ᠬᠤᠶᠠᠷ ᠦᠶ᠎ᠡ ᠶᠢᠨ ᠬᠥᠮᠦᠰ ᠭᠤᠴᠢ ᠭᠠᠷᠤᠢ ᠵᠢᠯ ᠰᠢᠯᠵᠢᠰᠢ ᠦᠭᠡᠢ ᠴᠢᠷᠮᠠᠶᠢᠨ ᠭᠤᠤ ᠶᠢ ᠵᠠᠰᠠᠭᠰᠠᠨ
ᠨᠡᠶᠢᠲᠡᠯᠡᠭᠰᠡᠨ ᠴᠠᠭ᠄
2023/7/31
   ᠬᠦᠷᠢᠶ᠎ᠡ ᠬᠤᠰᠢᠭᠤᠨ ᠤ ᠺᠸᠦ ᠾᠧ ᠽᠢ ᠪᠠᠯᠭᠠᠰᠤᠨ ᠤ ᠰᠢᠩ ᠹᠠ ᠲᠣᠰᠬᠤᠨ ᠳᠤ ᠬᠤᠶᠠᠷ ᠭᠤᠤ ᠪᠠᠶᠢᠳᠠᠭ᠂ ᠡᠨᠡ ᠪᠣᠯ ᠬᠦᠷᠢᠶ᠎ᠡ ᠶᠢᠨ ᠡᠮᠦᠨ᠎ᠡ ᠬᠡᠰᠡᠭ ᠤᠨ ᠠᠭᠤᠯᠠᠷᠬᠠᠭ ᠣᠷᠣᠨ ᠤ ᠬᠡᠳᠦᠨ ᠮᠢᠩᠭᠠᠨ ᠨᠤᠭᠤ ᠶᠢᠨ ᠳᠣᠲᠤᠷᠠᠬᠢ ᠡᠩ ᠤᠨ ᠬᠤᠶᠠᠷ ᠭᠤᠤ ᠪᠣᠯᠤᠨ᠎ᠠ᠃ ᠡᠨᠡ ᠬᠤᠶᠠᠷ ᠭᠤᠤ ᠨᠢ ᠬᠠᠷᠢᠨ ᠨᠢᠭᠡ ᠭᠡᠷ ᠤᠨ ᠬᠥᠮᠦᠰ ᠲᠠᠢ ᠰᠠᠯᠤᠰᠢ ᠦᠭᠡᠢ ᠬᠠᠷᠢᠴᠠᠭ᠎ᠠ ᠲᠠᠢ ᠶᠤᠮ᠃ ᠡᠨᠡ ᠵᠢᠯ 43 ᠨᠠᠰᠤᠲᠠᠢ ᠸᠠᠩ ᠵᠢᠩ ᠵᠢᠶᠦ᠋ᠨ ᠪᠣᠯ ᠺᠸᠤ ᠡᡁᠧ ᠽᠢ ᠪᠠᠯᠭᠠᠰᠤ ᠶᠢᠨ ᠰᠢᠩ ᠹᠠ ᠲᠣᠰᠬᠤᠨ ᠤ ᠠᠷᠠᠳ ᠪᠣᠯᠤᠨ᠎ᠠ᠂ ᠭᠤᠴᠢ ᠭᠠᠷᠤᠢ ᠵᠢᠯ ᠤᠨ ᠲᠤᠷᠰᠢ᠂ ᠲᠡᠷᠡ ᠡᠴᠢᠭᠡ ᠶᠢᠨ ᠢᠶᠠᠨ ᠳᠠᠭᠠᠭᠤᠯᠭ᠎ᠠ ᠪᠠᠷ ᠦᠶᠡᠷ ᠤᠨ ᠤᠰᠤᠨ ᠳᠤ ᠠᠪᠲᠠᠵᠤ᠂ ᠨᠡᠶᠢᠳᠡᠮ ᠳᠡᠭᠡᠨ ᠠᠲᠠᠷᠰᠢᠭᠰᠠᠨ ᠡᠵᠡᠭᠦᠢ ᠭᠤᠤ ᠳᠤ ᠨᠤᠲᠤᠭᠰᠢᠨ ᠵᠠᠰᠠᠯᠲᠠ ᠬᠢᠵᠦ᠂ ᠤᠶᠤᠨ ᠤᠬᠠᠭᠠᠨ ᠬᠦᠴᠦ ᠬᠥᠯᠥᠰᠥ ᠪᠠᠷ ᠢᠶᠠᠨ ᠨᠣᠭᠤᠭᠠᠷᠠᠭᠰᠠᠨ ᠮᠣᠳᠣᠨ ᠳᠤ ᠪᠦᠷᠬᠦᠭᠳᠡᠨ᠂ ᠴᠡᠴᠡᠭ ᠵᠢᠮᠢᠰ ᠤᠨ ᠠᠩᠬᠢᠯᠤᠮ᠎ᠠ ᠦᠨᠦᠷ ᠬᠠᠩᠬᠤᠯᠤᠭᠰᠠᠨ ᠵᠣᠯ ᠵᠢᠷᠭᠠᠯᠲᠤ ᠭᠤᠤ ᠶᠢ ᠰᠣᠯᠢᠵᠤ ᠠᠪᠴᠢᠷᠠᠪᠠ᠃  
   ᠲᠤᠯᠤᠭᠠᠨ ᠰᠠᠷ᠎ᠠ ᠪᠣᠯ ᠬᠠᠪᠲᠠᠭᠠᠶ ᠬᠦᠢᠯᠡᠰᠦ ᠶᠢᠨ ᠬᠤᠷᠢᠶᠠᠯᠲᠠ ᠶᠢᠨ ᠤᠯᠠᠷᠢᠯ ᠪᠣᠯᠤᠨ᠎ᠠ᠂ ᠸᠠᠩ ᠵᠢᠩ ᠵᠢᠶᠦ᠋ᠨ ᠭᠤᠷᠪᠠᠨ ᠬᠦᠷᠳᠦᠲᠦ ᠲᠡᠷᠭᠡ ᠪᠠᠨ ᠪᠠᠷᠢᠵᠤ ᠠᠭᠤᠯᠠᠨ ᠭᠤᠤ ᠪᠠᠷ ᠳᠦᠭᠦᠷᠡᠩ ᠬᠠᠪᠲᠠᠭᠠᠶ ᠬᠦᠢᠯᠡᠰᠦ ᠲᠡᠭᠦᠨ᠎ᠡ᠃ ᠲᠡᠷᠡ ᠪᠠᠷ ᠵᠢᠯ ᠪᠦᠷᠢ ᠬᠠᠪᠲᠠᠭᠠᠶ ᠭᠦᠢᠯᠡᠰᠦ ᠲᠡᠭᠦᠵᠦ ᠨᠠᠢᠮᠠ ᠶᠢᠰᠦᠨ ᠮᠢᠩᠭᠠᠨ ᠲᠥᠭᠦᠷᠢᠭ ᠤᠨ ᠣᠷᠣᠯᠭ᠎ᠠ ᠣᠯᠳᠠᠭ᠃ ᠡᠨᠡ ᠠᠭᠤᠯᠠ ᠶᠢᠨ ᠭᠤᠤ ᠶᠢ ᠳᠣᠷᠠᠳᠤᠪᠠᠯ ᠭᠤᠴᠢ ᠭᠠᠷᠤᠶ ᠵᠢᠯ ᠤᠨ ᠡᠮᠦᠨ᠎ᠡ ᠠᠴᠠ ᠶᠠᠷᠢᠬᠤ ᠬᠡᠷᠡᠭᠲᠡᠶ ᠪᠠᠢᠯ᠎ᠠ᠃
   1987 ᠣᠨ ᠳᠤ᠂ ᠸᠠᠩ ᠵᠢᠩ ᠵᠢᠶᠦ᠋ᠨ ᠤ ᠠᠪᠤ ᠨᠢ ᠲᠤᠬᠠᠶ ᠶᠢᠨ ᠦᠶ᠎ᠡ ᠶᠢᠨ ᠬᠤᠰᠢᠭᠤᠨ ᠤ ︽ᠬᠡᠨ ᠵᠠᠰᠠᠪᠠᠯ ᠬᠡᠨ ᠥᠮᠴᠢᠯᠡᠨ᠎ᠡ︾ ᠭᠡᠬᠦ ᠠᠲᠠᠷ ᠭᠤᠤ ᠶᠢ ᠵᠠᠰᠠᠬᠤ ᠲᠥᠷᠥ ᠶᠢᠨ ᠪᠣᠳᠣᠯᠭ᠎ᠠ ᠶᠢᠨ ᠶᠣᠰᠣᠭᠠᠷ᠂ ᠰᠢᠩ ᠹᠠ ᠭᠠᠴᠠᠭᠠᠨ ᠤ ᠪᠠᠷᠠᠭᠤᠨ ᠡᠮᠦᠨᠡᠲᠦ ᠶᠢᠨ ᠶᠡᠷᠦᠩᠬᠡᠶ ᠲᠠᠯᠠᠪᠠᠶ ᠨᠢ 350 ᠮᠥ ᠪᠠᠶᠢᠬᠤ ᠬᠤᠶᠠᠷ ᠵᠤᠷᠪᠤᠰ ᠠᠲᠠᠷ ᠭᠤᠤ ᠶᠢ ᠳᠠᠭᠠᠭᠠᠴᠢᠯᠠᠵᠠᠶ᠃ ᠠᠵᠢᠯ ᠬᠢᠬᠦ ᠳᠤ ᠲᠥᠬᠦᠮ ᠪᠣᠯᠭᠠᠬᠤ ᠶᠢᠨ ᠲᠥᠯᠥᠭᠡ᠂ ᠠᠪᠤ ᠨᠢ ᠬᠡᠷ ᠢᠶᠠᠨ ᠭᠤᠤ ᠳᠣᠲᠤᠷ᠎ᠠ ᠨᠡᠭᠦᠯᠭᠡᠵᠦ ᠠᠪᠠᠴᠢᠵᠠᠶ᠃ ᠸᠠᠩ ᠵᠢᠩ ᠵᠢᠶᠦ᠋ᠨ ᠪᠢᠳᠡᠨ ᠳᠤ ᠬᠡᠯᠡᠬᠦ ᠳᠡᠭᠡᠨ᠂ ᠬᠠᠮᠤᠭ ᠤᠨ ᠡᠬᠢᠨ ᠤ ᠦᠶ᠎ᠡ ᠳᠡᠭᠡᠨ ᠡᠨᠡ ᠬᠦ ᠭᠤᠤ ᠪᠣᠯ ᠮᠠᠯ ᠪᠡᠯᠴᠢᠭᠡᠷ ᠤᠨ ᠲᠠᠯᠠᠪᠠᠶ ᠪᠠᠶᠢᠵᠤ᠂ ᠡᠪᠡᠰᠦ ᠮᠣᠳᠣ ᠴᠤ ᠴᠥᠭᠡᠨ᠂ ᠬᠠᠮᠤᠭ ᠤᠨ ᠴᠢᠬᠤᠯᠠ ᠨᠢ ᠵᠢᠯ ᠪᠦᠷᠢ ᠤᠰᠤ ᠠᠯᠳᠠᠬᠤ ᠶᠠᠪᠤᠳᠠᠯ ᠪᠣᠯᠤᠨ᠎ᠠ᠂ ᠲᠤᠬᠠᠶ ᠶᠢᠨ ᠦᠶ᠎ᠡ ᠳᠤ ᠭᠤᠤ ᠳᠣᠲᠣᠷ᠎ᠠ ᠵᠢᠵᠢᠭ ᠰᠠᠪᠠ ᠭᠠᠵᠠᠷ ᠢ ᠶᠡᠷᠦᠩᠬᠡᠶᠢᠯᠡᠨ ᠵᠠᠰᠠᠬᠤ ᠳᠤ ᠪᠠᠰᠠ ᠪᠠᠭ᠎ᠠ ᠪᠤᠰᠤ ᠬᠦᠴᠦ ᠬᠦᠯᠦᠰᠦ ᠵᠠᠷᠤᠴᠠᠭᠤᠯᠤᠭᠰᠠᠨ ᠶᠤᠮ᠃ ᠵᠠᠰᠠᠵᠤ ᠳᠠᠭᠤᠰᠬᠠᠭᠰᠠᠨ ᠭᠤᠤ ᠶᠢᠨ ᠵᠠᠬ᠎ᠠ ᠶᠢᠨ ᠳᠠᠯᠠᠩ᠂ ᠭᠤᠤ ᠶᠢᠨ ᠢᠷᠣᠭᠠᠷ ᠤᠨ ᠬᠠᠰᠢᠯᠭ᠎ᠠ ᠶᠢᠨ ᠪᠣᠷᠣᠭᠠᠨ ᠢᠷᠡᠮᠡᠭᠴᠡ ᠪᠠᠰᠠ ᠯᠠ ᠨᠤᠷᠠᠴᠢᠬᠠᠳᠠᠭ᠃ ᠡᠨᠡ ᠮᠡᠲᠦ ᠪᠠᠷ ᠠᠬᠢᠨ ᠳᠠᠬᠢᠨ ᠵᠠᠰᠠᠵᠤ ᠯᠡ ᠪᠠᠶᠢᠯ᠎ᠠ᠃ ᠠᠭᠤᠯᠠ ᠤᠰᠤ ᠪᠠᠨ ᠬᠠᠮᠠᠭᠠᠯᠠᠨ ᠵᠠᠰᠠᠬᠤ ᠰᠢᠨᠲᠠᠷᠠᠰᠢ ᠦᠭᠡᠢ ᠬᠠᠳᠠᠨ ᠵᠣᠷᠢᠭ ᠢᠶᠠᠷ᠂ ᠱᠠᠭᠠᠷᠳᠠᠯᠭ᠎ᠠ ᠶᠣᠰᠣᠭᠠᠷ ᠡᠭᠴᠡ ᠬᠥᠲᠥᠯ ᠳᠤ ᠵᠢᠭᠠᠰᠤᠨ ᠬᠠᠶᠢᠷ ᠮᠠᠶ᠋ᠢᠭ ᠤᠨ ᠨᠦᠬᠡ ᠮᠠᠯᠲᠠᠵᠤ᠂ ᠨᠠᠯᠠᠤ ᠬᠥᠲᠥᠯ ᠳᠤ ᠬᠡᠪᠲᠡᠭᠡ ᠨᠦᠬᠡ ᠮᠠᠯᠲᠠᠵᠤ᠂ ᠭᠤᠤ ᠶᠢᠨ ᠢᠷᠣᠭᠠᠷ ᠲᠤ ᠬᠠᠰᠢᠯᠭ᠎ᠠ ᠪᠠᠶᠢᠭᠤᠯᠤᠨ᠂ ᠸᠠᠩ ᠵᠢᠩ ᠵᠢᠶᠦ᠋ᠨ ᠤ ᠠᠪᠤ ᠨᠢ ᠪᠦᠬᠦ ᠭᠡᠷ ᠢᠶᠠᠨ ᠳᠠᠭᠠᠭᠤᠯᠤᠨ ᠡᠷᠲᠡᠯᠡᠵᠦ ᠣᠷᠦ᠋ᠢᠯᠠᠨ ᠡᠳᠦᠷ ᠬᠤᠨᠤᠭ ᠤᠨ ᠤᠳᠠᠭᠠᠨ ᠳᠤ ᠠᠵᠢᠯᠯᠠᠵᠤ ᠪᠠᠶᠢᠪᠠ᠃
   ᠭᠤᠤ ᠶᠢᠨ ᠬᠥᠷᠥᠰᠥ ᠰᠢᠷᠣᠶ ᠶᠢ ᠬᠠᠮᠠᠭᠠᠯᠠᠶ᠎ᠠ ᠭᠡᠪᠡᠯ ᠤᠷᠭᠤᠮᠠᠯ ᠤᠨ ᠬᠤᠴᠢᠯᠭ᠎ᠠ ᠶᠢ ᠰᠡᠷᠭᠦᠭᠡᠬᠦ ᠨᠢ ᠲᠤᠬᠠᠶ ᠶᠢᠨ ᠦᠶ᠎ᠡ ᠳᠤ ᠠᠪᠴᠤ ᠬᠡᠯᠡᠪᠡᠯ ᠲᠦᠢᠯ ᠤᠨ ᠬᠦᠴᠢᠷᠲᠡᠶ ᠶᠠᠪᠤᠳᠠᠯ ᠪᠠᠶᠢᠭᠰᠠᠨ ᠶᠤᠮ᠃ ᠨᠠᠯᠠᠤ ᠶᠢᠨ ᠬᠡᠮᠵᠢᠶ᠎ᠡ ᠨᠢ ᠳᠤᠮᠳᠠᠴᠢ ᠪᠠᠷ 40 ᠭᠷᠠᠳᠦ᠋ᠰ ᠠᠴᠠ 70 ᠭᠷᠠᠳᠦ᠋ᠰ ᠤᠨ ᠣᠷᠴᠢᠮ ᠭᠤᠤ ᠶᠢᠨ ᠬᠥᠲᠥᠯ ᠳᠡᠭᠡᠷ᠎ᠡ ᠬᠥᠮᠦᠨ ᠭᠠᠷᠴᠤ ᠵᠣᠭᠰᠣᠬᠤ ᠳᠤ ᠪᠦᠷ ᠬᠦᠴᠢᠷᠳᠡᠵᠦ᠂ ᠨᠡᠩ ᠴᠤ ᠨᠥᠬᠡ ᠮᠠᠯᠲᠠᠵᠤ ᠮᠣᠳᠣ ᠵᠠᠶᠢᠯᠠᠬᠤ ᠶᠢ ᠬᠡᠯᠡᠬᠦ ᠶᠢᠨ ᠬᠡᠷᠡᠭ ᠠᠯᠠᠭ᠎ᠠ ᠶᠤᠮ᠃ ᠭᠡᠪᠡᠴᠦ ᠡᠨᠡᠨᠬᠦ ᠬᠦᠴᠢᠷᠳᠡᠯ ᠨᠢ ᠲᠤᠬᠠᠶ ᠶᠢᠨ ᠦᠶ᠎ᠡ ᠳᠤ ᠸᠠᠩ ᠵᠢᠩ ᠵᠢᠶᠦ᠋ᠨ ᠤ ᠠᠪᠤ ᠶᠢᠨ ᠬᠢᠨ ᠭᠤᠤ ᠶᠢ ᠵᠠᠰᠠᠬᠤ ᠠᠯᠬᠤᠮ ᠢ ᠬᠤᠷᠢᠭᠯᠠᠵᠤ ᠴᠢᠳᠠᠭᠰᠠᠨ ᠦᠭᠡᠢ᠂ ᠰᠢᠳᠦ ᠵᠠᠭᠤᠵᠤ ᠬᠥᠮᠦᠨ ᠤ ᠬᠦᠴᠦ ᠪᠠᠷ ᠭᠤᠤ ᠶᠢᠨ ᠳᠡᠭᠡᠷ᠎ᠡ ᠠᠴᠠ ᠳᠣᠷᠣᠭᠰᠢ ᠨᠢᠭᠡ ᠨᠢᠭᠡ ᠳᠠᠪᠬᠤᠷᠭ᠎ᠠ ᠪᠠᠷ ᠮᠣᠳᠣᠨ ᠤ ᠨᠦᠭᠡ ᠮᠠᠯᠲᠠᠨ ᠮᠣᠳᠣ ᠵᠠᠶᠢᠯᠠᠭᠠᠳ ᠪᠦᠬᠦᠯᠢ ᠭᠤᠷᠪᠠᠨ ᠵᠢᠯ ᠤᠨ ᠴᠠᠭ ᠢ ᠬᠡᠷᠡᠭᠰᠡᠵᠦ ᠰᠠᠶ᠋ᠢ ᠡᠨᠡ ᠬᠤᠶᠠᠷ ᠭᠤᠤ ᠶᠢ ᠪᠦᠬᠦᠨ ᠢ ᠵᠠᠰᠠᠵᠤ ᠳᠠᠭᠤᠰᠬᠠᠵᠠᠶ᠃
   ᠸᠠᠩ ᠵᠢᠩ ᠵᠢᠶᠦ᠋ᠨ᠄ ︽ᠲᠤᠬᠠᠶ ᠶᠢᠨ ᠦᠶ᠎ᠡ ᠳᠤ ᠭᠤᠤ ᠶᠢᠨ ᠤᠰᠤ ᠶᠢ ᠵᠠᠰᠠᠵᠤ ᠳᠡᠶᠢᠯᠵᠡᠶ᠂  ᠭᠡᠪᠡᠴᠦ ᠵᠠᠯᠭᠠᠭᠠᠳ ᠪᠠᠰᠠ ᠨᠠᠩ ᠬᠦᠴᠢᠷᠲᠡᠶ ᠶᠠᠪᠤᠳᠠᠯ ᠨᠢ᠂ ᠵᠣᠭᠤᠰ ᠦᠭᠡᠢ ᠤᠴᠢᠷ ᠠᠴᠠ ᠵᠤᠯᠵᠠᠭ᠎ᠠ ᠮᠣᠳᠣ ᠶᠢ ᠬᠤᠳᠠᠯᠳᠤᠨ ᠠᠪᠴᠤ ᠳᠡᠶᠢᠯᠬᠦ ᠦᠭᠡᠢ᠂ ᠡᠭᠦᠨ ᠠᠴᠠ ᠭᠠᠳᠠᠨ᠎ᠠ ᠵᠠᠮ ᠬᠠᠷᠢᠯᠴᠠᠭ᠎ᠠ ᠳᠥᠭᠦᠮ ᠦᠭᠡᠢ᠂ ᠵᠤᠯᠵᠠᠭ᠎ᠠ ᠮᠣᠳᠣ ᠬᠤᠳᠠᠯᠳᠤᠨ ᠠᠪᠬᠤ ᠭᠠᠵᠠᠷ ᠴᠦ ᠣᠯᠳᠠᠬᠤ ᠦᠭᠡᠢ ᠪᠠᠶᠢᠯ᠎ᠠ᠃ ᠢᠮᠦ ᠠᠴᠠ ᠤᠯᠢᠶᠠᠰᠤᠨ ᠮᠣᠳᠣ᠂ ᠬᠠᠢᠯᠠᠰᠤᠨ ᠮᠣᠳᠣ᠂ ᠶᠠᠮᠠᠷ ᠮᠣᠳᠣ ᠪᠠᠶᠢᠪᠠᠯ ᠲᠡᠷᠡ ᠮᠣᠳᠣ ᠶᠢ ᠵᠠᠶᠢᠯᠠᠵᠤ᠂ ᠥᠷ ᠴᠠᠶᠢᠬᠤ ᠠᠴᠠ ᠡᠮᠦᠨ᠎ᠡ ᠠᠭᠤᠯᠠᠨ ᠳᠤ ᠭᠠᠷᠴᠤ ᠠᠵᠢᠯᠯᠠᠳᠠᠭ᠃ ᠮᠣᠳᠣ ᠵᠠᠶᠢᠯᠠᠬᠤ ᠦᠶ᠎ᠡ ᠳᠤ ᠤᠰᠤᠯᠠᠬᠤ ᠨᠢ ᠴᠦ ᠠᠰᠠᠭᠤᠳᠠᠯ ᠪᠣᠯᠵᠤ᠂ ᠨᠢᠭᠡ ᠰᠠᠭᠤᠯᠠᠭ᠎ᠠ ᠤᠰᠤ ᠳᠠᠮᠨᠠᠵᠤ ᠠᠷᠪᠠ᠂ ᠬᠤᠷᠢᠨ ᠰᠠᠭᠤᠷᠢ ᠤᠰᠤᠯᠠᠨ᠂ ᠵᠤᠯᠵᠠᠭ᠎ᠠ ᠮᠣᠳᠣ ᠶᠢ ᠨᠡᠩ ᠰᠠᠶᠢᠨ ᠤᠷᠭᠤᠭᠤᠯᠬᠤ ᠶᠢᠨ ᠲᠥᠯᠥᠭᠡ ᠠᠪᠤ ᠪᠠᠰᠠ ᠲᠠᠷᠢᠶᠠᠴᠢᠨ ᠠᠶᠢᠯ ᠤᠨ ᠪᠠᠭᠠᠰᠤ ᠶᠢ ᠳᠠᠮᠨᠠᠨ ᠨᠦᠬᠡᠨ ᠳᠤ ᠳᠡᠪᠢᠰᠳᠡᠭ︾ ᠭᠡᠵᠡᠶ᠃    ᠡᠨᠡ ᠮᠡᠲᠦ ᠪᠠᠷ ᠲᠤᠬᠠᠶ ᠶᠢᠨ ᠦᠶ᠎ᠡ ᠶᠢᠨ ᠠᠷᠪᠠᠨ ᠬᠡᠳᠦᠨ ᠵᠢᠯ ᠤᠨ ᠬᠤᠭᠤᠷᠣᠨᠳᠣ᠂ ᠸᠠᠩ ᠵᠢᠩ ᠵᠢᠶᠦ᠋ᠨ ᠤ ᠠᠪᠤ ᠨᠢ ᠨᠢᠭᠡ ᠬᠡᠷ ᠤᠨ ᠬᠥᠮᠦᠰ ᠢᠶᠠᠨ ᠳᠠᠭᠠᠭᠤᠯᠤᠨ ᠠᠭᠤᠯᠠᠨ ᠭᠤᠤ ᠳᠤ ᠲᠠᠪᠤᠨ ᠲᠦᠮᠡ ᠰᠢᠬᠠᠮ ᠵᠢᠮᠢᠰ ᠤᠨ ᠮᠣᠳᠣ ᠪᠠ ᠤᠯᠢᠶᠠᠰᠤᠨ ᠮᠣᠳᠣ ᠵᠠᠶᠢᠯᠠᠵᠤ᠂ ᠭᠤᠤ ᠶᠢᠨ ᠳᠡᠭᠡᠷᠡᠬᠢ ᠳᠣᠲᠤᠷᠠᠬᠢ ᠵᠢᠮᠢᠰ ᠤᠨ ᠮᠣᠳᠣ 1996 ᠣᠨ ᠠᠴᠠ ᠡᠬᠢᠯᠡᠨ ᠵᠢᠮᠢᠰ ᠰᠠᠭᠤᠵᠤ᠂ ᠠᠭᠠᠵᠢᠮ ᠢᠶᠠᠷ ᠲᠠᠷᠢᠶᠠᠨ ᠤ ᠣᠷᠣᠯᠭ᠎ᠠ ᠪᠣᠯᠵᠤ᠂ ᠵᠢᠯ ᠪᠦᠷᠢ ᠶᠢᠨ ᠣᠷᠣᠯᠭ᠎ᠠ ᠨᠢ ᠳᠤᠮᠳᠠᠴᠢ ᠪᠠᠷ ᠳᠥᠷᠪᠡᠨ ᠲᠦᠮᠡᠨ ᠲᠥᠭᠦᠷᠢᠭ ᠲᠤ ᠬᠦᠷᠴᠦ᠂ ᠠᠪᠤ ᠨᠢ ᠴᠦ ᠬᠤᠯᠠ ᠣᠶᠢᠷ᠎ᠠ ᠳᠠᠭᠠᠨ ᠭᠤᠤ ᠶᠢ ᠵᠠᠰᠠᠬᠤ ᠨᠡᠷ᠎ᠡ ᠠᠯᠳᠠᠷᠰᠢᠭᠰᠠᠨ ᠳᠠᠭᠠᠭᠤᠯᠤᠭᠴᠢ ᠪᠣᠯᠤᠭᠰᠠᠨ ᠪᠠᠶᠢᠨ᠎ᠠ᠃  
   2015 ᠣᠨ ᠳᠤ᠂ ᠸᠠᠩ ᠵᠢᠩ ᠵᠢᠶᠦ᠋ᠨ ᠤ ᠠᠪᠤ ᠨᠢ ᠶᠠᠳᠠᠷᠠᠵᠤ ᠵᠦᠳᠡᠷᠡᠭᠡᠳ ᠡᠪᠡᠳᠴᠢᠨ ᠢᠶᠠᠷ ᠨᠠᠰᠤ ᠪᠠᠷᠠᠵᠤ᠂ ᠸᠠᠩ ᠵᠢᠩ ᠵᠢᠶᠦ᠋ᠨ ᠪᠣᠣᠬᠢᠶ᠎ᠠ ᠶᠢ ᠲᠣᠰᠴᠤ ᠠᠪᠤᠭᠠᠳ ᠡᠨᠡᠬᠦ ᠭᠤᠷᠪᠠᠨ ᠵᠠᠭᠤ ᠭᠠᠷᠤᠢ ᠮᠦ ᠶᠢᠨ ᠭᠤᠤ ᠵᠢᠯᠠᠭ᠎ᠠ ᠶᠢ ᠦᠷᠭᠦᠯᠵᠢᠯᠡᠨ ᠰᠠᠬᠢᠭᠰᠠᠨ ᠪᠠᠶᠢᠨ᠎ᠠ᠃ ᠡᠩ ᠲᠡᠷᠢᠭᠦᠨ ᠳᠤ ᠵᠢᠮᠢᠰ ᠤᠨ ᠮᠣᠳᠣ ᠶᠢ ᠵᠠᠯᠭᠠᠬᠤ ᠶᠢ ᠪᠣᠳᠣᠯᠬᠢᠯᠠᠨ᠂ ᠤᠤᠯ ᠤᠨ ᠨᠢᠭᠡ ᠪᠦᠯᠦᠭ ᠬᠠᠭᠤᠴᠢᠨ ᠡᠭᠦᠯᠳᠡᠷ ᠤᠨ ᠵᠢᠮᠢᠰ ᠤᠨ ᠮᠣᠳᠣ ᠪᠠᠷ ᠵᠠᠯᠭᠠᠭᠠᠳᠠᠰᠤ ᠪᠣᠯᠭᠠᠵᠤ᠂ ᠳᠡᠭᠡᠷ᠎ᠡ ᠨᠢ ᠶᠡᠭᠡ ᠤᠯᠠᠭᠠᠨ ᠠᠯᠮᠤᠷᠠᠳ᠂ ᠠᠢ ᠳ᠋ᠠᠩ ᠠᠯᠢᠮ᠎ᠠ᠂ ᠪᠷᠦ᠋ᠨ ︵ᠤᠯᠠᠭᠠᠨ︶ ᠭᠦᠢᠯᠡᠰᠦ ᠵᠡᠷᠭᠡ ᠠᠷᠪᠠᠭᠠᠳ ᠡᠭᠦᠯᠳᠡᠷ ᠤᠨ ᠵᠢᠮᠢᠰ ᠤᠨ ᠮᠣᠳᠣ ᠶᠢ ᠵᠠᠯᠭᠠᠵᠤ ᠥᠭᠲᠡᠭ︔ 2019 ᠣᠨ ᠳᠤ ᠲᠡᠷᠡ ᠪᠠᠰᠠ ᠨᠢᠭᠡ ᠬᠡᠰᠡᠭ ᠬᠠᠭᠤᠴᠢᠨ ᠵᠢᠮᠢᠰ ᠤᠨ ᠮᠣᠳᠣ ᠶᠢ ᠴᠠᠪᠴᠢᠵᠤ᠂ ᠬᠠᠶᠢᠲᠠᠩ ᠵᠢᠮᠢᠰ᠂ ᠶᠠᠨ ᠪᠢᠶᠠᠨ ᠠᠯᠢᠮ᠎ᠠ᠂ ᠨᠠᠩᠭᠢᠶᠠᠳ ᠠᠯᠢᠮ᠎ᠠ ᠵᠡᠷᠭᠡ 10 ᠰᠢᠬᠠᠮ ᠲᠦᠷᠦᠯ ᠤᠨ 5000 ᠰᠠᠭᠤᠷᠢ ᠵᠢᠮᠢᠰ ᠤᠨ ᠮᠣᠳᠣ ᠶᠢ ᠰᠢᠨ᠎ᠡ ᠪᠠᠷ ᠲᠠᠷᠢᠵᠠᠢ᠃
   ᠸᠠᠩ ᠵᠢᠩ ᠵᠢᠶᠦ᠋ᠨ ᠬᠡᠯᠡᠬᠦ ᠳᠡᠭᠡᠨ᠄ ︽ᠮᠢᠨᠦ ᠠᠪᠤ ᠨᠠᠰᠤ ᠪᠠᠷᠠᠭᠰᠠᠨ ᠤ ᠲᠠᠷᠠᠭ᠎ᠠ ᠪᠢ ᠡᠨᠡ ᠭᠤᠤ ᠶᠢ ᠬᠠᠮᠢᠶᠠᠷᠴᠤ᠂ ᠵᠠᠷᠢᠮ ᠢ ᠨᠢ ᠰᠢᠨᠡᠳᠬᠡᠵᠦ᠂ ᠵᠠᠶᠢᠯᠠᠵᠤ ᠪᠠᠷᠠᠭᠰᠠᠨ ᠦᠭᠡᠢ ᠶᠢ ᠨᠢ ᠨᠥᠬᠦᠨ  ᠵᠠᠶᠢᠯᠠᠵᠤ᠂ ᠶᠡᠷᠦᠨᠢ ᠢᠩᠭᠢᠵᠦ ᠯᠠ ᠬᠢᠵᠦ ᠢᠷᠡᠭᠰᠡᠨ ᠪᠠᠶᠢᠨ᠎ᠠ᠃ ᠣᠳᠣᠬᠠᠨ ᠳᠤ ᠦᠷ᠎ᠡ ᠠᠰᠢᠭ ᠨᠢ ᠬᠠᠷᠠᠬᠠᠨ ᠳᠣᠣᠷ᠎ᠠ ᠪᠠᠶᠢᠭᠰᠠᠭᠠᠷ᠂ ᠡᠳᠡᠭᠡᠷ ᠢ ᠰᠢᠨᠡᠳᠭᠡᠪᠡᠯ ᠪᠠᠷᠤᠭ ᠲᠦᠮᠡ ᠭᠠᠷᠤᠶ ᠰᠠᠭᠤᠷᠢ  ᠪᠠᠶᠢᠵᠤ᠂ ᠪᠠᠰᠠ ᠬᠤᠶᠠᠷ ᠠᠴᠠ ᠭᠤᠷᠪᠠᠨ ᠵᠢᠯ ᠪᠣᠯᠪᠠᠯ ᠦᠷ᠎ᠡ ᠠᠰᠢᠭ ᠣᠯᠵᠤ ᠪᠣᠯᠬᠤ ᠶᠤᠮ︾ ᠭᠡᠯ᠎ᠡ᠃    ᠭᠤᠤ ᠳᠣᠲᠤᠷ᠎ᠠ ᠮᠣᠳᠣ ᠵᠠᠶᠢᠯᠠᠬᠤ᠂ ᠤᠰᠤ ᠤᠰᠤᠯᠠᠬᠤ ᠬᠦᠴᠢᠷᠳᠡᠯ ᠨᠢ ᠶᠡᠷᠦ ᠨᠢ ᠬᠥᠮᠦᠨ ᠤ ᠲᠣᠯᠣᠭᠠᠢ ᠶᠢ ᠡᠪᠡᠳᠬᠡᠳᠡᠭ ᠶᠠᠪᠤᠳᠠᠯ ᠶᠤᠮ᠃ ᠡᠨᠡ ᠬᠡᠳᠦᠨ ᠵᠢᠯ ᠳᠤ᠂ ᠸᠠᠩ ᠵᠢᠩ ᠵᠢᠶᠦ᠋ᠨ ᠬᠤᠳᠳᠤᠭ ᠮᠠᠯᠲᠠᠬᠤ᠂ ᠭᠠᠵᠠᠷ ᠲᠡᠭᠰᠢᠯᠡᠬᠦ᠂ ᠵᠤᠯᠵᠠᠭ᠎ᠠ ᠮᠣᠳᠣ ᠬᠤᠳᠠᠯᠳᠤᠨ ᠠᠪᠴᠤ᠂ ᠡᠭᠦᠯᠳᠡᠷ ᠰᠢᠨᠡᠳᠭᠡᠬᠦ ᠨᠢ ᠪᠠᠷᠤᠭ ᠪᠥᠬᠦ ᠬᠡᠷ ᠤᠨ ᠬᠠᠳᠠᠭᠠᠯᠠᠮᠵᠢ ᠪᠠᠨ ᠵᠠᠷᠤᠵᠤ ᠳᠠᠭᠤᠰᠬᠠᠵᠠᠶ᠃ ᠠᠪᠤ ᠶᠢᠨ ᠬᠢᠨᠢ ᠲᠡᠷᠡ ᠦᠶ᠎ᠡ ᠳᠤ ᠰᠢᠢᠳᠪᠦᠷᠢᠯᠡᠵᠦ ᠴᠢᠳᠠᠭᠰᠠᠨ ᠦᠭᠡᠢ ᠤᠰᠤᠨ ᠤ ᠡᠬᠢ ᠰᠤᠷᠪᠤᠯᠵᠢ ᠶᠢᠨ ᠠᠰᠠᠭᠤᠳᠠᠯ ᠨᠢ ᠲᠡᠭᠦᠨ ᠤ ᠦᠶ᠎ᠡ ᠳᠤ ᠢᠷᠡᠭᠡᠳ ᠬᠡᠳᠦᠢ ᠬᠦᠴᠦᠯᠡᠨ ᠴᠢᠷᠮᠠᠶᠢᠭᠰᠠᠨ ᠴᠦ ᠮᠥᠨ ᠯᠡ ᠰᠢᠢᠳᠪᠦᠷᠢᠯᠡᠵᠦ ᠴᠢᠳᠠᠭᠰᠠᠨ ᠦᠭᠡᠢ᠃
   ᠣᠳᠣᠬᠠᠨ ᠳᠤ᠂ ᠸᠠᠩ ᠵᠢᠩ ᠵᠢᠶᠦ᠋ᠨ ᠤ ᠨᠢᠭᠡ ᠬᠡᠷ ᠤᠨ ᠠᠵᠤ ᠠᠬᠤᠶ ᠶᠢᠨ ᠣᠷᠣᠯᠭ᠎ᠠ ᠨᠢ ᠭᠤᠤᠯᠳᠠᠭᠤ ᠵᠢᠮᠢᠰ ᠤᠨ ᠮᠣᠳᠣᠨ ᠤ ᠳᠤᠮᠳᠠ ᠠᠯᠠᠭᠯᠠᠨ ᠳᠠᠷᠢᠭᠰᠠᠨ ᠡᠯᠳᠡᠪ ᠠᠮᠤ᠂ ᠰᠠᠭᠠᠭ ᠪᠠ ᠬᠦᠨᠡᠰᠦᠨ ᠠᠮᠤ ᠶᠢᠨ ᠲᠠᠷᠢᠶᠠᠨ ᠳᠤ ᠳᠠᠷᠢᠭᠰᠠᠨ ᠡᠷᠳᠡᠨᠢ ᠰᠢᠰᠢ ᠳᠤ ᠲᠦᠰᠢᠭᠯᠡᠵᠦ᠂ ᠪᠠᠷᠤᠭ 80 ᠮᠥ ᠶᠢᠨ ᠲᠠᠷᠢᠶ᠎ᠠ ᠨᠢ ᠵᠢᠯ ᠪᠦᠷᠢ ᠸᠠᠩ ᠵᠢᠩ ᠵᠢᠶᠦ᠋ᠨ ᠤ ᠨᠢᠭᠡ ᠬᠡᠷ ᠤᠨ ᠬᠢᠨ ᠳᠤ ᠲᠤᠯᠤᠭᠠᠨ ᠲᠦᠮᠡ ᠭᠠᠷᠤᠶ ᠲᠥᠭᠦᠷᠢᠭ ᠤᠨ ᠣᠷᠣᠯᠭ᠎ᠠ ᠠᠪᠴᠢᠷᠠᠵᠤ᠂ ᠬᠤᠷᠢᠶᠠᠭᠰᠠᠨ ᠡᠷᠳᠡᠨᠢ ᠰᠢᠰᠢ ᠪᠠᠷ ᠭᠠᠭ᠋ᠠᠶ ᠪᠠ ᠬᠤᠨᠢ ᠲᠡᠵᠢᠭᠡᠵᠦ ᠪᠠᠶᠢᠳᠠᠭ᠃    ᠸᠠᠩ ᠵᠢᠩ ᠵᠢᠶᠦ᠋ᠨ᠄ ︽ᠶᠡᠷᠦᠩᠬᠡᠶ ᠱᠦᠵᠢ ᠰᠢ ᠶᠢᠨ ᠫᠢᠩ ᠬᠡᠯᠡᠬᠦ ᠳᠡᠭᠡᠨ᠂ ᠬᠥᠬᠡᠮᠳᠦᠭ ᠨᠣᠭᠤᠭᠠᠨ ᠠᠭᠤᠯᠠ ᠤᠰᠤ ᠪᠣᠯ ᠳᠠᠷᠤᠶ ᠠᠯᠲᠠᠨ ᠠᠭᠤᠯᠠ ᠮᠥᠩᠭᠦᠨ ᠠᠭᠤᠯᠠ ᠮᠥᠨ᠃ ᠠᠮᠢ ᠠᠬᠤᠶ ᠶᠢ ᠰᠠᠶᠢᠵᠢᠷᠠᠭᠤᠯᠬᠤ᠂ ᠣᠷᠴᠢᠨ ᠠᠬᠤᠶ ᠶᠢ ᠬᠠᠮᠠᠭᠠᠯᠠᠬᠤ ᠪᠣᠯ ᠮᠠᠨ ᠤ ᠠᠷᠠᠳ ᠢᠷᠭᠡᠨ ᠨᠢᠭᠡᠪᠦᠷᠢ ᠶᠢᠨ ᠬᠢᠪᠡᠰᠦ ᠵᠣᠬᠢᠬᠤ ᠠᠵᠢᠯ ᠪᠣᠯᠤᠨ᠎ᠠ᠃ ᠤᠳᠤ᠂ ᠡᠨᠡ ᠬᠤᠶᠠᠷ ᠭᠤᠣ ᠨᠢ ᠮᠣᠳᠣ ᠬᠥᠬᠡᠷᠡᠨ ᠰᠢᠪᠠᠭᠤᠳ  ᠵᠢᠷᠭᠢᠵᠦ᠂ ᠴᠡᠴᠡᠭ ᠬᠤᠸᠠᠷ ᠮᠢᠷᠠᠯᠵᠠᠨ ᠳᠡᠯᠭᠡᠷᠡᠵᠦ᠂ ᠵᠢᠮᠢᠰ ᠤᠨ ᠠᠩᠬᠢᠯᠤᠮ᠎ᠠ ᠦᠨᠦᠷ ᠬᠠᠩᠬᠤᠯᠵᠤ ᠪᠠᠶᠢᠨ᠎ᠠ ᠭᠡᠵᠦ ᠬᠡᠯᠡᠭᠰᠡᠨ ᠴᠦ ᠪᠣᠯᠤᠨ᠎ᠠ᠂ ᠵᠠᠯᠭᠠᠭᠠᠳ ᠪᠢ ᠣᠳᠤᠬᠠᠨ ᠤ ᠣᠯᠤᠭᠰᠠᠨ ᠵᠠᠰᠠᠯᠲᠠ ᠶᠢᠨ ᠦᠷ᠎ᠡ ᠪᠦᠲᠦᠭᠡᠯ ᠢᠶᠠᠨ ᠰᠠᠶᠢᠲᠤᠷ ᠬᠠᠮᠠᠭᠠᠯᠠᠬᠤ ᠶᠢᠨ ᠬᠠᠮᠲᠤ ᠬᠥᠳᠡᠭᠡ ᠲᠣᠰᠬᠤᠨ ᠤ ᠵᠤᠭᠠᠴᠠᠯ ᠢ ᠬᠥᠭᠵᠢᠭᠦᠯᠵᠦ᠂ ᠨᠡᠩ ᠤᠯᠠᠨ ᠬᠥᠮᠦᠰ ᠲᠤ ᠨᠤᠲᠤᠭ ᠤᠨ ᠢᠶᠠᠨ ᠵᠣᠯ ᠵᠢᠷᠭᠠᠯᠲᠤ ᠭᠤᠣ ᠶᠢᠨ ᠰᠠᠶᠢᠨ ᠰᠠᠶᠢᠬᠠᠨ ᠢ ᠰᠣᠨᠢᠷᠬᠠᠭᠤᠯᠤᠨ᠎ᠠ︾ ᠭᠡᠵᠦ ᠬᠡᠯᠡᠵᠦ ᠪᠠᠶᠢᠯ᠎ᠠ᠃
   ᠭᠤᠴᠢ ᠭᠠᠷᠤᠶ ᠵᠢᠯ ᠤᠨ ᠲᠤᠷᠰᠢ᠂ ᠸᠠᠩ ᠵᠢᠩ ᠵᠢᠶᠦ᠋ᠨ ᠡᠴᠢᠭᠡ ᠬᠥᠪᠡᠭᠦᠨ ᠤ ᠬᠤᠶᠠᠷ ᠦᠶ᠎ᠡ ᠶᠢᠨ ᠬᠢᠨ ᠠᠳᠠᠷ ᠭᠤᠤ ᠶᠢ ᠭᠤᠶᠢᠪᠢᠰᠢ ᠦᠭᠡᠢ ᠵᠠᠰᠠᠵᠤ᠂ ᠲᠠᠴᠢᠷ ᠠᠭᠤᠯᠠ ᠬᠤᠵᠢᠭᠢᠷ ᠳᠠᠪᠠᠭ᠎ᠠ᠂  ᠬᠤᠪᠠᠭ᠋ᠠᠢ ᠠᠭᠤᠯᠠ ᠬᠠᠲᠠᠮᠠᠯ ᠤᠰᠤ ᠶᠢ ᠬᠥᠬᠡᠮᠳᠦᠭ ᠨᠣᠭᠤᠭᠠᠨ ᠠᠭᠤᠯᠠ ᠤᠰᠤ᠂ ᠠᠯᠳᠠᠨ ᠮᠥᠩᠭᠦᠨ ᠠᠭᠤᠯᠠ ᠪᠣᠯᠭᠠᠨ ᠬᠤᠪᠢᠷᠠᠭᠤᠯᠤᠭᠠᠳ᠂ ᠠᠭᠤᠯᠠ ᠶᠢᠨ ᠭᠤᠤ ᠳᠤ ᠠᠤᠭ᠎ᠠ ᠦᠭᠡᠷᠡᠴᠢᠯᠡᠯᠲᠡ ᠡᠷᠡᠰ ᠬᠤᠪᠢᠷᠠᠯᠲᠠ ᠭᠠᠷᠭᠠᠪᠠ᠃ ᠡᠨᠡ ᠮᠡᠲᠦ ᠪᠠᠷ 1983 ᠣᠨ ᠠᠴᠠ ᠡᠬᠢᠯᠡᠵᠦ᠂ ᠸᠠᠩ ᠵᠢᠩ ᠵᠢᠶᠦ᠋ᠨ ᠡᠴᠢᠭᠡ ᠬᠥᠪᠡᠭᠦᠨ ᠲᠠᠢ ᠠᠳᠠᠯᠢ ᠪᠠᠷ ᠤᠯᠠᠮ ᠠᠴᠠ ᠤᠯᠠᠮ ᠣᠯᠠᠨ ᠬᠦᠷᠢᠶ᠎ᠡ ᠶᠢᠨ ᠬᠥᠮᠦᠰ ᠯᠢᠦ ᠾᠧ ᠭᠤᠣᠯ ᠤᠨ ᠰᠠᠪᠠ ᠭᠠᠵᠠᠷ ᠢ ᠪᠦᠬᠦ ᠤᠯᠤᠰ ᠤᠨ ᠨᠠᠢᠮᠠᠨ ᠭᠤᠣᠯᠳᠠᠯᠭ᠎ᠠ ᠲᠠᠢ ᠵᠠᠰᠠᠯᠲᠠ ᠶᠢᠨ ᠣᠷᠣᠨ ᠪᠣᠯᠭᠠᠭᠰᠠᠨ ᠲᠡᠦᠬᠡᠨ ᠠᠵᠠ ᠲᠣᠬᠢᠶᠠᠯ ᠢ ᠠᠮᠵᠢᠵᠤ᠂ ᠳᠥᠴᠢᠨ ᠵᠢᠯ ᠤᠨ ᠲᠤᠷᠰᠢ ︽ᠡᠮᠦᠨ᠎ᠡ ᠪᠠᠨ ᠭᠤᠤ ᠶᠢ ᠵᠠᠰᠠᠬᠤ᠂ ᠬᠤᠶᠢᠨ᠎ᠠ ᠪᠠᠨ ᠡᠯᠡᠰᠦ ᠶᠢ ᠵᠠᠰᠠᠬᠤ︾ ᠪᠠᠷ ᠭᠤᠣᠯ ᠠᠭᠤᠯᠭ᠎ᠠ ᠪᠣᠯᠭᠠᠭᠰᠠᠨ ᠬᠥᠷᠥᠰᠥ ᠰᠢᠷᠣᠶ ᠶᠢ ᠬᠠᠮᠠᠭᠠᠯᠠᠬᠤ ᠠᠮᠢ ᠠᠬᠤᠶ ᠶᠢᠨ ᠣᠷᠴᠢᠨ ᠨᠥᠬᠦᠴᠡᠯ ᠤᠨ ᠪᠡᠷᠬᠡ ᠰᠡᠳᠦᠪ ᠢ ᠰᠢᠢᠳᠪᠦᠷᠢᠯᠡᠬᠦ ᠲᠠᠶᠢᠨ ᠢ ᠴᠥᠬᠦᠷᠡᠰᠢ ᠦᠭᠡᠢ ᠥᠷᠨᠢᠭᠦᠯᠵᠦ᠂ ᠨᠡᠶᠢᠳᠡ 2268 ᠲᠦᠮᠡᠨ ᠬᠥᠮᠦᠨ ᠤᠳᠠᠭ᠎ᠠ ᠬᠥᠮᠦᠨ ᠤ ᠬᠦᠴᠦ ᠣᠷᠣᠭᠤᠯᠵᠤ᠂ 93 ᠵᠢᠵᠢᠭ ᠰᠠᠪᠠ ᠭᠠᠵᠠᠷ ᠤᠨ ᠠᠵᠢᠯ ᠡᠬᠢᠯᠡᠭᠦᠯᠦᠨ ᠪᠦᠳᠦᠭᠡᠨ ᠪᠠᠶᠢᠭᠤᠯᠵᠤ᠂ ᠬᠥᠷᠥᠰᠥ ᠰᠢᠷᠣᠶ ᠶᠢᠨ ᠢᠳᠡᠭᠳᠡᠯ ᠢ ᠵᠠᠰᠠᠭᠰᠠᠨ ᠶᠡᠷᠦᠩᠬᠡᠶ ᠲᠠᠯᠠᠪᠠᠢ 1859 ᠲᠡᠭᠰᠢ ᠳᠥᠷᠪᠡᠯᠵᠢᠨ ᠺᠢᠯᠣᠮᠧᠲᠷ ᠲᠤ ᠬᠦᠷᠴᠡᠶ᠃ ᠣᠳᠣᠬᠠᠨ ᠳᠤ᠂ ᠵᠠᠰᠠᠯᠲᠠ ᠶᠢᠨ ᠣᠷᠣᠨ ᠤ ᠤᠷᠭᠤᠮᠠᠯ ᠤᠨ ᠬᠤᠴᠢᠯᠭ᠎ᠠ ᠶᠢᠨ ᠨᠣᠷᠮ᠎ᠠ 15% ᠪᠠᠶᠢᠭᠰᠠᠨ ᠠᠴᠠ ᠪᠠᠨ 60% ᠪᠣᠯᠤᠨ ᠳᠡᠭᠡᠭᠰᠢᠯᠡᠵᠦ᠂ ᠣᠶ ᠰᠢᠭᠤᠶ ᠶᠢᠨ ᠪᠦᠷᠬᠦᠴᠡ ᠶᠢᠨ ᠨᠣᠷᠮ᠎ᠠ 13% ᠪᠠᠶᠢᠭᠰᠠᠨ ᠠᠴᠠ ᠪᠠᠨ 42% ᠪᠣᠯᠤᠨ ᠳᠡᠭᠡᠭᠰᠢᠯᠡᠵᠦ᠂ ᠣᠶ ᠰᠢᠭᠤᠶ ᠢᠭᠴᠤ ᠰᠠᠬᠤᠯᠢᠭ ᠠᠮᠤ ᠪᠤᠳᠠᠭ᠎ᠠ ᠡᠯᠪᠡᠭ ᠳᠡᠯᠪᠡᠭ ᠠᠭᠤᠯᠠ ᠤᠰᠤ ᠦᠵᠡᠰᠬᠦᠯᠡᠩᠲᠦ ᠰᠠᠶᠢᠬᠠᠨ ᠠᠷᠠᠳ ᠲᠦᠮᠡᠨ ᠪᠠᠶᠠᠨ ᠴᠢᠨᠡᠭᠡᠯᠢᠭ ᠰᠢᠨ᠎ᠡ ᠬᠦᠷᠢᠶ᠎ᠡ ᠶᠢᠨ ᠭᠤᠤ ᠲᠥᠮᠡᠨ ᠤᠯᠠᠨ ᠬᠦᠮᠦᠰ ᠤᠨ ᠡᠮᠦᠨ᠎ᠡ ᠳᠡᠯᠭᠡᠭᠳᠡᠭᠰᠡᠨ ᠪᠠᠶᠢᠨ᠎ᠠ᠃ ᠬᠦᠷᠢᠶ᠎ᠡ ᠬᠤᠰᠢᠭᠤ ᠪᠠᠰᠠ ᠤᠷᠢᠳ ᠬᠤᠵᠢᠳ ᠪᠥᠬᠦ ᠤᠯᠤᠰ ᠤᠨ ᠬᠥᠷᠥᠰᠥ ᠰᠢᠷᠣᠶ ᠶᠢ ᠬᠠᠮᠠᠭᠠᠯᠠᠬᠤ ᠠᠮᠢ ᠠᠬᠤᠶ ᠶᠢᠨ ᠣᠷᠴᠢᠨ ᠨᠥᠬᠦᠴᠡᠯ ᠤᠨ ᠪᠥᠲᠥᠭᠡᠨ ᠪᠠᠶᠢᠭᠤᠯᠤᠯᠲᠠ ᠶᠢᠨ ᠵᠢᠱᠢᠶ᠎ᠡ ᠦᠵᠡᠭᠦᠯᠬᠦ ᠰᠢᠶᠠᠨ᠂ ᠪᠥᠬᠦ ᠤᠯᠤᠰ ᠤᠨ ᠣᠶᠢᠵᠢᠭᠤᠯᠵᠤ ᠨᠤᠭᠤᠭᠠᠷᠠᠭᠤᠯᠤᠭᠰᠠᠨ ᠵᠠᠭᠤᠨ ᠰᠢᠯᠢᠳᠡᠭ ᠰᠢᠶᠠᠨ᠂ ᠪᠥᠬᠦ ᠤᠯᠤᠰ ᠤᠨ ᠠᠵᠤ ᠠᠬᠤᠶ ᠶᠢᠨ ᠣᠶ ᠶᠢᠨ ᠪᠥᠲᠥᠭᠡᠨ ᠪᠠᠶᠢᠭᠤᠯᠤᠯᠲᠠ ᠶᠢᠨ ᠲᠡᠷᠢᠭᠦᠨ ᠤ ᠰᠢᠶᠠᠨ ᠵᠡᠷᠭᠡ ᠢᠷᠠᠭᠤ ᠠᠯᠳᠠᠷ ᠤᠨ ᠴᠣᠯᠠ ᠶᠢ ᠭᠥᠷᠳᠡᠭᠰᠡᠨ ᠪᠠᠶᠢᠨ᠎ᠠ᠃
 
ᠢᠷᠡᠯᠲᠡ᠄ ᠰᠠᠭᠤᠭᠳᠠᠯᠲᠤ ᠬᠦᠷᠢᠶ᠎ᠡ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号