠵᠡᠢ ᠬᠡᠳ ᠰᠢᠢᠳᠬᠡᠭᠰᠡᠨ ᠴᠢᠨᠢ ᠤᠷᠴᠢᠮ ᠲᠡᠬᠢᠵᠦ ᠲᠡᠶᠢᠮᠦ ᠤᠴᠢᠷ ᠭᠠᠷᠤᠭᠰᠠᠨ | ᠦᠬᠡᠢ ᠨᠢ ᠪᠠᠰᠠ ᠨᠢᠬᠡ ᠵᠢᠭ ᠪᠤᠯᠵᠠᠢ ᠡ ᠬᠡᠵᠦ ᠡᠨᠡ ᠡᠳᠦᠷ ᠲᠤᠭᠤᠯᠴᠢᠨ ᠭᠦᠦ ᠶᠢᠨ ᠲᠤᠭᠤᠯ ᠢᠶᠠᠨ ᠭᠠᠷᠭᠠᠬᠤ ᠶᠢ | ᠬᠤᠯᠠ ᠠᠴᠠ ᠬᠠᠷᠠᠵᠦ ᠲᠠᠭᠠᠵᠦ ᠶᠠᠪᠤᠭᠰᠠᠨ ᠬᠡᠨ᠎ᠡ᠃ ᠦᠵᠡᠰᠠ᠂ ᠪᠠᠶᠠᠨ ᠤ ᠪᠤᠳᠤᠯᠭᠠᠨ ᠠᠴᠠ ᠭᠠᠷᠤᠭ᠎ᠠ ᠦᠬᠡᠢ᠂ | ᠡᠨᠡ ᠮᠠᠭᠤ ᠲᠤᠭᠤᠯᠴᠢᠨ ᠭᠦᠦ ᠶᠢ ᠦᠵᠡ᠂ ᠲᠤᠭᠤᠯ ᠢ ᠶᠡᠭᠡ ᠭᠤᠤ ᠲᠤᠳᠤᠷ᠎ᠠ ᠭᠦᠬᠡᠬᠡᠵᠦ ᠤᠷᠤᠭᠤᠯᠤᠭᠠᠳ | ᠬᠤᠪᠢ ᠪᠠᠷ ᠢᠶᠠᠨ ᠬᠠᠷᠢᠨ ᠭᠤᠤ ᠶᠢᠨ ᠠᠮᠠᠰᠠᠷ ᠤᠨ ᠮᠤᠳᠤᠨ ᠰᠡᠭᠦᠳᠡᠷ ᠲᠤ ᠤᠨᠳᠠᠭᠠᠳ ᠠᠪᠴᠢᠬᠠᠨ᠎ᠠ᠃ ᠦᠨᠡᠬᠡᠷ | ᠰᠡᠷᠭᠦᠯᠡᠩ ᠭᠤᠤᠰᠦ ᠪᠠᠶᠢᠨ᠎ᠠ ᠡ᠂ ᠪᠢ ᠴᠢᠮᠠᠢᠢ ᠨᠢᠬᠡ ᠮᠡᠳᠡᠶ᠎ᠡ ᠬᠡᠵᠦ ᠵᠠᠨᠤᠭᠠᠳ ᠪᠤᠴᠠᠵᠠᠢ ᠬᠡᠨ᠎ᠡ᠃ ᠮᠠᠷᠭᠠᠰᠢ ᠨᠢ | ᠪᠤᠯᠤᠭᠠᠳ ᠲᠤᠭᠤᠯᠴᠢᠨ ᠭᠦᠦ ᠴᠢᠮᠠᠢᠢ ᠤᠨᠳᠠᠭ᠎ᠠ ᠪᠠᠷ ᠴᠢᠨᠢ ᠦᠪᠴᠢᠵᠦ ᠲᠠᠯᠪᠢᠶ᠎ᠠ ᠬᠡᠵᠦ ᠪᠡᠯᠡᠳᠬᠡᠨ ᠰᠠᠭᠤᠵᠦ | ᠪᠠᠶᠢᠳᠠᠯ᠎ᠠ ᠲᠤᠭᠤᠯᠴᠢᠨ ᠭᠦᠦ ᠲᠡᠬᠡᠭᠰᠢ ᠬᠠᠷᠠᠵᠦ ᠬᠡᠪᠳᠡᠬᠡᠳ ᠭᠦᠯ ᠬᠡᠳᠡᠭ ᠢ ᠴᠢᠨᠢ ᠰᠤᠯᠪᠢᠨ ᠠᠴᠢᠵᠦ ᠯᠠᠷᠵᠠ ᠲᠠᠢ | ᠬᠡᠪᠳᠡᠵᠦ ᠪᠠᠶᠢᠭᠰᠠᠨ ᠢᠶᠠᠨ ᠪᠤᠰᠴᠦ ᠰᠠᠭᠤᠭᠠᠳ ᠨᠢᠳᠦ ᠪᠠᠨ ᠨᠤᠬᠤᠯᠠᠨ ᠨᠤᠬᠤᠯᠠᠨ ᠪᠠᠷᠠᠭᠤᠨ ᠬᠤᠶᠢᠳᠦ ᠵᠦᠭ | ᠬᠠᠷᠠᠵᠦ ᠪᠠᠶᠢᠭᠰᠠᠨ ᠢᠶᠠᠨ ᠭᠦᠶᠦᠨ ᠪᠤᠰᠴᠦ ᠴᠢᠭ ᠪᠠᠷᠠᠭᠤᠨ ᠬᠤᠶᠢᠳᠦ ᠡᠷᠬᠢ ᠲᠡᠬᠡᠷ᠎ᠡ ᠨᠢᠬᠡ ᠯᠡ ᠠᠮᠢᠰᠬᠤᠭ᠎ᠠ ᠪᠠᠷ | ᠭᠦᠶᠦᠨ ᠭᠠᠷᠴᠦ ᠨᠢᠬᠡ ᠶᠠᠭᠤᠮ᠎ᠠ ᠠᠪᠴᠦ ᠡᠪᠤᠷᠯᠡᠬᠡᠳ ᠪᠤᠴᠠᠵᠦ ᠢᠷᠡᠪᠡ ᠬᠡᠨ᠎ᠡ᠃ ᠡᠭᠦᠨ ᠢ ᠦᠵᠡᠭᠰᠡᠨ ᠪᠠᠶᠠᠨ ᠤ | ᠬᠢ ᠬᠢ ᠢᠨᠢᠶᠡᠬᠡᠳ ᠪᠤᠴᠠᠵᠠᠢ᠃ ᠲᠤᠭᠤᠯᠴᠢᠨ ᠭᠦᠦ ᠶᠢ ᠬᠠᠷᠢᠵᠦ ᠢᠷᠡᠭᠰᠡᠨ ᠤ ᠰᠡᠭᠦᠯᠡᠷ ᠪᠠᠶᠠᠨ ᠲᠤᠳᠤᠭᠠᠳᠦ | ᠵᠠᠷᠤᠴᠠ ᠲᠠᠢ ᠪᠠᠨ ᠬᠠᠮᠳᠦ ᠲᠤᠭᠤᠯᠴᠢᠨ ᠭᠦᠦ ᠶᠢᠨ ᠶᠠᠭᠤᠮ᠎ᠠ ᠠᠪᠤᠭᠰᠠᠨ ᠭᠠᠵᠠᠷ ᠭᠦᠷᠴᠦ ᠭᠤᠷᠪᠠᠨ ᠲᠤᠬᠤᠢ | ᠤᠷᠪᠠᠭᠤᠯᠤᠭᠠᠳ ᠤᠯᠤᠭᠰᠠᠨ ᠶᠠᠭᠤᠮ᠎ᠠ ᠦᠬᠡᠢ ᠪᠤᠯᠬᠤᠷ ᠠᠭᠤᠷ ᠤᠮᠤᠭ ᠢᠶᠠᠨ ᠭᠠᠷᠭᠠᠬᠤ ᠭᠦᠮᠦᠨ ᠦᠬᠡᠢ ᠪᠤᠯᠵᠦ᠂ | ᠲᠡᠷᠡ ᠲᠤᠤᠷ᠎ᠠ ᠨᠢ ᠲᠤᠭᠤᠯᠴᠢᠨ ᠭᠦᠦ ᠶᠢ ᠲᠠᠭᠤᠳᠠᠵᠦ ᠲᠤᠭᠤᠯ ᠬᠠᠷᠢᠭᠤᠯᠵᠦ ᠪᠠᠶᠢᠭ᠎ᠠ ᠪᠠᠶᠢᠳᠠᠯ ᠢ ᠠᠰᠠᠭᠤᠪᠠ᠃ | ᠲᠦᠭᠦᠬᠡ ᠤᠷᠤᠭᠠᠳᠤᠢ ᠭᠦᠦ ᠲᠤᠮᠤ ᠪᠠᠶᠠᠨ ᠤ ᠠᠰᠠᠭᠤᠯᠳᠠ ᠶᠢ ᠬᠠᠷᠢᠭᠤᠯᠵᠦ ᠲᠠᠶᠢᠯᠭᠦ ᠦᠬᠡᠢ ᠲᠤᠯᠠ ᠬᠤᠶᠠᠷᠬᠠᠨ | ᠠᠰᠠᠭᠤᠭᠰᠠᠨ ᠦᠬᠡᠢ ᠲᠤᠭᠤᠯ ᠢᠶᠠᠨ ᠭᠤᠤ ᠲᠤᠳᠤᠷ᠎ᠠ ᠬᠠᠷᠢᠭᠤᠯᠵᠦ ᠪᠠᠶᠢᠭ᠎ᠠ ᠪᠠᠨ ᠬᠡᠯᠡᠬᠡᠳ ᠦᠭᠴᠡᠢ ᠬᠡᠨ᠎ᠡ᠃ | ᠪᠠᠶᠠᠨ ᠡᠭᠦᠨ ᠢ ᠰᠤᠨᠤᠰᠤᠭᠠᠳ ᠲᠤᠳᠤᠷ᠎ᠠ ᠪᠠᠨ ᠄ ︽ᠡᠨᠡ ᠮᠠᠭᠤ ᠰᠢᠷ᠎ᠠ ᠠᠮᠤᠷ ᠦᠬᠡᠢ ᠭᠠᠪᠠᠯᠠ ᠪᠠᠶᠢᠵᠦ | ᠲᠠᠭᠠᠷᠠᠨ᠎ᠠ᠂ ᠲᠡᠭᠦᠨ ᠤ ᠲᠡᠷᠡ ᠭᠤᠤ ᠶᠢᠨ ᠡᠬᠢ ᠠᠴᠠ ᠲᠡᠭᠦᠵᠦ ᠠᠪᠤᠭᠰᠠᠨ ᠶᠠᠭᠤᠮ᠎ᠠ ᠯᠠᠪᠳᠠᠢ ᠡᠩ ᠤᠨ ᠶᠠᠭᠤᠮ᠎ᠠ | ᠪᠢᠰᠢ ᠰᠢᠦ︕︾ ᠬᠡᠵᠦ ᠪᠤᠳᠤᠭᠠᠳ ᠠᠭᠠᠵᠢᠮ ᠢᠶᠠᠷ ᠤᠬᠤᠴᠢᠯᠠᠵᠦ ᠠᠰᠠᠭᠤᠭᠰᠠᠨ ᠴᠦ ᠲᠤᠭᠤᠯᠴᠢᠨ ᠭᠦᠦ ᠡᠵᠢ | ᠶᠢᠨ ᠢᠶᠠᠨ ᠵᠠᠬᠢᠶ᠎ᠠ ᠪᠠᠷ ᠬᠡᠯᠡᠵᠦ ᠦᠭᠭᠦᠭᠰᠡᠨ ᠦᠬᠡᠢ ᠳᠤ ᠪᠠᠶᠠᠨ ᠲᠠᠰᠢᠭᠤᠷ ᠡᠷᠬᠢᠭᠦᠯᠵᠦ ᠲᠤᠭᠤᠯᠴᠢᠨ ᠭᠦᠦ ᠶᠢ | ᠴᠤᠬᠢᠵᠦ ᠰᠢᠢᠳᠬᠡᠭᠦ ᠳᠤ ᠡᠵᠢ ᠨᠢ ᠲᠠᠰᠴᠦ ᠴᠢᠳᠠᠬᠤ ᠦᠬᠡᠢ ᠪᠤᠯᠵᠦ ᠲᠤᠭᠤᠯᠴᠢᠨ ᠭᠦᠦ ᠶᠢᠨ ᠤᠯᠵᠦ ᠢᠷᠡᠭᠰᠡᠨ | ᠬᠡᠰᠡᠭᠳᠡᠢ ᠴᠠᠭᠠᠨ ᠮᠦᠩᠭᠦ ᠶᠢ ᠪᠠᠶᠠᠨ ᠳᠤ ᠠᠪᠴᠢᠷᠠᠵᠦ ᠦᠭᠴᠠᠢ ᠬᠡᠨ᠎ᠡ᠃ ᠮᠦᠩᠭᠦ ᠦᠵᠡᠭᠰᠡᠨ ᠪᠠᠶᠠᠨ ᠤᠯᠠᠮ | ᠲᠤᠭᠰᠢᠷᠠᠵᠦ ᠲᠤᠭᠤᠯᠴᠢᠨ ᠭᠦᠦ ᠶᠢ ᠮᠢᠨᠦ ᠬᠠᠳᠠᠭᠠᠯᠠᠵᠦ ᠪᠠᠶᠢᠭᠰᠠᠨ ᠮᠦᠩᠭᠦ ᠶᠢ ᠬᠤᠯᠠᠭᠠᠶᠢᠯᠠᠵᠠᠢ ᠬᠡᠵᠦ ᠤᠯᠠᠮ | ᠴᠢᠩᠭ᠎ᠠ ᠰᠢᠢᠳᠬᠡᠵᠦ᠂ ᠲᠤᠭᠤᠯᠴᠢᠨ ᠭᠦᠦ ᠪᠠᠷ ᠮᠦᠩᠭᠦ ᠤᠯᠤᠭᠰᠠᠨ ᠪᠤᠳᠠᠳᠠᠢ ᠭᠠᠵᠠᠷ ᠢ ᠵᠢᠭᠠᠯᠭᠠᠵᠦ ᠪᠠᠶᠢᠭᠠᠳ | ᠭᠤᠤ ᠶᠢᠨ ᠡᠬᠢ ᠶᠢ ᠪᠠᠷᠠᠳᠠᠯ᠎ᠠ ᠤᠬᠤᠭᠰᠠᠨ ᠪᠤᠯᠪᠠᠴᠦ ᠨᠢᠬᠡ ᠬᠡᠰᠡᠭ ᠮᠦᠩᠭᠦ ᠪᠠᠰᠠ ᠤᠯᠤᠭᠰᠠᠨ ᠦᠬᠡᠢ ᠲᠤᠯᠠ | ᠲᠤᠭᠤᠯᠴᠢᠨ ᠭᠦᠦ ᠶᠢᠨ ᠤᠴᠢᠷ ᠬᠡᠵᠦ ᠲᠡᠭᠦᠨ ᠢ ᠬᠤᠷᠢᠵᠦ ᠡᠳᠦᠷ ᠪᠦᠷᠢ ᠰᠢᠢᠳᠬᠡᠭᠰᠡᠨ ᠪᠦᠬᠡᠳ ᠭᠦᠦ ᠪᠠᠷ | ᠮᠦᠩᠭᠦ ᠡᠷᠢᠭᠦᠯᠦᠨ ᠡᠷᠬᠢ ᠤᠬᠤᠭᠤᠯᠵᠠᠢ ᠬᠡᠨ᠎ᠡ᠃ | ᠨᠢᠬᠡ ᠡᠳᠦᠷ ᠲᠤᠭᠤᠯᠴᠢᠨ ᠭᠦᠦ ᠶᠢ ᠴᠢᠰᠦ ᠨᠦᠵᠢ ᠪᠤᠯᠳᠠᠯ᠎ᠠ ᠴᠤᠬᠢᠭᠠᠳ ᠮᠦᠩᠭᠦ ᠡᠷᠢᠭᠦᠯᠭᠦ ᠪᠠᠷ ᠠᠪᠴᠦ | ᠭᠠᠷᠬᠤ ᠳᠤ ᠶᠠᠭ ᠰᠠᠶᠢᠬᠠᠨ ᠨᠢᠬᠡ ᠭᠤᠶᠢᠷᠠᠨᠴᠢ ᠡᠪᠤᠬᠡᠨ ᠡᠭᠦᠳᠡᠨ ᠲᠡᠬᠡᠷ᠎ᠡ ᠨᠢ ᠤᠴᠠᠷᠠᠵᠠᠢ ᠬᠡᠨ᠎ᠡ᠃ ᠭᠤᠶᠢᠷᠠᠨᠴᠢ | ᠡᠪᠤᠬᠡᠨ ᠲᠤᠭᠤᠯᠴᠢᠨ ᠭᠦᠦ ᠶᠢᠨ ᠠᠷᠠᠰᠦ ᠶᠠᠰᠦ ᠪᠤᠯᠤᠭᠰᠠᠨ ᠪᠡᠶ᠎ᠡ ᠶᠢ ᠦᠵᠡᠭᠰᠡᠨ ᠤ ᠴᠦ ᠶᠤᠮ ᠤᠤ ᠪᠠᠶᠠᠨ ᠤ | ᠡᠮᠦᠨ᠎ᠡ ᠲᠦᠰᠬᠢᠳᠠᠯᠠ ᠰᠦᠭᠦᠳᠦᠨ ᠮᠦᠷᠭᠦᠵᠦ᠂ ᠡᠨᠡ ᠪᠢᠴᠢᠬᠠᠨ ᠭᠦᠦ ᠶᠢ ᠦᠷᠦᠰᠢᠶᠡᠭᠦ ᠶᠢ ᠭᠤᠶᠤᠭᠰᠠᠨ ᠪᠦᠬᠡᠳ | ᠪᠠᠶᠠᠨ ᠳᠤ ᠲᠠᠬᠢᠨ ᠲᠠᠪᠳᠠᠨ ᠲᠤᠭᠤᠯᠴᠢᠨ ᠭᠦᠦ ᠶᠢ ᠬᠤᠤᠷᠯᠠᠵᠦ ᠪᠤᠯᠬᠤ ᠦᠬᠡᠢ᠂ ᠬᠡᠷᠪᠡ ᠨᠤᠶᠠᠨᠳᠠᠨ ᠲᠠ ᠡᠨᠡ | ᠭᠦᠦ ᠶᠢ ᠴᠤᠬᠢᠵᠦ ᠠᠯᠠᠪᠠᠯ ᠲᠠᠨ ᠤ ᠬᠡᠷ ᠡᠷᠦᠬᠡ ᠬᠠᠷᠠᠯᠠᠵᠦ ᠲᠠᠭᠤᠰᠬᠤ ᠪᠦᠬᠡᠳ ᠴᠢᠨᠦ ᠬᠠᠷᠢᠶᠠᠨ ᠳᠠᠬᠢ ᠭᠠᠵᠠᠷ | ᠦᠬᠡᠶᠢᠷᠡᠵᠦ᠂ ᠡᠪᠡᠳᠴᠢᠨ ᠬᠠᠭᠤᠴᠢᠨ ᠲᠠᠰᠤᠷᠠᠬᠤ ᠦᠬᠡᠢ ᠪᠤᠯᠤᠨ᠎ᠠ ᠬᠡᠵᠦ ᠬᠡᠳᠦᠢ ᠬᠡᠳᠦᠢ ᠬᠡᠯᠡᠵᠦ ᠢᠳᠬᠠᠭᠰᠠᠨ | ᠴᠦ ᠲᠤᠰᠠ ᠪᠤᠯᠤᠭᠰᠠᠨ ᠦᠬᠡᠢ᠂ ᠲᠤᠭᠤᠯᠴᠢᠨ ᠭᠦᠦ ᠶᠢᠨ ᠰᠢᠷᠬᠠᠨ ᠬᠠᠯᠠᠭᠤᠨ ᠨᠢ ᠰᠢᠷᠭᠤᠵᠦ ᠰᠤᠯᠢᠶ᠎ᠡ ᠶᠠᠷᠢᠵᠦ | ᠪᠠᠶᠢᠭᠠᠳ ᠬᠡᠬᠡᠭᠳᠡᠵᠡᠢ ᠬᠡᠨ᠎ᠡ᠃ ᠲᠡᠭᠦᠨ ᠠᠴᠠ ᠰᠡᠭᠦᠯᠡᠷ ᠬᠠᠶᠢᠯᠠᠰᠤᠳᠠᠢ ᠶᠢᠨ ᠶᠡᠭᠡ ᠪᠠᠶᠠᠨ ᠦᠬᠡᠶᠢᠷᠠᠨ ᠲᠤᠷᠤᠶᠢᠳᠠᠵᠦ | ᠬᠡᠷ ᠡᠷᠦᠬᠡ ᠨᠢ ᠪᠤᠳᠠᠷᠠᠨ ᠰᠠᠷᠨᠢᠵᠦ ᠲᠠᠭᠤᠰᠴᠠᠢ ᠬᠡᠨ᠎ᠡ᠃ ᠬᠤᠵᠢᠮ ᠨᠢ ᠲᠡᠷᠡ ᠭᠠᠵᠠᠷ ᠤᠨ ᠤᠰᠦ ᠭᠦᠷᠦᠰᠦ ᠶᠢᠨ | ᠤᠴᠢᠷ ᠴᠦ ᠶᠤᠮ ᠤᠤ ᠪᠠᠶᠠᠵᠢᠨ ᠲᠡᠭᠵᠢᠷᠡᠭᠰᠡᠨ ᠭᠦᠮᠦᠨ ᠨᠢᠬᠡ ᠴᠦ ᠭᠠᠷᠤᠭᠰᠠᠨ ᠦᠬᠡᠢ ᠪᠦᠬᠡᠳ ᠬᠠᠶᠢᠯᠠᠰᠤᠳᠠᠢ | ᠶᠢᠨ ᠪᠠᠶᠠᠨ ᠤ ᠠᠶᠢᠯ ᠠᠴᠠ ᠲᠤᠷᠤᠭᠰᠢ ᠤᠯᠠᠨ ᠠᠷᠪᠢᠨ ᠡᠪᠡᠳᠴᠢᠳᠠᠨ ᠭᠠᠷᠴᠠᠢ ᠬᠡᠨ᠎ᠡ᠃ ᠲᠤᠭᠤᠯᠴᠢᠨ ᠭᠦᠦ ᠶᠢᠨ | ᠲᠤᠭᠤᠯ ᠬᠠᠷᠢᠭᠤᠯᠵᠦ ᠪᠠᠶᠢᠭᠰᠠᠨ ᠲᠡᠷᠡ ᠭᠤᠤ ᠶᠢ ᠬᠤᠵᠢᠮ ︽ᠲᠤᠭᠤᠯ ᠤᠨ ᠭᠤᠤ︾ ᠬᠡᠵᠦ ᠨᠡᠷᠡᠶᠢᠳᠦᠨ᠂ ᠤᠳᠦ | ᠠᠶᠢᠯ ᠡᠷᠦᠬᠡ ᠰᠠᠭᠤᠵᠦ ᠪᠤᠯᠵᠦ ᠪᠠᠶᠢᠨ᠎ᠠ᠃ |