ᠬᠤᠨᠢᠨ ᠰᠢᠭᠦᠰᠦ
ᠨᠡᠶᠢᠲᠡᠯᠡᠭᠰᠡᠨ ᠴᠠᠭ᠄
2023/3/29
   ᠬᠤᠨᠢᠨ ᠰᠢᠭᠦᠰᠦ ᠪᠤᠯᠪᠠᠰᠦ ᠮᠠᠨᠠᠶᠢᠬᠢᠨ ᠤ ᠬᠠᠮᠤᠭ ᠤᠨ ᠡᠷᠬᠢᠮ ᠭᠦᠨᠳᠦᠳᠦ ᠢᠳᠡᠬᠡᠨ ᠪᠤᠯᠤᠮᠤᠢ᠃ ᠡᠶᠢᠨ ᠭᠦ ᠬᠤᠨᠢ ᠪᠠᠨ ︽ᠬᠤᠨ ᠴᠠᠭᠠᠨ ᠦᠩᠬᠡᠳᠡᠢ᠂ ᠬᠤᠩᠭᠤᠷ ᠰᠠᠶᠢᠬᠠᠨ ᠲᠠᠭᠤᠨ ᠲᠠᠢ᠂ ᠬᠤᠳᠠ ᠮᠠᠨᠳᠠᠯ ᠤᠨ ᠴᠢᠮᠡᠭ ᠪᠤᠯᠤᠭᠰᠠᠨ ᠬᠠᠯᠠᠭᠤᠨ ᠬᠤᠰᠢᠭᠤᠳᠦ ᠬᠤᠨᠢ︾ ᠬᠡᠮᠡᠨ ᠡᠷᠭᠦᠮᠵᠢᠯᠡᠵᠦ ᠬᠤᠨᠢᠨ ᠰᠢᠭᠦᠰᠦ ᠶᠢ ᠪᠤᠰᠤᠳ ᠮᠠᠯ ᠤᠨ ᠮᠢᠬ᠎ᠠ  ᠠᠴᠠ ᠡᠬᠡᠨᠡᠭᠳᠡᠨ ᠪᠠᠨ ᠭᠦᠨᠳᠦᠳᠬᠡᠨ ᠦᠵᠡᠳᠡᠭ ᠪᠤᠯᠠᠢ᠃ ᠮᠠᠨ ᠤ ᠤᠷᠤᠨ᠎ᠠ ᠦᠵᠦᠮᠦᠴᠢᠨ᠂ ᠰᠦᠨᠢᠳ ᠤᠨ ᠬᠤᠨᠢᠨ  ᠤ ᠮᠢᠬ᠎ᠠ ᠠᠨᠤ ᠰᠢᠮ᠎ᠡ ᠲᠡᠵᠢᠬᠡᠯ ᠰᠠᠶᠢᠳᠠᠢ ᠬᠡᠮᠡᠨ ᠠᠯᠳᠠᠷᠰᠢᠭᠰᠠᠨ ᠪᠤᠯᠠᠢ᠃    ᠬᠤᠨᠢᠨ ᠤ ᠮᠢᠬ᠎ᠠ ᠶᠢ ᠢᠳᠡᠭᠦᠢ ᠳᠤᠷ ᠱᠠᠩᠳᠠᠭᠤᠨ ᠪᠦᠬᠡᠳ ᠰᠢᠮ᠎ᠡ ᠲᠡᠵᠢᠬᠡᠯ ᠲᠡᠭᠦᠯᠳᠡᠷ ᠪᠦᠯᠦᠬᠡ᠃ ᠮᠤᠩᠭᠤᠯ ᠡᠮᠨᠡᠯᠬᠡ ᠶᠢᠨ ᠤᠬᠠᠭᠠᠨ ᠳᠤᠷ ︽ᠬᠤᠨᠢᠨ ᠮᠢᠬ᠎ᠠ ᠪᠠᠳᠭᠠᠨ ᠬᠡᠢ ᠶᠢ ᠠᠷᠢᠯᠭᠠᠵᠦ᠂ ᠲᠤᠷ᠎ᠠ ᠶᠢ ᠨᠡᠬᠡᠬᠡᠵᠦ᠂ ᠲᠠᠮᠢᠷ ᠰᠠᠶᠢᠵᠢᠷᠠᠭᠤᠯᠬᠤ ᠴᠢᠳᠠᠯᠳᠠᠢ︾ ᠬᠡᠮᠡᠨ ᠲᠡᠮᠳᠡᠭᠯᠡᠵᠦ ᠪᠤᠢ᠃ ᠪᠦᠭᠦᠯᠢ ᠬᠤᠨᠢᠨ ᠮᠢᠬ᠎ᠠ ᠴᠢᠨᠠᠭᠰᠠᠨ ᠱᠦᠯᠦ ᠢ ᠤᠤᠭᠤᠪᠠᠰᠦ ᠬᠡᠢ ᠪᠦᠷᠢᠯᠳᠦᠭᠰᠡᠨ ᠡᠪᠡᠳᠴᠢᠨ ᠢ ᠠᠷᠢᠯᠭᠠᠨ᠂ ᠰᠤᠳᠠᠯ ᠢ ᠨᠡᠬᠡᠬᠡᠭᠳᠡᠭᠦᠯᠦᠨ ᠬᠤᠯᠤᠤ᠂ ᠰᠢᠷ᠎ᠠ ᠤᠰᠦ  ᠶᠢ ᠲᠠᠷᠬᠠᠭᠠᠵᠦ᠂ ᠲᠠᠮᠢᠷ ᠰᠦᠯᠳᠠ ᠶᠢ ᠨᠡᠮᠡᠭᠳᠡᠭᠦᠯᠭᠦ ᠴᠢᠳᠠᠯᠳᠠᠢ ᠪᠤᠯᠠᠢ᠃ ︽ᠮᠤᠩᠭᠤᠯ ᠡᠮᠨᠡᠯᠬᠡ ᠶᠢᠨ ᠲᠡᠭᠦᠪᠦᠷᠢ︾  ᠳᠤᠷ ︽ᠬᠤᠨᠢᠨ ᠪᠦᠬᠡᠷ᠎ᠡ ᠶᠢ ᠬᠤᠨᠢᠨ ᠰᠦᠨ ᠳᠤᠨᠢ ᠴᠢᠨᠠᠵᠦ ᠢᠳᠡᠪᠡᠰᠦ ᠬᠠᠷ᠎ᠠ ᠪᠦᠬᠡᠷ᠎ᠡ ᠶᠢᠨ ᠡᠪᠡᠳᠴᠢᠨ ᠢ ᠵᠠᠰᠠᠵᠦ᠂ ᠰᠢᠬᠡᠰᠦ ᠴᠢᠪᠳᠠᠭᠰᠢᠬᠤ᠂ ᠪᠤᠭᠤᠭᠳᠠᠬᠤ ᠶᠢ ᠡᠳᠡᠬᠡᠷᠡᠭᠦᠯᠦᠮᠤᠢ︾ ᠬᠡᠮᠡᠨ ᠲᠡᠮᠳᠡᠭᠯᠡᠵᠤᠭᠦᠢ᠃ ᠬᠤᠨᠢᠨ ᠰᠡᠪᠡᠰᠦᠨ ᠲᠡᠪᠳᠤᠬᠡᠯᠬᠡ ᠢᠨᠦ ︵ᠰᠡᠪᠡᠰᠦᠨ ᠳᠤᠷ ᠰᠠᠭᠤᠬᠤ ᠬᠡᠮᠡᠮᠤᠢ︶ ᠪᠦᠯᠡᠭᠡ ᠰᠢᠷᠪᠤᠰᠤᠨ ᠤ ᠡᠪᠡᠳᠴᠢᠨ᠂ ᠴᠠᠭᠠᠨ ᠬᠤᠶᠠᠩ ᠨᠢᠯᠬ᠎ᠠ ᠬᠡᠤᠬᠡᠳ ᠤᠨ ᠡᠯᠢᠬᠡ ᠤᠨᠠᠭᠰᠠᠨ ᠵᠡᠷᠬᠡ ᠶᠢ ᠡᠳᠡᠬᠡᠷᠡᠭᠦᠯᠭᠦ ᠴᠢᠳᠠᠯᠳᠠᠢ ᠪᠤᠯᠠᠢ᠃ ᠵᠢᠴᠢ ᠬᠤᠨᠢᠨ ᠤ ᠰᠦᠨ᠂ ᠰᠢᠷ᠎ᠠ ᠲᠤᠰᠤ᠂ ᠦᠬᠡᠭᠦ᠂ ᠲᠡᠷᠢᠬᠢ᠂ ᠵᠢᠷᠦᠬᠡ᠂ ᠠᠭᠤᠰᠬᠢ᠂ ᠡᠯᠢᠬᠡ ᠪᠦᠬᠡᠷ᠎ᠡ᠂ ᠲᠦᠮᠦᠰᠦ ︵ᠢᠮ︶᠂ ᠨᠢᠳᠦ᠂ ᠰᠦᠰᠦ᠂ ᠭᠠᠪᠠᠯᠠ᠂ ᠶᠠᠰᠦ᠂ ᠪᠠᠮᠪᠠᠢ ᠪᠤᠯᠴᠢᠷᠬᠠᠢ᠂ ᠰᠡᠪᠡᠰᠦ᠂ ᠡᠪᠡᠷ᠂ ᠬᠠᠷᠪᠢᠰᠦ ᠴᠢᠮᠦᠬᠡ ᠶᠢ ᠴᠦᠮ ᠮᠤᠩᠭᠤᠯ ᠡᠮᠨᠡᠯᠬᠡ ᠳᠤᠷ ᠬᠡᠷᠡᠭᠯᠡᠮᠤᠢ᠃    ᠬᠤᠨᠢᠨ ᠤ ᠲᠤᠶᠢᠭ᠂ ᠪᠤᠷᠪᠢ᠂ ᠲᠠᠯᠤ ᠶᠢᠨ ᠶᠠᠰᠤᠨ ᠤ ᠱᠦᠯᠦ ᠶᠢ ᠪᠤᠯᠪᠠᠰᠤ ᠮᠠᠨ ᠤ ᠤᠷᠤᠨ᠎ᠠ ᠭᠤᠷᠪᠠᠨ ᠰᠢᠮᠠᠳᠦ ᠶᠢᠨ ᠱᠦᠯᠦ ᠬᠡᠮᠡᠮᠤᠢ᠃ ᠲᠡᠬᠡᠷ᠎ᠡ ᠢᠨᠦ ᠬᠤᠨᠢᠨ ᠤ ᠤᠬᠤᠷ ᠰᠡᠭᠦᠯ ᠢ ᠨᠡᠮᠡᠪᠡᠰᠦ ᠲᠦᠷᠪᠡᠨ ᠰᠢᠮᠡᠳᠦ ᠬᠡᠮᠡᠳᠡᠭ᠃ ᠲᠦᠷᠪᠡᠨ ᠰᠢᠮᠡᠳᠦ ᠶᠢᠨ ᠱᠦᠯᠦ ᠪᠤᠯᠪᠠᠰᠤ ᠬᠡᠢ ᠶᠢ ᠲᠠᠷᠤᠬᠤᠢ ᠳᠤᠷ ᠰᠠᠶᠢᠨ ᠠᠵᠤᠭᠤ᠃ ᠬᠤᠨᠢᠨ ᠮᠢᠬᠠᠨ ᠤ ᠰᠢᠭᠦᠰᠦ ᠢᠨᠦ ᠲᠠᠪᠤᠨ ᠭᠦᠨᠦᠬᠡᠯ ᠲᠤᠯᠤᠭᠠᠨ ᠬᠡᠮᠳᠤᠯ ᠬᠢᠬᠡᠳ ᠴᠤᠯᠤ ᠰᠠᠪᠠ ᠶᠢᠨ ᠭᠦᠢᠳᠡᠨ ᠬᠡᠢ ᠶᠢ ᠵᠠᠰᠠᠮᠤᠢ᠃ ᠡᠭᠦᠨᠳᠦᠷ ᠬᠤᠨᠢᠨ ᠤ ᠭᠤᠶ᠎ᠠ ᠶᠢᠨ ᠰᠢᠷᠪᠤᠰᠦ ᠶᠢ ᠠᠪᠴᠦ ᠬᠠᠶᠠᠭᠠᠳ ᠵᠢᠵᠢᠭ ᠬᠡᠰᠡᠭ ᠪᠤᠯᠭᠠᠨ ᠭᠦᠰᠭᠦᠯᠡᠬᠡᠳ ᠴᠡᠪᠡᠷ ᠲᠤᠭᠤᠭᠠᠨ ᠳᠤᠷ ᠬᠢᠵᠦ ᠨᠢᠭᠳᠠ ᠪᠦᠳᠡᠬᠡᠨ ᠪᠢᠩ ᠪᠢᠳᠡᠭᠦᠦ ᠪᠠᠷ ᠤᠯᠪᠤᠷᠠᠳᠠᠯ᠎ᠠ ᠴᠢᠨᠠᠵᠦ ᠪᠤᠯᠭᠤᠭᠠᠳ᠂ ᠴᠡᠪᠡᠷ ᠪᠦᠰ ᠲᠤᠷ ᠪᠠᠭᠯᠠᠵᠦ ᠮᠤᠰᠬᠢᠨ ᠨᠤᠬᠤᠯᠬᠢᠯᠠᠭᠰᠠᠭᠠᠷ ᠰᠢᠭᠦᠰᠦ ᠶᠢ ᠢᠨᠦ ᠰᠢᠪᠬᠠᠨ ᠠᠪᠤᠭᠠᠳ᠂ ᠤᠷᠳᠤᠳᠠ ᠤᠤᠭᠤᠪᠠᠰᠦ ᠰᠠᠪᠠ ᠶᠢ ᠰᠠᠯᠪᠢᠨ ᠲᠠᠮᠢᠷ ᠢ ᠰᠠᠶᠢᠵᠢᠷᠠᠭᠤᠯᠵᠦ ᠴᠢᠳᠠᠬᠤ ᠠᠵᠠᠢ᠃ ᠡᠶᠢᠨ ᠭᠦ ︽ᠠᠨᠠᠭᠠᠬᠤ ᠤᠬᠠᠭᠠᠨ ᠤ ᠲᠦᠷᠪᠡᠨ ᠦᠨᠳᠦᠰᠦ︾ ᠳᠤᠷ ︽ᠬᠤᠨᠢᠨ ᠤ ᠮᠢᠬ᠎ᠠ ᠪᠤᠯᠪᠠᠰᠤ ᠬᠡᠢ ᠡᠪᠡᠳᠴᠢᠨ ᠢ ᠲᠠᠷᠤᠬᠤ ᠲᠠᠪᠤᠨ ᠵᠦᠢᠯ ᠤᠨ ᠮᠢᠬ᠎ᠠ ᠶᠢᠨ ᠨᠢᠬᠡ ᠨᠢ ᠪᠤᠯᠬᠤ ᠪᠦᠬᠡᠳ ᠪᠠᠳᠭᠠᠨ ᠡᠪᠡᠳᠴᠢᠨ ᠢ ᠠᠨᠠᠭᠠᠬᠤ ᠢᠳᠡᠬᠡᠨ︾ ᠬᠡᠮᠡᠨ ᠲᠡᠮᠳᠡᠭᠯᠡᠭᠰᠡᠨ ᠢᠨᠦ ᠵᠦᠪ ᠪᠤᠯᠠᠢ᠃    ᠬᠤᠨᠢᠨ ᠤ ᠡᠭᠦᠯᠳᠡᠷ ᠤᠭᠰᠠᠭ᠎ᠠ᠂ ᠨᠠᠰᠦ ᠵᠢᠯ᠂ ᠰᠢᠮ᠎ᠡ ᠲᠡᠵᠢᠬᠡᠯ ᠤᠨ ᠠᠳᠠᠯᠢ ᠪᠤᠰᠤ ᠠᠴᠠ ᠰᠢᠯᠳᠠᠭᠠᠯᠠᠨ᠂ ᠲᠡᠭᠦᠨ ᠤ ᠮᠢᠬᠠᠨ ᠳᠤᠷ ᠠᠭᠤᠯᠤᠭᠳᠠᠵᠦ ᠪᠦᠭᠦᠢ ᠪᠦᠷᠢᠯᠳᠦᠭᠦᠨ ᠤ ᠬᠡᠮ ᠬᠡᠮᠵᠢᠶ᠎ᠡ ᠴᠦ ᠶᠡᠷᠦ ᠠᠴᠠ ᠵᠦᠷᠢᠶᠠᠨ ᠲᠠᠢ ᠠᠵᠤᠭᠤ᠃    ᠬᠤᠨᠢᠨ ᠰᠢᠭᠦᠰᠦ ᠶᠢ ᠮᠠᠨ ᠤ ᠤᠷᠤᠨ᠎ᠠ ᠬᠡᠷᠡᠭᠴᠡᠭᠡ ᠪᠤᠶᠦ ᠵᠠᠩᠰᠢᠯ ᠳᠠᠭᠠᠨ ᠵᠤᠬᠢᠴᠠᠭᠤᠯᠤᠨ ᠵᠢᠯ ᠤᠨ ᠲᠦᠷᠪᠡᠨ ᠤᠯᠠᠷᠢᠯ ᠳᠤᠷ ᠶᠠᠩᠵᠦ ᠪᠦᠷᠢ ᠶᠢᠨ ᠬᠡᠯᠪᠡᠷᠢ ᠮᠠᠶ᠋ᠢᠭ ᠢᠶᠠᠷ ᠡᠳ᠋ᠯᠡᠵᠦ ᠶᠠᠩᠵᠦ ᠪᠦᠷᠢ ᠶᠢᠨ ᠵᠤᠴᠢᠨ ᠳᠤᠷ ᠶᠠᠩᠵᠦ ᠪᠦᠷᠢ ᠪᠠᠷ ᠲᠠᠪᠠᠭᠯᠠᠵᠦ ᠲᠠᠶᠢᠯᠠᠯᠭ᠎ᠠ ᠬᠢᠳᠡᠭ ᠪᠤᠯᠠᠢ᠃ ᠡᠭᠦᠨ ᠢ ᠲᠤᠪᠴᠢ ᠲᠤᠷᠠᠳᠪᠠᠰᠦ ᠶᠡᠷᠦᠩᠬᠡᠢ ᠳᠡᠭᠡᠨ ᠮᠠᠨᠠᠶᠢᠬᠢᠨ ᠤᠷᠢᠳᠦ ᠢᠵᠠᠭᠤᠷ ᠠᠴᠠ ᠬᠤᠨᠢᠨ ᠮᠢᠬ᠎ᠠ ᠶᠢ ᠲᠠᠯᠠᠨ ᠬᠤᠶᠠᠷ ᠶᠠᠩᠵᠦ ᠪᠠᠷ ᠪᠤᠯᠭᠤᠵᠦ ᠢᠳᠡᠳᠡᠭ ᠬᠡᠮᠡᠯᠴᠡᠳᠡᠭ᠃ ᠡᠨᠡ ᠢᠨᠦ ᠤᠯᠠᠨ ᠶᠠᠩᠵᠦ ᠪᠠᠷ ᠬᠤᠪᠢᠯᠭᠠᠵᠦ ᠢᠳᠡᠳᠡᠭ ᠬᠡᠮᠡᠭᠰᠡᠨ ᠢ ᠦᠭᠦᠯᠡᠭᠰᠡᠨ ᠬᠡᠷᠡᠭ ᠠᠵᠤᠭᠤ᠃ ᠤᠳᠤᠬᠠᠨ  ᠳᠤᠷ ᠮᠠᠨ ᠤ ᠤᠯᠠᠮᠵᠢᠯᠠᠯᠳᠦ ᠰᠢᠭᠦᠰᠦ ᠢᠨᠦ᠂ ᠪᠦᠭᠦᠯᠢ ᠬᠤᠨᠢᠨ ᠰᠢᠭᠦᠰᠦ᠂ ᠵᠤᠯᠤᠮ᠎ᠠ ᠬᠤᠨᠢᠨ ᠰᠢᠭᠦᠰᠦ᠂ ᠵᠤᠮ᠎ᠠ ᠰᠢᠭᠦᠰᠦ᠂ ᠰᠢᠷᠠᠵᠦ ᠬᠠᠭᠰᠠᠭᠠᠭᠰᠠᠨ ᠰᠢᠭᠦᠰᠦ ᠬᠡᠭᠦ ᠵᠡᠷᠬᠡ ᠪᠠᠷ ᠬᠢᠵᠦ ᠪᠤᠢ᠃ ᠮᠦᠠᠭᠦ ᠪᠦᠭᠦᠯᠢ ᠬᠤᠨᠢᠨ ᠰᠢᠭᠦᠰᠦ  ᠪᠠᠨ ᠵᠠᠷᠢᠮ ᠭᠠᠵᠠᠷ᠎ᠠ᠂ ᠲᠡᠷᠢᠭᠦᠨ ᠰᠢᠭᠦᠰᠦ᠂ ᠶᠡᠭᠡ ᠰᠢᠭᠦᠰᠦ᠂ ᠲᠠᠳ᠋ ᠰᠢᠭᠦᠰᠦ᠂ ᠪᠠᠭ᠎ᠠ ᠰᠢᠭᠦᠰᠦ ︵ᠭᠦᠶᠤᠯᠬᠡᠬᠡ ᠤᠭᠤᠴᠠ︶ ᠬᠡᠮᠡᠨ ᠬᠤᠪᠢᠶᠠᠨ ᠲᠠᠪᠰᠢ ᠲᠠᠯᠪᠢᠳᠠᠭ ᠴᠦ ᠪᠤᠢ᠃ ᠡᠶᠢᠨ ᠭᠦ ᠬᠤᠨᠢ ᠶᠢ ᠨᠢᠳᠤᠯᠡᠵᠦ ᠡᠪᠳᠡᠭᠦᠢ ᠳᠤᠷ ᠬᠡᠷᠡᠭᠴᠡᠭᠡ ᠪᠠᠨ ᠦᠨᠳᠦᠰᠦᠯᠡᠳᠡᠭ ᠪᠦᠯᠦᠬᠡ᠃ ᠵᠢᠴᠢ᠂ ᠬᠤᠨᠢᠨ ᠵᠢᠷᠤᠬᠡᠨ ᠰᠢᠷᠠᠮᠠᠯ᠂ ᠬᠤᠨᠢᠨ ᠬᠡᠳᠡᠰᠦᠨ ᠬᠡᠷᠡᠴᠢᠮᠠᠯ᠂ ᠬᠤᠨᠢᠨ ᠲᠤᠯᠤᠭᠠᠢ ᠶᠢᠨ ᠵᠠᠭᠤᠰᠢ᠂ ᠬᠤᠨᠢᠨ ᠮᠢᠬᠠᠨ ᠪᠤᠭᠤᠷᠰᠤᠭ ᠁ ᠬᠡᠮᠡᠨ ᠶᠠᠩᠵᠦ ᠪᠦᠷᠢ ᠪᠠᠷ ᠪᠤᠯᠪᠠᠰᠤᠷᠠᠭᠤᠯᠤᠨ ᠢᠳᠡᠳᠡᠭ ᠤᠯᠠᠮᠵᠢᠯᠠᠯ ᠪᠤᠢ᠃
 
ᠢᠷᠡᠯᠲᠡ᠄ ᠮᠤᠩᠭᠤᠯ ᠤᠨ ᠢᠳᠡᠬᠡᠨ ᠤ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号