ᠪᠠᠭᠠᠳᠤᠷ
ᠨᠡᠶᠢᠲᠡᠯᠡᠭᠰᠡᠨ ᠴᠠᠭ᠄
2023/9/15
    ᠪᠠᠭᠠᠳᠤᠷ ︵1936 —︶᠂ ᠠᠬᠠᠮᠠᠳ ᠤᠷᠠᠯᠢᠭᠴᠢᠨ᠂ ᠠᠨᠳᠠᠢ ᠠᠶᠠᠯᠭᠤ ᠡᠮᠬᠢᠳᠬᠡᠭᠴᠢ᠂ ᠡᠷᠡᠭᠳᠡᠢ᠂ ᠮᠤᠩᠭᠤᠯ ᠦᠨᠳᠦᠰᠦᠳᠠᠨ᠂ 1936 ᠤᠨ ᠳᠤ ᠭᠦᠷᠢᠶ᠎ᠡ ᠬᠤᠰᠢᠭᠤᠨ ᠤ ᠤᠤᠯ ᠤᠨ ᠬᠠᠷᠠᠭᠤᠤ ᠰᠤᠮᠤᠨ ᠤ ᠲᠤᠯᠤᠳᠦ ᠠᠶᠢᠯ ᠤᠨ ᠨᠠᠮᠴᠠᠢ ᠪᠠ ᠯᠢᠩᠬᠸ᠎ᠠ ᠶᠢᠨ ᠭᠦᠦ ᠪᠤᠯᠵᠦ ᠡᠨᠡ ᠬᠤᠷᠸ᠎ᠠ ᠶᠢᠨ ᠨᠢᠬᠡᠨ ᠬᠡᠰᠢᠭᠦᠨ ᠪᠤᠯᠵᠠᠢ᠃ ᠪᠠᠭᠠᠳᠤᠷ ᠤᠨ ᠠᠪᠤ ᠨᠠᠮᠴᠠᠢ ᠬᠡᠭᠴᠢ ︽ᠬᠠᠶᠢᠷ᠎ᠠ ᠨᠢ ᠲᠤᠳᠤᠨ᠎ᠠ ᠬᠠᠯᠠ ᠨᠢ ᠭᠠᠳᠠᠨ᠎ᠠ︾ ᠬᠠᠳᠠᠭᠤ ᠴᠢᠩᠭ᠎ᠠ ᠮᠤᠩᠭᠤᠯ ᠡᠷ᠎ᠡ ᠪᠦᠬᠡᠳ ᠦᠯᠢᠬᠡᠷ ᠲᠤᠮᠤᠭ ᠲᠠᠭᠤᠤ ᠤᠷᠠᠯᠢᠭ ᠲᠤ ᠠᠪᠢᠶᠠᠰ ᠲᠠᠢ ᠭᠦᠮᠦᠨ ᠪᠠᠶᠢᠪᠠ᠃ ᠡᠶᠢᠮᠦ ᠨᠢᠬᠡᠨ ᠠᠵᠢᠯᠴᠢ ᠭᠦᠳᠡᠯᠮᠦᠷᠢᠴᠢ ᠪᠦᠬᠡᠳ ᠬᠠᠳᠠᠭᠤ ᠴᠢᠩᠭ᠎ᠠ ᠰᠤᠷᠭᠠᠯ ᠲᠠᠢ ᠠᠪᠤ ᠶᠢᠨ ᠡᠪᠤᠳᠦᠭ ᠲᠤᠤᠷ᠎ᠠ ᠦᠰᠴᠦ ᠪᠤᠶᠢᠵᠢᠭᠰᠠᠨ ᠪᠠᠭᠠᠳᠤᠷ ᠪᠠᠯᠴᠢᠷ ᠪᠠᠭ᠎ᠠ ᠨᠠᠰᠤᠨ ᠠᠴᠠ ᠪᠠᠨ ᠲᠠᠭᠤᠤ ᠭᠦᠭᠵᠢᠮ ᠳᠤ ᠲᠦᠢᠯ ᠤᠨ ᠲᠤᠷ᠎ᠠ ᠪᠠᠭ᠋ᠠᠳᠠᠢ᠂ ᠠᠩᠬ᠎ᠠ ᠡᠬᠢᠨ  ᠳᠡᠭᠡᠨ ᠰᠤᠬᠠᠢ ᠪᠠᠷ ᠬᠤᠭᠤᠷ ᠵᠤᠬᠢᠶᠠᠴᠢᠬᠠᠭᠠᠳ ᠬᠤᠭᠤᠷᠳᠠᠨ ᠲᠠᠭᠤᠯᠠᠵᠦ᠂ ᠦᠯᠢᠬᠡᠷ ᠴᠦ ᠬᠡᠯᠡᠴᠢᠬᠡᠳᠡᠭ ᠪᠠᠶᠢᠵᠦ ᠪᠢᠯᠡ᠃ ᠢᠩᠬᠢᠵᠦ ᠪᠠᠶᠢᠳᠠᠯ᠎ᠠ᠂ ᠤᠯᠤᠰ ᠦᠨᠳᠦᠰᠦᠳᠠᠨ ᠴᠦ ᠴᠢᠯᠦᠬᠡᠯᠡᠯᠳᠠ ᠪᠠᠨ ᠤᠯᠵᠦ ᠪᠠᠭᠠᠳᠤᠷ ᠮᠠᠨᠢ ᠰᠤᠷᠭᠠᠭᠤᠯᠢ ᠰᠤᠶᠤᠯ ᠤᠨ ᠮᠦᠷ ᠭᠦᠬᠡᠬᠡᠭᠦ ᠪᠤᠯᠵᠦ 1955 ᠤᠨ ᠳᠤ ᠰᠢᠯᠢᠳᠡᠭ ᠬᠢᠷᠢ ᠪᠦᠳᠦᠮᠵᠢ ᠪᠠᠷ ᠵᠢᠷᠢᠮ ᠠᠶᠢᠮᠠᠭ ᠤᠨ ᠪᠠᠭᠰᠢ ᠶᠢᠨ ᠰᠤᠷᠭᠠᠭᠤᠯᠢ ᠠᠴᠠ ᠲᠡᠭᠦᠰᠴᠦ ᠪᠠᠭᠰᠢ ᠪᠤᠯᠬᠤ ᠠᠩᠬᠠᠨ ᠤ ᠪᠤᠱᠤᠭ᠎ᠠ ᠪᠠᠨ ᠠᠯᠬᠤᠵᠦ᠂ ᠭᠦᠷᠢᠶ᠎ᠡ ᠬᠤᠰᠢᠭᠤᠨ ᠤ ᠮᠠᠩᠬᠠᠨ ᠰᠤᠮᠤᠨ ᠤ ᠰᠦᠷᠳᠦ ᠰᠤᠷᠭᠠᠭᠤᠯᠢ ᠳᠤ ᠪᠠᠭᠰᠢᠯᠠᠵᠠᠢ᠃ᠪᠠᠭᠠᠳᠤᠷ ᠬᠡᠳᠦᠶᠢᠪᠡᠷ ᠪᠠᠭᠰᠢᠯᠠᠵᠦ ᠪᠠᠶᠢᠭᠰᠠᠨ ᠴᠦ᠂ ᠤᠳᠬ᠎ᠠ ᠤᠷᠠᠯᠢᠭ ᠲᠠᠭᠠᠨ ᠲᠤᠷ᠎ᠠ ᠪᠠᠭ᠋ᠠᠳᠠᠢ ᠠᠪᠢᠶᠠᠰ ᠲᠠᠢ  ᠠᠴᠠ 1958 ᠤᠨ ᠤ 4 ᠰᠠᠷ᠎ᠠ ᠳᠤ ᠭᠦᠷᠢᠶ᠎ᠡ ᠬᠤᠰᠢᠭᠤᠨ ᠤ ᠰᠤᠶᠤᠯ ᠤᠨ ᠬᠡᠷ ᠲᠤ ᠠᠵᠢᠯ ᠰᠢᠯᠵᠢᠪᠡ᠃ ᠲᠤᠬᠠᠢ  ᠶᠢᠨ ᠦᠶ᠎ᠡ ᠠᠴᠠ ᠡᠬᠢᠯᠡᠵᠦ ᠲᠡᠷᠡ ᠠᠨᠳᠠᠢ ᠶᠢᠨ ᠲᠤᠬᠠᠢ ᠡᠮᠬᠢᠳᠬᠡᠯ ᠬᠢᠬᠦ ᠠᠵᠢᠯ ᠳᠤ ᠤᠷᠤᠯᠴᠠᠪᠠ᠃ 1963 ᠤᠨ  ᠤ 2 ᠰᠠᠷ᠎ᠠ ᠳᠤ ᠲᠡᠷᠡ ᠭᠦᠬᠡᠬᠤᠳᠠ ᠳᠤ ᠲᠤᠮᠢᠯᠠᠭᠳᠠᠨ ︽ᠦᠪᠦᠷ ᠮᠤᠩᠭᠤᠯ ᠤᠨ ᠤᠯᠠᠭᠠᠠᠮᠦ᠋ᠴᠢᠷ ᠤᠨ ᠬᠤᠶᠠᠳᠤᠭᠠᠷ ᠬᠤᠭᠤᠴᠠᠭᠠᠨ ᠤ ᠰᠤᠷᠤᠯᠴᠠᠬᠤ ᠠᠩᠬᠢ︾ ᠳᠤ ᠤᠷᠤᠯᠴᠠᠵᠦ ᠰᠤᠷᠤᠯᠴᠠᠭᠰᠠᠨ ᠪᠠᠶᠢᠨ᠎ᠠ᠃ ᠲᠡᠭᠦᠨ ᠢ ᠭᠦᠷᠢᠶ᠎ᠡ ᠬᠤᠰᠢᠭᠤᠨ ᠳᠠᠭᠠᠨ ᠪᠤᠴᠠᠨ ᠢᠷᠡᠭᠦ ᠳᠤ ᠭᠦᠷᠢᠶ᠎ᠡ ᠬᠤᠰᠢᠭᠤᠨ ᠤ ᠤᠯᠠᠭᠠᠠᠮᠦ᠋ᠴᠢᠷ ᠪᠠᠶᠢᠭᠤᠯᠤᠭᠳᠠᠵᠦ᠂ ᠲᠡᠷᠡ ᠵᠤᠬᠢᠶᠠᠨ ᠪᠦᠳᠦᠬᠡᠭᠦ᠂ ᠤᠳᠤᠷᠢᠳᠤᠭᠠᠴᠢ ᠶᠢᠨ ᠠᠵᠢᠯ ᠢ ᠬᠠᠷᠢᠭᠤᠴᠠᠪᠠ᠃ 1963 ᠤᠨ ᠳᠤ ᠪᠠᠭᠠᠳᠤᠷ ᠭᠤᠸᠠᠢ ᠲᠤᠮᠳᠠᠳᠦ ᠤᠯᠤᠰ ᠤᠨ ᠡᠪ ᠬᠠᠮᠳᠦ ᠨᠠᠮ ᠳᠤ ᠤᠷᠤᠵᠦ᠂ 1964 ᠤᠨ ᠳᠤ ᠭᠦᠷᠢᠶ᠎ᠡ ᠬᠤᠰᠢᠭᠤᠨ ᠤ ᠤᠯᠠᠭᠠᠮᠦ᠋ᠴᠢᠷ ᠤᠨ ᠵᠢᠯᠤᠭᠤᠳᠤᠭᠴᠢ ᠶᠢᠨ ᠠᠵᠢᠯ ᠢ ᠬᠠᠷᠢᠭᠤᠴᠠᠵᠦ᠂ 1980 ᠤᠨ ᠪᠤᠯᠳᠠᠯ᠎ᠠ ᠤᠯᠠᠭᠠᠮᠦ᠋ᠴᠢᠷ ᠤᠨ ᠲᠠᠷᠤᠭ᠎ᠠ ᠶᠢᠨ ᠠᠵᠢᠯ ᠢ ᠬᠢᠵᠦ ᠢᠷᠡᠯ᠎ᠠ᠃ᠪᠠᠭᠠᠳᠤᠷ 1963 —1980 ᠤᠨ ᠪᠤᠯᠳᠠᠯ᠎ᠠ ᠭᠦᠷᠢᠶ᠎ᠡ ᠬᠤᠰᠢᠭᠤᠨ ᠤ ᠤᠯᠠᠭᠠᠠᠮᠦ᠋ᠴᠢᠷ ᠤᠨ ᠬᠠᠷᠢᠭᠤᠴᠠᠯᠭᠠᠳᠠᠨ  ᠢᠶᠠᠷ 18 ᠵᠢᠯ ᠠᠵᠢᠯᠯᠠᠬᠤ ᠳᠠᠭᠠᠨ 1958 ᠤᠨ ᠳᠤ ︽ᠠᠷᠠᠳ ᠤᠨ ᠨᠢᠬᠡᠳᠦᠯ ᠤᠨ ᠠᠷᠪᠠᠨ ᠲᠠᠪᠠᠭᠤᠯᠢᠭ︾ ᠬᠡᠭᠦ ᠠᠨᠳᠠᠢ ᠶᠢ ᠠᠩᠬ᠎ᠠ ᠤᠳᠠᠭ᠎ᠠ ᠠᠶᠢᠮᠠᠭ ᠤᠨ ᠤᠷᠠᠯᠢᠭ ᠤᠨ ᠲᠠᠶᠢᠰᠠᠨ᠎ᠠ ᠭᠠᠷᠭᠠᠵᠦ᠂ ᠰᠢᠨ᠎ᠡ ᠠᠨᠳᠠᠢ ᠶᠢ ᠪᠤᠢ ᠪᠤᠯᠭᠠᠭᠰᠠᠨ ᠭᠠᠪᠢᠶᠠᠳᠦ ᠭᠦᠮᠦᠨ ᠤ ᠨᠢᠬᠡ ᠨᠢ ᠪᠤᠯᠤᠭᠰᠠᠨ ᠶᠤᠮ᠃ 1979 ᠤᠨ ᠳᠤ ᠲᠡᠷᠡ ᠭᠦᠷᠢᠶ᠎ᠡ ᠬᠤᠰᠢᠭᠤᠨ  ᠤ ᠤᠯᠠᠭᠠᠠᠮᠦ᠋ᠴᠢᠷ ᠢ ᠤᠳᠤᠷᠢᠳᠤᠨ ︽ᠠᠨᠳᠠᠢ ᠶᠢᠨ ᠲᠠᠭᠤᠯᠠᠯ︾ ᠪᠦᠵᠢᠭᠳᠦ ᠵᠦᠴᠦᠬᠡ ᠶᠢ ᠵᠤᠬᠢᠶᠠᠨ ᠪᠦᠳᠦᠬᠡᠭᠰᠡᠨ ᠶᠤᠮ᠃ 1980 ᠤᠨ ᠳᠤ ᠪᠠᠭᠠᠳᠤᠷ ︽ᠠᠨᠳᠠᠢ ᠶᠢᠨ ᠲᠤᠮᠤᠭ︾ ᠮᠤᠩᠭᠤᠯ ᠵᠦᠴᠦᠬᠡ ᠶᠢ ᠤᠯᠠᠮ ᠲᠡᠭᠦᠯᠳᠡᠷᠵᠢᠭᠦᠯᠦᠨ ᠪᠠᠳᠤᠳᠬᠠᠬᠤ ᠳᠤ ᠭᠦᠴᠦ ᠲᠠᠯᠪᠢᠭᠰᠠᠨ ᠠᠴᠠ ᠭᠦᠷᠢᠶ᠎ᠡ ᠬᠤᠰᠢᠭᠤᠨ ᠤ ᠤᠯᠠᠭᠠᠮᠦ᠋ᠴᠢᠷ ᠤᠨ ᠲᠤᠭᠯᠠᠭᠰᠠᠨ ᠲᠠᠭᠤᠯᠠᠯᠳᠦ ᠵᠦᠴᠦᠬᠡ ︽ᠠᠨᠳᠠᠢ ᠶᠢᠨ ᠲᠤᠮᠤᠭ︾ ᠨᠢ ᠬᠤᠷᠴᠢᠨ ᠤ ᠮᠤᠩᠭᠤᠯ ᠵᠦᠴᠦᠬᠡ ᠪᠠᠷ ᠦᠨᠡᠯᠡᠭᠳᠡᠭᠰᠡᠨ ᠶᠤᠮ᠃ ᠲᠠᠷᠡ 1980 —1985 ᠤᠨ ᠪᠤᠯᠳᠠᠯ᠎ᠠ ᠭᠦᠷᠢᠶ᠎ᠡ ᠬᠤᠰᠢᠭᠤᠨ ᠤ ᠰᠢᠠᠬᠤᠸᠠ ᠨᠤᠮ ᠤᠨ ᠲᠡᠯᠬᠡᠭᠦᠷ ᠤᠨ ᠲᠠᠷᠤᠭ᠎ᠠ︔ 1985 —1988 ᠤᠨ ᠪᠤᠯᠳᠠᠯ᠎ᠠ ᠭᠦᠷᠢᠶ᠎ᠡ ᠬᠤᠰᠢᠭᠤᠨ ᠤ ᠲᠡᠤᠬᠡᠨ ᠲᠤᠷᠠᠰᠬᠠᠯᠳᠦ ᠵᠦᠢᠯᠡᠰ ᠢ ᠬᠠᠮᠠᠭᠠᠯᠠᠬᠤ ᠭᠠᠵᠠᠷ ᠤᠨ ᠬᠠᠷᠢᠭᠤᠴᠠᠯᠭᠠᠳᠠᠨ ᠢᠶᠠᠷ ᠠᠵᠢᠯᠯᠠᠵᠦ ᠪᠢᠯᠡ᠃ 1988 —1994 ᠤᠨ ᠪᠤᠯᠳᠠᠯ᠎ᠠ ᠭᠦᠷᠢᠶ᠎ᠡ ᠬᠤᠰᠢᠭᠤᠨ ᠤ ᠰᠤᠶᠤᠯ ᠤᠨ ᠲᠤᠪᠴᠢᠶᠠᠨ ᠤ ᠲᠠᠳ᠋ ᠲᠠᠷᠤᠭ᠎ᠠ᠂ ᠲᠤᠪᠴᠢᠶᠠᠨ ᠲᠠᠷᠤᠭ᠎ᠠ ᠶᠢᠨ ᠲᠤᠰᠢᠶᠠᠯ ᠲᠠᠢ ᠪᠠᠶᠢᠪᠠ᠃ 1994 ᠤᠨ ᠤ 11 ᠰᠠᠷ᠎ᠠ ᠳᠤ ᠪᠠᠶᠢᠭᠤᠯᠤᠮᠵᠢ ᠶᠢᠨ ᠦᠬᠡᠷᠡᠴᠢᠯᠠᠯᠳᠠ ᠪᠠᠷ ᠰᠤᠶᠤᠯ  ᠤᠨ ᠲᠤᠪᠴᠢᠶ᠎ᠠ ᠶᠢ ᠬᠠᠰᠤᠵᠦ ᠬᠠᠶᠠᠬᠤ ᠶᠢ ᠲᠠᠭᠠᠯᠳᠤᠨ᠂ ᠲᠡᠷᠡ ᠬᠤᠰᠢᠭᠤᠨ ᠤ ᠨᠠᠮ ᠤᠨ ᠬᠤᠷᠢᠶ᠎ᠠ ᠶᠢᠨ ᠤᠬᠠᠭᠤᠯᠬᠤ ᠬᠡᠯᠳᠡᠰ ᠲᠤ ᠰᠢᠯᠵᠢᠨ ᠤᠴᠢᠵᠦ ᠲᠡᠨᠳᠠ ᠠᠴᠠ ᠠᠵᠢᠯ ᠤᠨ ᠠᠮᠠᠷᠠᠯᠳᠠ ᠪᠠᠨ ᠠᠪᠤᠭᠰᠠᠨ ᠶᠤᠮ᠃ ᠲᠡᠷᠡ ᠠᠵᠢᠯ ᠠᠯᠪᠠ ᠶᠢᠨ ᠴᠢᠯᠦᠬᠡ ᠴᠠᠭ ᠪᠤᠶᠦ ᠠᠰᠢᠭᠳᠠᠢ ᠨᠦᠭᠦᠴᠡᠯ ᠢᠶᠠᠨ ᠠᠰᠢᠭᠯᠠᠵᠦ ᠠᠨᠳᠠᠢ ᠪᠠ ᠠᠷᠠᠳ ᠤᠨ ᠲᠠᠭᠤᠤ  ᠶᠢ ᠤᠯᠠᠨ ᠡᠮᠬᠢᠳᠬᠡᠵᠦ ᠴᠤᠭᠠᠯᠠᠭᠤᠯᠵᠠᠢ᠃ ᠬᠡᠪᠡᠴᠦ ᠲᠡᠬᠡᠷ᠎ᠡ ᠵᠠᠭᠤᠨ ᠤ ᠵᠢᠷᠠᠭᠠᠳ ᠤᠨ ᠤ ᠤᠷᠤᠭ᠎ᠠ ᠪᠤᠰᠬᠠᠭ᠎ᠠ ᠡᠳᠦᠷ ᠲᠤ ᠪᠦᠷ ᠦᠨᠡᠰᠦ ᠪᠤᠯᠤᠭᠰᠠᠨ ᠨᠢ ᠬᠠᠷᠠᠮᠰᠠᠯᠳᠠᠢ᠃ 1984 ᠤᠨ ᠳᠤ ᠲᠡᠷᠡ ᠴᠢᠬᠡᠴᠢ᠂ ᠲᠡᠵᠢᠳ ᠲᠠᠢ ᠬᠠᠮᠳᠤᠷᠠᠵᠦ ᠠᠨᠳᠠᠢ ᠶᠢᠨ ᠲᠤᠬᠠᠢ ᠠᠩᠬᠠᠨ ᠤ ᠬᠡᠪᠯᠡᠯ ︽ᠠᠨᠳᠠᠢ︾ ᠶᠢ ᠬᠡᠪᠯᠡᠨ ᠲᠠᠷᠬᠠᠭᠠᠵᠦ ᠪᠢᠯᠡ᠃ᠪᠠᠭᠠᠳᠤᠷ ᠭᠦᠷᠢᠶ᠎ᠡ ᠬᠤᠰᠢᠭᠤᠨ ᠤ ᠤᠯᠠᠭᠠᠮᠦ᠋ᠴᠢᠷ ᠢ ᠤᠳᠤᠷᠢᠳᠴᠦ ᠪᠠᠶᠢᠬᠤ ᠬᠤᠭᠤᠴᠠᠭᠠᠨ ᠳᠠᠭᠠᠨ ᠢᠵᠠᠭᠤᠷ ᠠᠨᠳᠠᠢ ᠳᠠᠬᠢ ᠠᠨᠳᠠᠶᠢᠳᠤᠭᠰᠠᠨ ᠡᠮᠡᠭᠳᠡᠢ ᠶᠢᠨ ᠦᠰᠦ ᠪᠠᠨ ᠰᠤᠯᠠ ᠲᠠᠯᠪᠢᠨ ᠬᠡᠬᠢᠯᠵᠡᠵᠦ ᠰᠠᠪᠠᠭ᠋ᠤ ᠦᠨᠳᠦᠰᠦᠨ ᠭᠦᠳᠡᠯᠬᠡᠬᠡᠨ ᠢ ᠰᠢᠨ᠎ᠡ ᠠᠨᠳᠠᠢ ᠳᠤ ᠰᠢᠨᠠᠴᠢᠯᠠᠨ ᠤᠯᠠᠮᠵᠢᠯᠠᠵᠦ᠂ ᠪᠦᠬᠡ ᠶᠢᠨ ᠲᠠᠯ᠎ᠠ ᠬᠡᠩᠬᠡᠷᠬᠡ ᠲᠡᠯᠡᠳᠦᠨ ᠪᠦᠵᠢᠭᠯᠡᠭᠦ ᠦᠨᠳᠦᠰᠤᠨ ᠭᠦᠳᠡᠯᠬᠡᠬᠡᠨ ᠢ ᠮᠦᠨ ᠲᠠᠶᠢᠰᠠᠨ ᠤ ᠤᠷᠠᠯᠢᠭ ᠲᠤ ᠰᠢᠨᠡᠴᠢᠯᠡᠨ ᠵᠠᠯᠭᠠᠮᠵᠢᠯᠠᠵᠦ ᠬᠡᠷᠡᠭᠯᠡᠪᠡ᠃ ᠲᠡᠷᠡ ᠪᠠᠰᠠ ᠠᠨᠳᠠᠢ ᠤᠷᠠᠯᠢᠭ ᠢ ᠦᠢᠯᠡ ᠶᠠᠪᠤᠳᠠᠯ ᠲᠠᠢ᠂ ᠦᠯᠢᠬᠡᠷ ᠤᠨ ᠶᠠᠪᠤᠴᠠ ᠲᠠᠢ ᠵᠦᠴᠦᠬᠡ ᠪᠤᠯᠭᠠᠬᠤ ᠶᠢ ᠡᠷᠢᠨ ᠰᠦᠪᠡᠭᠴᠢᠯᠡᠵᠦ ᠦᠢᠯᠡᠳᠦᠯᠬᠡᠵᠢᠭᠦᠯᠦᠭᠰᠡᠨ ᠪᠠᠶᠢᠨ᠎ᠠ᠃ ᠲᠡᠷᠡ ᠪᠦᠵᠢᠭ ᠤᠨ ᠪᠠᠭᠠᠵᠢ ᠬᠡᠷᠡᠭᠰᠡᠯ ᠳᠤ ᠮᠤᠩᠭᠤᠯ ᠦᠨᠳᠦᠰᠦᠳᠠᠨ ᠤ ᠵᠠᠩ ᠦᠢᠯᠡ ᠶᠢ ᠰᠢᠩᠬᠡᠬᠡᠭᠦ ᠶᠢ ᠪᠠᠷᠢᠮᠳᠠᠯᠠᠵᠦ᠂ ᠲᠠᠶᠢᠰᠠᠨ ᠭᠦᠰᠢᠬᠡ ᠶᠢᠨ ᠲᠦᠪ ᠲᠤ ᠦᠯᠵᠠᠢ ᠵᠠᠩᠬᠢᠶ᠎ᠡ ᠡᠯᠭᠦᠭᠦ ᠶᠢ ᠰᠡᠳᠦᠵᠦ ᠭᠦᠢᠴᠡᠳᠬᠡᠭᠰᠡᠨ ᠶᠤᠮ᠃ ᠲᠡᠷᠡ ᠢᠵᠡᠭᠤᠷ ᠠᠨᠳᠠᠢ ᠶᠢᠨ ᠴᠦᠬᠡᠨ ᠬᠡᠳᠦᠨ ᠭᠦᠳᠡᠯᠬᠡᠬᠡᠨ ᠢ ᠤᠯᠠᠮ ᠢᠶᠠᠷ ᠪᠠᠶᠠᠯᠢᠭᠵᠢᠭᠤᠯᠵᠦ᠂ ᠠᠨᠳᠠᠢ ᠶᠢᠨ ᠠᠶ᠎ᠠ ᠪᠠ ᠭᠦᠳᠡᠯᠬᠡᠬᠡᠨ ᠢ ᠪᠦᠵᠢᠭ ᠲᠠᠭᠤᠤ ᠶᠢᠨ ᠰᠡᠳᠬᠢᠯᠬᠡ ᠲᠠᠢ ᠨᠢᠭᠳᠠ ᠤᠶᠠᠯᠳᠤᠭᠤᠯᠬᠤ ᠶᠢ ᠠᠩᠬᠠᠷᠤᠯ ᠳᠠᠭᠠᠨ ᠠᠪᠴᠦ ᠠᠨᠳᠠᠢ ᠶᠢᠨ ᠲᠠᠭᠤᠤ᠂ ᠪᠦᠵᠢᠭ᠂ ᠠᠶ᠎ᠠ  ᠶᠢᠨ ᠭᠤᠷᠮᠤᠰᠤᠨ ᠴᠤᠭᠴᠠ ᠶᠢᠨ ᠤᠯᠠᠮᠵᠢᠯᠠᠯ ᠢ ᠵᠠᠯᠭᠠᠮᠵᠢᠯᠠᠭᠰᠠᠨ ᠤᠷᠠᠯᠢᠭ ᠤᠨ ᠲᠤᠰᠬᠠᠢ ᠮᠡᠷᠬᠡᠵᠢᠯ ᠢ ᠡᠮᠬᠢᠳᠬᠡᠨ ᠰᠢᠨᠡᠴᠢᠯᠡᠭᠰᠡᠨ ᠶᠤᠮ᠃
 
ᠢᠷᠡᠯᠲᠡ᠄ ᠭᠦᠷᠢᠶ᠎ᠡ ᠲᠡᠤᠬᠡ ᠰᠤᠶᠤᠯ ᠰᠤᠳᠤᠯᠤᠯ ᠤᠨ ᠴᠤᠪᠤᠷᠠᠯ ᠪᠴᠢᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号