ᠶᠢᠨ ᠱᠤ᠋ ᠵᠧᠨ᠄ ᠤᠴᠢᠷ ᠨᠢ ᠪᠢᠳᠡ ᠪᠣᠯ ᠨᠢᠭᠡ ᠭᠡᠷ ᠤᠨ ᠬᠥᠮᠦᠨ ᠶᠤᠮ
ᠨᠡᠶᠢᠲᠡᠯᠡᠭᠰᠡᠨ ᠴᠠᠭ᠄
2023/5/6
  ᠶᠢᠨ ᠱᠦ ᠵᠧᠨ ᠪᠣᠯ ᠺᠸᠤ ᠾᠧ ᠽᠢ ᠪᠠᠯᠭᠠᠰᠤᠨ ᠤ ᠰᠢᠩ ᠹᠠ ᠲᠣᠰᠬᠤᠨ ᠤ ᠠᠷᠠᠳ᠂ ᠡᠨᠡ ᠵᠢᠯ 51 ᠨᠠᠰᠤᠲᠠᠶ᠂ ᠬᠦᠨᠳᠦ ᠡᠪᠡᠳᠴᠢᠨ ᠲᠠᠢ ᠬᠠᠳᠠᠮ ᠡᠵᠢ ᠪᠠᠨ ᠠᠰᠠᠷᠠᠨ ᠬᠠᠷᠠᠭᠠᠯᠵᠠᠭᠠᠳ ᠨᠢᠭᠡᠨᠲᠡ 20 ᠵᠢᠯ ᠰᠢᠬᠠᠮ ᠪᠣᠯᠵᠤ ᠪᠠᠶᠢᠨ᠎ᠠ᠃
   2004 ᠣᠨ ᠳᠤ ᠬᠠᠳᠠᠮ ᠡᠵᠢ ᠨᠢ ᠭᠡᠨᠡᠳᠲᠡ ᠪᠠᠷ ᠲᠠᠷᠢᠬᠢᠨ ᠤ ᠴᠢᠰᠤᠨ ᠰᠤᠳᠠᠯ ᠪᠦᠯᠦᠩᠨᠡᠵᠦ᠂ ᠡᠪᠡᠳᠴᠢᠨ ᠨᠢ ᠬᠦᠨᠳᠦᠷᠡᠭᠰᠡᠨ ᠠᠴᠠ ᠬᠤᠶᠢᠰᠢ ᠣᠷᠣᠨ ᠠᠴᠠ ᠪᠠᠨ ᠪᠣᠰᠴᠤ ᠳᠡᠶᠢᠯᠬᠦ ᠦᠭᠡᠢ᠂ ᠪᠡᠶ᠎ᠡ ᠪᠠᠨ ᠴᠦ ᠳᠠᠭᠠᠭᠠᠵᠤ ᠳᠡᠶᠢᠯᠬᠦ ᠦᠭᠡᠢ ᠪᠣᠯᠪᠠ᠃ 31 ᠨᠠᠰᠤᠲᠠᠶ ᠶᠢᠨ ᠱᠦ ᠵᠧᠨ ᠬᠠᠳᠠᠮ ᠡᠵᠢ ᠪᠠᠨ ᠬᠠᠷᠠᠭᠠᠯᠵᠠᠬᠤ ᠡᠭᠦᠷᠭᠡ ᠶᠢ ᠣᠭᠲᠣᠬᠠᠨ ᠴᠤ ᠲᠠᠲᠠᠭᠠᠯᠵᠠᠯ ᠦᠭᠡᠢ ᠪᠠᠷ ᠡᠭᠦᠷᠭᠡᠯᠡᠨ ᠠᠪᠴᠠᠢ᠃
    ᠶᠢᠨ ᠱᠦ ᠵᠧᠨ ᠤ ᠡᠷ᠎ᠡ ᠨᠥᠬᠦᠷ ᠨᠢ᠄ ︽ᠡᠳᠡᠭᠡᠷ ᠵᠢᠯ ᠤᠳ ᠲᠤ ᠲᠡᠷᠡ ᠨᠠᠰᠤᠲᠠᠨ ᠢ ᠠᠰᠠᠷᠠᠭᠠᠳ ᠪᠤᠵᠠᠷ ᠪᠣᠯᠴᠢᠯ᠎ᠠ ᠭᠡᠬᠦ ᠪᠣᠶᠤ ᠶᠠᠳᠠᠷᠠᠵᠤ ᠪᠠᠶᠢᠨ᠎ᠠ ᠭᠡᠵᠦ ᠶᠡᠷᠦ ᠬᠡᠯᠡᠭᠡ ᠦᠭᠡᠶ᠂ ᠢᠩᠭᠢᠵᠦ ᠦᠭᠡ ᠳᠠᠭᠤᠨ ᠦᠭᠡᠶ ᠪᠠᠷ ᠵᠢᠳᠬᠦᠵᠦ ᠪᠠᠶᠢᠭᠰᠠᠨ ᠳᠤ ᠪᠢ ᠶᠡᠬᠡᠳᠡ ᠲᠠᠯᠠᠷᠬᠠᠵᠤ ᠪᠠᠶᠢᠨ᠎ᠠ᠂ ᠡᠬᠡᠨᠡᠷ ᠲᠡᠭᠡᠨ ᠵᠦᠳᠡᠷᠡᠯ᠎ᠡ ᠭᠡᠵᠦ ᠬᠡᠯᠡᠮᠡᠷ ᠪᠣᠳᠤᠬᠤ ᠶᠤᠮ ᠡ᡽︾ ᠭᠡᠵᠦ ᠬᠡᠯᠡᠪᠡ᠃ 
   2015 ᠣᠨ ᠳᠤ᠂ ᠶᠢᠨ ᠱᠦ ᠵᠧᠨ ᠰᠢᠰᠲ᠋ᠧᠮᠲᠦ ᠴᠢᠨᠠᠷᠲᠠᠶ ᠤᠯᠠᠭᠠᠨ ᠲᠣᠯᠪᠣᠲᠤ ᠴᠢᠨ᠋ᠸ᠎ᠠ ᠶᠢᠨ ᠶᠠᠷ᠎ᠠ ᠳᠤ ᠨᠡᠷᠪᠡᠭᠳᠡᠵᠦ᠂ ᠨᠢᠭᠡ ᠰᠠᠷ᠎ᠠ ᠰᠢᠬᠠᠮ ᠡᠮᠨᠡᠯᠭᠡ ᠳᠤ ᠰᠠᠭᠤᠭᠠᠳ ᠡᠰᠡ ᠯᠡ ᠠᠮᠢ ᠨᠠᠰᠤ ᠪᠠᠨ ᠠᠯᠳᠠᠬᠤ ᠰᠢᠬᠠᠵᠠᠶ᠂ ᠡᠭᠦᠨ ᠠᠴᠠ ᠪᠣᠯᠵᠣ ᠮᠠᠰᠢ ᠣᠯᠠᠨ ᠠᠷᠬᠠᠭ ᠦᠯᠡᠳᠡᠵᠦ᠂ ᠡᠮ ᠤᠤᠭᠤᠵᠤ ᠠᠷᠭᠠᠴᠠᠭᠰᠠᠭᠠᠷ ᠪᠠᠶᠢᠯ᠎ᠠ᠂ ᠭᠡᠪᠡᠴᠦ ᠲᠡᠷᠡ ᠬᠠᠳᠠᠮ ᠡᠵᠢ ᠪᠠᠨ ᠬᠠᠷᠠᠭᠠᠯᠵᠠᠬᠤ ᠪᠠᠨ ᠮᠥᠨ ᠯᠡ ᠵᠣᠭᠰᠣᠭᠰᠠᠨ ᠥᠬᠡᠶ ᠶᠤᠮ᠃
   ᠬᠠᠳᠠᠮ ᠡᠵᠢ ᠶᠢᠨ ᠬᠢᠨ ᠰᠢᠳᠦ ᠨᠢ ᠮᠠᠭᠤ ᠶᠢ ᠪᠣᠳᠣᠯᠬᠢᠯᠠᠭᠠᠳ ᠶᠢᠨ ᠱᠦ ᠵᠧᠨ ᠠᠴᠠ ᠲᠤᠰᠬᠠᠶᠢᠯᠠᠨ ᠡᠯᠳᠡᠪ ᠶᠠᠩᠵᠤ ᠪᠠᠷ ᠬᠠᠳᠠᠮ ᠡᠵᠢ ᠳᠡᠭᠡᠨ ᠲᠤᠰᠠᠭᠠᠷ ᠨᠢ ᠬᠤᠭᠤᠯᠠ ᠬᠢᠵᠦ ᠥᠭᠲᠡᠭ᠃ ᠬᠤᠭᠤᠯᠠ ᠪᠠᠨ ᠪᠣᠯᠭᠤᠭᠰᠠᠨ ᠤ ᠬᠤᠶᠢᠨ᠎ᠠ ᠶᠢᠨ ᠱᠦ ᠵᠧᠨ ᠤᠷᠢᠳ ᠢᠶᠠᠷ ᠬᠠᠳᠠᠮ ᠡᠵᠢ ᠪᠠᠨ ᠢᠳᠡᠭᠦᠯᠦᠨ᠎ᠡ᠃ ᠵᠠᠷᠢᠮ ᠳᠠᠭᠠᠨ ᠬᠠᠳᠠᠮ ᠡᠵᠢ ᠪᠠᠨ ᠢᠳᠡᠭᠦᠯᠵᠦ ᠪᠠᠷᠠᠪᠠᠯ ᠥᠪᠡᠷ ᠢᠶᠠᠨ ᠨᠢᠭᠡ ᠠᠮᠠ ᠬᠠᠯᠠᠭᠤᠨ ᠬᠤᠭᠤᠯᠠ ᠴᠤ ᠣᠯᠵᠤ ᠢᠳᠡᠬᠦ ᠦᠭᠡᠶ ᠪᠣᠯᠳᠠᠭ᠃
    ᠶᠢᠨ ᠱᠦ ᠵᠧᠨ ᠤ ᠬᠠᠳᠠᠮ ᠡᠵᠢ ᠨᠢ᠄ ︽ᠮᠢᠨᠦ ᠬᠦᠦ ᠪᠡᠷᠢ ᠪᠣᠯ ᠲᠥᠷᠥᠭᠰᠡᠨ ᠥᠬᠢᠨ ᠰᠢᠭ᠂ ᠦᠨᠡᠬᠡᠷ ᠰᠠᠶᠢᠨ ᠪᠠᠶᠢᠳᠠᠭ᠃ ᠡᠳᠡᠭᠡᠷ ᠵᠢᠯ ᠤᠳ ᠲᠤ ᠲᠡᠷᠡ ᠨᠠᠮᠠᠶᠢ ᠬᠠᠷᠠᠭᠠᠯᠵᠠᠭᠰᠠᠨ ᠶᠤᠮ᠂  ᠠᠵᠠ ᠪᠠᠷ ᠬᠦᠦ ᠪᠡᠷᠢ ᠲᠠᠢ ᠪᠣᠯᠤᠭᠰᠠᠨ ᠳᠠᠭᠠᠨ ᠪᠣᠯᠵᠠᠶ︾ ᠭᠡᠵᠦ ᠬᠡᠯᠡᠨ᠎ᠡ᠃     ᠶᠢᠨ ᠱᠦ ᠵᠧᠨ ᠤ ᠵᠡᠷᠭᠡᠯᠡᠳᠡᠭᠡ ᠠᠶᠢᠯ ᠤᠨ ᠬᠢᠨ᠄ ︽ᠮᠢᠨᠦ ᠠᠴᠢ ᠪᠡᠷᠢ ᠦᠨᠡᠬᠡᠷ ᠰᠠᠶᠢᠨ᠂ ᠲᠡᠭᠦᠨ ᠤ ᠪᠡᠶ᠎ᠡ ᠨᠢ ᠮᠠᠭᠤ ᠪᠣᠯᠪᠠᠴᠤ ᠪᠠᠰᠠ ᠬᠠᠳᠠᠮ ᠡᠵᠢ ᠪᠠᠨ ᠬᠠᠷᠠᠭᠠᠯᠵᠠᠭᠰᠠᠭᠠᠷ᠂ ᠮᠠᠰᠢ ᠠᠴᠢᠯᠠᠯ ᠲᠠᠢ ᠶᠤᠮ᠃ ᠬᠡᠨ ᠤ ᠭᠡᠷ ᠲᠤ ᠡᠶᠢᠮᠦ ᠬᠦᠦ ᠪᠡᠷᠢ ᠪᠠᠶᠢᠬᠤ ᠨᠢ ᠦᠨᠡᠬᠡᠷ ᠪᠤᠶᠠᠨ ᠲᠠᠢ ᠶᠤᠮ ᠡ ᡼︾ ᠭᠡᠵᠦ ᠬᠡᠯᠡᠵᠦ ᠪᠠᠶᠢᠯ᠎ᠠ᠃ 
   ᠵᠡᠷᠭᠡᠯᠡᠳᠡᠭᠡ ᠠᠶᠢᠯ ᠨᠤᠲᠤᠭ ᠤᠨ ᠠᠬ᠎ᠠ ᠳᠡᠭᠦᠦ ᠨᠡᠷ ᠤᠨ ᠢᠶᠠᠨ ᠦᠨᠡᠯᠡᠬᠦ ᠶᠢ ᠰᠣᠨᠣᠰᠤᠭᠠᠳ᠂ ᠶᠢᠨ ᠱᠦ ᠵᠧᠨ ᠶᠡᠷᠦ ᠨᠢ ᠢᠨᠢᠶᠡᠭᠡᠳ ᠯᠡ ᠳᠤᠤᠭᠠᠷᠬᠤ ᠦᠭᠡᠢ ᠪᠠᠶᠢᠳᠠᠭ᠂ ᠲᠡᠷᠡ ᠦᠭᠡ ᠳᠠᠭᠤᠨ ᠦᠭᠡᠢ ᠪᠠᠷ ᠥᠪᠡᠷ ᠤᠨ ᠬᠢᠪᠡᠰᠦ ᠵᠣᠬᠢᠬᠤ ᠵᠦᠢᠯ ᠢᠶᠠᠨ ᠰᠢᠷᠭᠠᠭᠤ ᠬᠠᠲᠠᠭᠤᠵᠢᠯᠲᠠᠶ ᠪᠠᠷ ᠬᠢᠵᠦ ᠰᠠᠭᠤᠳᠠᠭ᠃ ᠬᠤᠪᠴᠠᠰᠤ ᠬᠤᠨᠠᠷ ᠢ ᠨᠢ ᠰᠣᠯᠢᠵᠤ ᠤᠬᠢᠶᠠᠬᠤ᠂ ᠦᠰᠦ ᠰᠠᠮᠨᠠᠵᠤ ᠨᠢᠭᠤᠷ ᠢ ᠨᠢ ᠤᠬᠢᠶᠠᠬᠤ᠂ ᠢᠯᠢᠵᠦ ᠨᠤᠬᠤᠯᠠᠵᠤ ᠵᠣᠭᠤᠭᠳᠠᠬᠤ ᠁ ᠡᠳᠡᠭᠡᠷ ᠦᠵᠡᠬᠦ ᠳᠤ ᠡᠭᠡᠯ ᠵᠢᠷ ᠤᠨ ᠵᠢᠵᠢᠭ ᠰᠠᠵᠢᠭ ᠶᠠᠪᠤᠳᠠᠯ ᠤᠳ ᠢ ᠪᠠᠷᠢᠮᠲᠠᠯᠠᠭᠰᠠᠭᠠᠷ ᠨᠢᠭᠡᠨᠲᠡ 20 ᠵᠢᠯ ᠪᠣᠯᠴᠢᠬᠠᠯ᠎ᠠ᠃ 20 ᠵᠢᠯ ᠤᠨ ᠬᠤᠭᠤᠴᠠᠭᠠᠨ ᠳᠤ ᠤᠬᠢᠯᠠᠵᠤ ᠴᠦ ᠢᠨᠢᠶᠡᠵᠦ ᠴᠦ ᠥᠩᠭᠡᠷᠡᠭᠰᠡᠨ ᠪᠣᠯᠪᠠᠴᠤ ᠲᠡᠷᠡ ᠣᠭᠤᠷᠤᠨ ᠲᠠᠶᠠᠭᠳᠠᠨ᠎ᠠ ᠭᠡᠵᠦ ᠶᠡᠷᠦ ᠪᠣᠳᠤᠭ᠎ᠠ ᠦᠭᠡᠶ᠃     ᠶᠢᠨ ᠱᠦ ᠵᠧᠨ᠄ ︽ᠪᠢ ᠬᠤᠷᠢᠮᠯᠠᠭᠠᠳ ᠭᠤᠴᠢᠭᠠᠳ ᠵᠢᠯ ᠪᠣᠯᠵᠤ ᠪᠠᠶᠢᠨ᠎ᠠ᠂ ᠵᠣᠪᠠᠵᠤ ᠵᠦᠳᠡᠷᠡᠭᠰᠡᠨ ᠴᠦ ᠦᠭᠡᠶ᠃ ᠬᠠᠳᠠᠮ ᠡᠵᠢ ᠪᠠᠨ ᠥᠪᠡᠷ ᠤᠨ ᠲᠥᠷᠥᠭᠰᠡᠨ ᠡᠵᠢ ᠪᠠᠨ ᠭᠡᠵᠦ ᠦᠵᠡᠬᠦ ᠳᠤ᠂ ᠨᠠᠰᠤᠲᠠᠨ ᠣᠳᠣ ᠪᠦᠷ ᠡᠷᠡᠭᠦᠯ ᠲᠡᠩᠬᠡᠯᠡᠭᠦᠨ ᠪᠠᠶᠢᠨ᠎ᠠ᠂ ᠡᠨᠡ ᠪᠣᠯ ᠪᠢᠳᠡᠨ ᠤ ᠦᠷ᠎ᠡ ᠬᠡᠦᠬᠡᠳ ᠪᠣᠯᠤᠭᠰᠠᠳ ᠤᠨ ᠬᠤᠪᠢ ᠪᠤᠶᠠᠨ ᠪᠣᠯᠤᠨ᠎ᠠ᠃ ᠪᠢ ᠪᠠᠰᠠ ᠦᠷ᠎ᠡ ᠬᠡᠦᠬᠡᠳ ᠲᠠᠢ᠂ ᠤᠴᠢᠷ ᠨᠢ ᠪᠢᠳᠡ ᠪᠣᠯ ᠨᠢᠭᠡ ᠭᠡᠷ ᠤᠨ ᠬᠥᠮᠦᠨ ᠰᠢᠤ᠂ ᠪᠢ ᠥᠩᠭᠡᠷᠡᠭᠰᠡᠨ ᠲᠠᠢ ᠪᠠᠨ ᠠᠳᠠᠯᠢ ᠪᠠᠷ ᠡᠵᠢ ᠪᠠᠨ ᠬᠠᠷᠠᠭᠠᠯᠵᠠᠨ᠎ᠠ ᡽︾ ᠭᠡᠵᠦ ᠬᠡᠯᠡᠪᠡ᠃
    ᠶᠢᠨ ᠱᠦ ᠵᠧᠨ ︽ᠠᠴᠢᠯᠠᠯ︾ ᠭᠡᠬᠦ ᠥᠰᠥᠭ ᠢ ᠰᠡᠳᠬᠢᠯ ᠳᠡᠭᠡᠨ ᠬᠠᠳᠠᠩᠰᠢᠭᠤᠯᠵᠤ᠂ ᠪᠣᠷᠣᠭᠵᠢᠭᠤᠨ ᠦᠭᠡ ᠶᠠᠷᠢᠶ᠎ᠠ ᠪᠠ ᠪᠣᠳᠠᠲᠠᠶ ᠦᠢᠯᠡ ᠠᠵᠢᠯᠯᠠᠭ᠎ᠠ ᠪᠠᠷ ᠢᠶᠠᠨ ᠨᠢᠭᠡᠨ ᠰᠠᠶᠢᠨ ᠬᠦᠤ ᠪᠡᠷᠢ᠂ ᠰᠠᠶᠢᠨ ᠡᠬᠡᠨᠡᠷ᠂ ᠰᠠᠶᠢᠨ ᠡᠵᠢ ᠶᠢᠨ ᠳᠦᠷᠢ ᠶᠢ ᠪᠣᠶ ᠪᠣᠯᠭᠠᠵᠤ᠂ ᠳᠤᠮᠳᠠᠳᠤ ᠶᠢᠨ ᠦᠨᠳᠦᠰᠦᠲᠡᠨ ᠤ ᠨᠠᠰᠤᠲᠠᠨ ᠢᠶᠠᠨ ᠠᠴᠢᠯᠠᠵᠤ ᠨᠢᠯᠬᠠᠰ ᠢᠶᠠᠨ ᠬᠠᠶᠢᠷᠠᠯᠠᠬᠤ ᠤᠯᠠᠮᠵᠢᠯᠠᠯᠲᠤ ᠰᠠᠶᠢᠬᠠᠨ ᠰᠤᠷᠲᠠᠯ ᠢ ᠲᠠᠶᠢᠯᠪᠤᠷᠢᠯᠠᠭᠰᠠᠨ ᠪᠠᠶᠢᠨ᠎ᠠ᠃ 
 
ᠢᠷᠡᠯᠲᠡ᠄ ᠰᠠᠭᠤᠭᠳᠠᠯᠲᠤ ᠬᠦᠷᠢᠶ᠎ᠡ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号