ᠬᠡᠭᠦᠦ ᠶᠢᠨ ᠰᠦᠨ ᠢᠨᠦ ᠴᠠᠭᠠᠨ ᠢᠳᠡᠬᠡᠨ ᠤ ᠤᠬᠢ ᠮᠠᠩᠯᠠᠢ ᠶᠢᠨ ᠨᠢᠬᠡᠨ ᠠᠵᠤᠭᠤ᠃ ᠬᠡᠭᠦᠦ ᠶᠢᠨ ᠰᠦᠨ ᠢ | ᠪᠠᠰᠠ ᠴᠡᠭᠡ ᠬᠡᠮᠡᠮᠤᠢ᠃ ᠮᠤᠩᠭᠤᠯ ᠤᠨ ︽ᠨᠠᠢᠮᠠᠨ ᠠᠮᠳᠠᠳᠠᠨ︾ ᠤ ᠲᠤᠳᠤᠷᠠᠬᠢ ︽ᠴᠠᠭᠠᠨ ᠬᠠᠰ ᠤᠨ ᠡᠬᠡᠳᠡᠩ︾ | ᠬᠡᠮᠡᠭᠴᠢ ᠲᠠᠷᠤᠢ ᠬᠡᠭᠦᠦ ᠶᠢᠨ ᠰᠦᠨ ᠢ ᠬᠡᠯᠡᠭᠰᠡᠨ ᠪᠤᠯᠠᠢ᠃ ᠡᠷᠳᠡᠨ ᠠᠴᠠ ᠮᠠᠨ ᠤ ᠮᠤᠩᠭᠤᠯᠴᠤᠳ ᠴᠡᠭᠡ ᠶᠢ | ᠬᠠᠭᠠᠳ ᠨᠤᠶᠠᠳ ᠤᠨ ᠭᠦᠨᠳᠦᠳᠦ ᠲᠠᠶᠢᠯᠠᠯᠭ᠎ᠠ᠂ ᠠᠯᠤᠰ ᠬᠤᠯᠠ ᠶᠢᠨ ᠠᠶᠠᠨ ᠲᠠᠶᠢᠨ᠂ ᠤᠷᠤᠭ ᠬᠤᠷᠢᠮ ᠪᠠᠶᠠᠷ | ᠨᠠᠶᠢᠷ᠂ ᠠᠭᠤᠯᠠ ᠤᠰᠤ ᠤᠩᠭᠤᠨ ᠰᠦᠯᠳᠠ ᠶᠢᠨ ᠲᠠᠬᠢᠯᠭ᠎ᠠ᠂ ᠵᠡᠷᠬᠡ ᠬᠡᠷᠬᠢᠮ ᠬᠤᠪᠢᠯᠭᠠᠨ ᠬᠤᠳᠤᠭᠳᠠᠨ | ᠵᠠᠯᠭᠠᠮᠵᠢᠯᠠᠬᠤ ᠨᠠᠶᠢᠷ᠂ ᠨᠤᠮ ᠤᠨ ᠮᠢᠨᠳᠠᠭ ᠤᠯᠭᠤᠬᠤ ᠶᠤᠰᠤᠯᠠᠯ ᠬᠢᠬᠡᠳ ᠪᠡᠶ᠎ᠡ ᠰᠤᠪᠢᠯᠠᠬᠤ ᠳᠤᠷ ᠴᠦᠮ ᠴᠡᠭᠡ ᠶᠢᠨ | ᠰᠦᠩ ᠮᠡᠯᠮᠡᠯᠵᠠᠭᠦᠯᠵᠦ᠂ ᠬᠡᠮ ᠴᠡᠯᠬᠢᠭᠤᠯᠤᠤᠨ᠂ ᠴᠤᠭᠤᠷ ᠠᠶᠠᠯᠭᠤᠯᠠᠨ᠂ ᠲᠠᠭᠤᠤ ᠲᠠᠭᠤᠯᠠᠵᠦ᠂ ᠨᠠᠶᠢᠷ ᠤᠨ | ᠲᠡᠬᠡᠵᠢ᠂ ᠵᠤᠭᠤᠭ ᠤᠨ ᠬᠠᠨᠢ ᠪᠤᠯᠭᠠᠳᠠᠭ ᠠᠵᠠᠢ᠃ ᠬᠡᠭᠦᠦ ᠶᠢᠨ ᠰᠦᠨ ᠢᠶᠠᠷ ᠭᠤᠤᠯᠳᠠᠭᠤ ᠴᠡᠭᠡ ᠢᠰᠬᠡᠵᠦ | ᠠᠷᠢᠬᠢ ᠨᠡᠷᠡᠮᠤᠢ᠃ | ᠬᠡᠭᠦᠦ ᠶᠢᠨ ᠰᠦᠨ ᠪᠤᠯ ᠰᠢᠮ᠎ᠡ ᠲᠡᠵᠢᠬᠡᠯ ᠢᠶᠠᠷ ᠡᠯᠪᠡᠭ᠂ ᠬᠠᠯᠠᠭᠤᠨ ᠴᠢᠨᠠᠷᠳᠠᠢ ᠪᠦᠬᠡᠳ ᠢᠰᠭᠦᠯᠡᠩ | ᠲᠠᠪᠤᠰᠤᠯᠢᠭ ᠠᠮᠳᠠᠳᠠᠢ ᠪᠠᠶᠢᠳᠠᠭ ᠠᠵᠠᠢ᠃ ᠬᠡᠭᠦᠦ ᠶᠢᠨ ᠰᠦᠨ ᠰᠢᠷ᠎ᠠ ᠡᠪᠡᠳᠴᠢᠨ ᠢ ᠵᠠᠰᠠᠵᠦ᠂ ᠬᠤᠳᠤᠭᠤᠳᠤᠨ | ᠰᠢᠩᠬᠡᠬᠡᠯᠳᠠ ᠶᠢ ᠰᠠᠶᠢᠵᠢᠷᠠᠭᠤᠯᠤᠨ᠂ ᠪᠡᠶ᠎ᠡ ᠮᠠᠬᠠᠪᠤᠳ ᠢ ᠴᠢᠬᠢᠷᠠᠭᠵᠢᠭᠤᠯᠤᠨ᠂ ᠲᠠᠮᠢᠷ ᠲᠡᠩᠬᠡ ᠶᠢ ᠨᠡᠮᠡᠭᠳᠡᠭᠦᠯᠭᠦ | ᠠᠴᠠ ᠭᠠᠳᠠᠨ᠎ᠠ᠂ ᠰᠦᠷᠢᠶ᠎ᠡ ᠡᠪᠡᠳᠴᠢᠨ ᠢ ᠵᠠᠰᠠᠵᠦ᠂ ᠠᠭᠤᠰᠬᠢ ᠶᠢ ᠰᠡᠯᠪᠢᠵᠦ᠂ ᠦᠶ᠎ᠡ ᠬᠡᠰᠢᠭᠦᠨ ᠤ ᠬᠡᠢ ᠶᠢ | ᠲᠠᠷᠤᠮᠤᠢ᠃ | ᠮᠠᠨᠡᠶᠢᠬᠢᠨ ᠬᠡᠭᠦᠦ ᠶᠢ ᠡᠷᠳᠡ ᠲᠡᠬᠡᠷ᠎ᠡ ᠦᠶ᠎ᠡ ᠠᠴᠠ ᠰᠠᠭᠠᠳᠠᠭ ᠠᠵᠠᠢ᠃ ︽ᠨᠢᠭᠤᠴᠠ ᠲᠤᠪᠴᠢᠶᠠᠨ︾ ᠳᠤᠷ | ︽ᠲᠠᠮᠤᠵᠢᠨ ᠨᠠᠢᠮᠠᠨ ᠰᠢᠷᠭ᠎ᠠ ᠠᠭᠳᠠ ᠪᠠᠨ ᠡᠷᠢᠷᠠ ᠶᠠᠪᠤᠵᠦ ᠠᠳᠠᠯ᠎ᠠ ᠨᠠᠬᠤ ᠪᠠᠶᠠᠨ ᠤ ᠭᠦᠪᠡᠭᠦᠨ ᠪᠤᠭᠤᠷᠴᠢ ᠤᠯᠠᠨ | ᠠᠳᠤᠭᠤᠨ ᠤ ᠲᠡᠷᠬᠡᠳᠠ ᠬᠡᠭᠦᠦ ᠰᠠᠭᠠᠵᠦ ᠪᠠᠶᠢᠯᠤᠭ᠎ᠠ︾ ᠬᠡᠮᠡᠨ ᠲᠡᠮᠳᠡᠭᠯᠡᠵᠦ ᠪᠤᠢ᠃ ︽ᠮᠠᠷᠺᠦ ᠫᠤᠯᠤ ᠶᠢᠨ | ᠵᠢᠭᠤᠯᠴᠢᠯᠠᠯ ᠤᠨ ᠲᠡᠮᠳᠡᠭᠯᠡᠯ︾ ᠳᠤᠷ ᠬᠤᠪᠢᠯᠠᠢ ᠰᠠᠴᠡᠨ ᠤ ᠵᠤᠰᠠᠯᠠᠩ ᠤᠨ ᠤᠷᠳᠤᠨ ᠱᠠᠩᠳᠦ ᠶᠢᠨ ᠬᠠᠪᠢ ᠳᠤᠷ | ᠲᠤᠰᠬᠠᠶᠢᠯᠠᠨ ᠬᠠᠭᠠᠨ ᠢᠵᠠᠭᠤᠷᠳᠠᠨ ᠤ ᠤᠤᠭᠤᠬᠤ ᠴᠡᠭᠡ ᠶᠢ ᠬᠠᠩᠭᠠᠬᠤ ︽ᠦᠴᠦᠬᠡᠨ ᠴᠦ ᠦᠩᠬᠡ ᠬᠤᠯᠢᠴᠠᠭᠠ | ᠦᠬᠡᠢ᠂ ᠡᠬᠡᠬᠡ ᠨᠢᠬᠡᠯᠡ ᠵᠢᠰᠤᠮ ᠤᠨ ᠴᠤᠯ ᠴᠠᠭᠠᠨ ᠲᠤᠮᠤ ᠰᠦᠷᠦᠭ ᠠᠳᠤᠭᠤ ᠲᠠᠢ ᠁ ᠵᠦᠪᠬᠡᠨ ᠬᠡᠭᠦᠦ ᠨᠢ | ᠲᠦᠮᠡ ᠭᠠᠷᠤᠢ ᠪᠠᠶᠢᠳᠠᠭ︾ ᠬᠡᠮᠡᠨ ᠲᠡᠮᠳᠡᠭᠯᠡᠭᠰᠡᠨ ᠪᠤᠯᠠᠢ᠃ ᠬᠡᠭᠦᠦ ᠰᠠᠭᠠᠬᠤᠢ᠂ ᠴᠡᠭᠡ ᠨᠡᠷᠡᠭᠦᠢ ᠦᠶ᠎ᠡ ᠶᠢᠨ | ᠵᠤᠰᠠᠯᠠᠩ ᠨᠠᠮᠤᠷᠵᠢᠶ᠎ᠠ ᠶᠢ ᠠᠨᠤ ᠬᠡᠭᠦᠦ ᠤᠨᠠᠭ᠎ᠠ ᠳᠤᠷ ᠤᠰᠤ ᠪᠡᠯᠴᠢᠬᠡᠷ ᠬᠠᠩᠭᠠᠮᠵᠢᠳᠠᠢ᠂ ᠴᠡᠭᠡ ᠪᠤᠯᠪᠠᠰᠤᠷᠠᠭᠤᠯᠬᠤᠢ | ᠳᠤᠷ ᠠᠭᠤᠷ ᠠᠮᠢᠰᠬᠤᠯ ᠤᠨ ᠲᠡᠩᠴᠡᠭᠦᠷᠢᠳᠠᠢ ᠶᠢ ᠡᠷᠬᠢᠮᠨᠡᠵᠦ᠂ ᠭᠤᠤᠯ ᠭᠤᠷᠤᠬ᠎ᠠ ᠶᠢᠨ ᠨᠤᠭᠤᠭᠠᠨ ᠵᠦᠯᠬᠡ᠂ | ᠬᠠᠷᠠᠵᠠ ᠪᠤᠯᠠᠭ ᠤᠨ ᠰᠡᠷᠢᠭᠦᠨ ᠲᠡᠨᠵᠢ ᠲᠡᠬᠡᠷ᠎ᠡ ᠲᠤᠬᠢᠷᠠᠭᠤᠯᠵᠦ᠂ ᠰᠠᠭᠠᠯᠢᠴᠢᠳ ᠤᠷᠤᠰᠬᠠᠯ ᠤᠨ ᠲᠤᠤᠷ᠎ᠠ ᠪᠡᠶ᠎ᠡ ᠪᠠᠨ | ᠤᠬᠢᠶᠠᠨ ᠴᠡᠪᠡᠷᠯᠡᠭᠦᠢ ᠳᠤᠷ ᠲᠦᠭᠦᠮ ᠨᠦᠭᠦᠴᠡᠯ ᠢ ᠪᠦᠷᠢᠯᠳᠦᠭᠦᠯᠳᠡᠭ ᠪᠤᠯᠠᠢ᠃ ᠬᠡᠭᠦᠦ ᠰᠠᠭᠠᠬᠤᠢ ᠶᠢ ᠪᠠᠰᠠ | ᠤᠨᠠᠭ᠎ᠠ ᠵᠡᠯᠡᠯᠡᠭᠦ ᠬᠡᠮᠡᠨ ᠬᠡᠯᠡᠳᠡᠭ᠃ ᠬᠡᠭᠦᠦ ᠰᠠᠭᠠᠬᠤᠢ ᠪᠠᠷ ᠤᠨᠠᠭ᠎ᠠ ᠲᠠᠢ ᠬᠡᠭᠦᠦ ᠬᠤᠴᠤᠷᠭᠠᠬᠤ ᠶᠢ ᠠᠨᠤ ᠬᠡᠭᠦᠦ | ᠪᠠᠷᠢᠬᠤ ᠬᠡᠮᠡᠮᠤᠢ᠃ ᠬᠤᠴᠤᠷᠭᠠᠭᠰᠠᠨ ᠬᠡᠭᠦᠦ ᠪᠠᠨ ᠠᠳᠤᠭᠤᠨ ᠳᠤᠷ ᠪᠤᠴᠠᠭᠠᠬᠤᠢ ᠶᠢ ᠬᠡᠭᠦᠦ ᠲᠠᠯᠪᠢᠬᠤ ᠬᠡᠮᠡᠮᠤᠢ᠃ | ᠬᠡᠭᠦᠦ ᠶᠢ ᠨᠢᠬᠡᠨ ᠵᠢᠯ ᠳᠤᠷ ᠵᠤᠨ᠂ ᠨᠠᠮᠤᠷ ᠬᠤᠶᠠᠷ ᠬᠤᠭᠤᠴᠠᠭ᠎ᠠ ᠬᠤᠪᠢᠶᠠᠨ ᠰᠠᠭᠠᠮᠤᠢ᠃ ᠵᠤᠨ ᠨᠠᠮᠤᠷ ᠬᠡᠭᠦᠦ ᠪᠠᠨ | ᠰᠠᠭᠠᠵᠦ ᠡᠬᠢᠯᠡᠭᠦᠢ ᠳᠡᠭᠡᠨ ᠮᠠᠨᠠᠶᠢᠬᠢᠨ ᠴᠦᠮ ︽ᠴᠡᠭᠡ ᠶᠢᠨ ᠨᠠᠶᠢᠷ︾ ᠪᠤᠶᠦ ︽ᠤᠨᠠᠭᠠᠨ ᠪᠠᠶᠠᠷ︾ ᠬᠡᠮᠡᠨ ᠬᠤᠶᠠᠷ | ᠤᠳᠠᠭ᠎ᠠ ᠨᠠᠶᠢᠷ ᠬᠢᠳᠡᠭ ᠪᠦᠯᠦᠬᠡ᠃ ᠨᠠᠶᠢᠷ ᠲᠠᠭᠠᠨ ᠬᠡᠭᠦᠦ ᠪᠦᠷᠢ ᠠᠴᠠ ᠲᠡᠬᠡᠵᠢ ᠬᠡᠮᠡᠨ ᠰᠠᠶ᠋ᠢᠬᠠᠨ ᠰᠠᠭᠠᠭᠰᠠᠨ | ᠰᠦᠨ ᠠᠴᠠ ᠢᠨᠦ ᠬᠡᠳᠦᠨ ᠲᠤᠰᠤᠯ ᠠᠪᠴᠦ᠂ ᠤᠩᠭᠤᠨ ᠰᠢᠳᠦᠬᠡᠨ᠂ ᠤᠷᠢᠳᠤᠰ ᠲᠡᠬᠡᠳᠦᠰ ᠠᠷᠪᠠᠨ ᠵᠦᠭ ᠲᠤᠷ | ᠰᠠᠴᠤᠯᠢ ᠡᠷᠭᠦᠵᠦ ᠦᠯᠡᠳᠡᠭᠰᠡᠨ ᠢ ᠢᠨᠦ ᠨᠠᠶᠢᠷ ᠤᠨ ᠰᠦᠩ ᠳᠤᠷ ᠲᠤᠰᠤᠭᠠᠨ ᠤᠨᠠᠭ᠎ᠠ ᠬᠡᠭᠦᠦ ᠪᠠᠨ ᠰᠢᠪᠰᠢᠨ | ᠮᠢᠯᠢᠶᠡᠵᠦ ᠨᠠᠶᠢᠷ ᠬᠢᠳᠡᠭ ᠪᠦᠬᠡᠳ ᠰᠦᠷᠦᠭ ᠵᠤᠵᠠᠭᠠᠨ ᠶᠡᠭᠡ ᠨᠠᠶᠢᠷ ᠲᠤᠷ ︽ᠡᠷ᠎ᠡ ᠶᠢᠨ ᠭᠤᠷᠪᠠᠨ ᠨᠠᠭᠠᠳᠤᠮ︾ | ᠲᠠᠢ ᠪᠤᠯᠠᠢ᠃ | ᠬᠡᠭᠦᠦ ᠠᠴᠠ ᠨᠢᠬᠡᠨ ᠤᠳᠠᠭ᠎ᠠ ᠭᠠᠷᠬᠤ ᠰᠦᠨ ᠢ ᠰᠠᠭᠠᠮ᠎ᠠ ᠬᠡᠮᠡᠮᠤᠢ᠃ ᠬᠡᠭᠦᠦ ᠶᠢ ᠰᠠᠭᠠᠬᠤᠢ ᠳᠠᠭᠠᠨ ᠨᠢᠬᠡ ᠳᠤᠷ | ᠡᠬᠡ ᠤᠨᠠᠭ᠎ᠠ ᠬᠤᠶᠠᠷ ᠤᠨ ᠬᠠᠯᠠᠭᠤᠳᠠᠵᠦ ᠵᠢᠯ ᠤᠨ ᠤᠨᠳᠤᠷᠤᠯᠳᠠ ᠶᠢ ᠨᠦᠯᠤᠬᠡᠯᠡᠭᠦᠢ ᠶᠢ ᠬᠢᠴᠢᠶᠡᠵᠦ᠂ ᠨᠦᠭᠦᠬᠡ | ᠳᠤᠷ ᠰᠠᠭᠠᠬᠤᠢ ᠴᠠᠭ ᠠᠨᠤ ᠬᠡᠳᠦᠷᠬᠡᠢ ᠤᠷᠳᠤᠳᠠᠭᠠᠳ ᠤᠨᠠᠭ᠎ᠠ ᠠᠨᠤ ᠭᠦᠷᠦᠪᠰᠢᠵᠦ ᠲᠡᠶᠢᠯᠭᠦ ᠦᠬᠡᠢ ᠪᠤᠯᠬᠤᠢ ᠠᠴᠠ | ᠵᠠᠶᠢᠯᠠᠰᠬᠢᠮᠤᠢ᠃ ᠡᠶᠢᠨ ᠭᠦ ᠬᠡᠭᠦᠦ ᠶᠢ ᠰᠠᠭᠠᠬᠤᠢ ᠬᠤᠭᠤᠴᠠᠭ᠎ᠠ ᠶᠢ ᠠᠨᠤ ᠦᠬᠡᠷ᠂ ᠲᠡᠮᠡᠭᠡ ᠯᠦᠭᠡ ᠬᠠᠷᠢᠴᠠᠭᠤᠯᠪᠠᠰᠦ | ᠴᠠᠭ ᠠᠨᠤ ᠪᠤᠭᠤᠨᠢ ᠪᠤᠯᠠᠢ᠃ ᠲᠡᠶᠢᠮᠦ ᠶᠢᠨ ᠲᠤᠯᠠ ᠪᠤᠭᠤᠳᠠᠢ ᠪᠤᠯᠪᠠᠰᠤᠷᠠᠬᠤᠢ ᠠᠴᠠ ᠡᠬᠢᠯᠡᠨ ᠭᠦᠢᠳᠡᠨ ᠰᠢᠭᠦᠳᠡᠷᠢ | ᠪᠠᠭᠤᠬᠤ ᠪᠤᠯᠳᠠᠯ᠎ᠠ ᠬᠤᠶᠠᠳᠡᠬᠢ ᠬᠤᠭᠤᠴᠠᠭ᠎ᠠ ᠪᠤᠯᠭᠠᠳᠠᠭ ᠪᠤᠯᠠᠢ᠃ ᠵᠢᠴᠢ ᠠᠭᠤᠷ ᠠᠮᠢᠰᠬᠤᠯ ᠰᠡᠪᠡᠷᠡᠭᠦᠨ ᠪᠠᠶᠢᠪᠠᠰᠦ | ᠤᠨᠠᠭ᠎ᠠ ᠪᠠᠨ ᠬᠠᠷᠠᠵᠠ ᠨᠠᠭᠤᠷ ᠤᠶᠢᠷᠠᠯᠴᠠᠭ᠎ᠠ ᠴᠢᠬᠢᠭᠯᠢᠭ ᠭᠠᠵᠠᠷ ᠵᠠᠯᠠᠯᠠᠨ᠂ ᠬᠤᠷ᠎ᠠ ᠪᠤᠷᠤᠭᠠᠨ ᠡᠯᠪᠡᠭ ᠴᠠᠭ ᠲᠤᠷ | ᠲᠡᠨᠵᠢ ᠦᠪᠦᠷᠡᠭᠦᠨ ᠭᠠᠵᠠᠷ ᠵᠡᠯᠡᠯᠡᠵᠦ ᠦᠳᠠ ᠶᠢᠨ ᠬᠠᠯᠠᠭᠤᠨ᠎ᠠ ᠮᠤᠳᠤᠨ ᠰᠡᠭᠦᠳᠡᠷ ᠲᠤᠷ ᠪᠤᠶᠦ ᠰᠡᠷᠢᠭᠦᠨ | ᠰᠠᠷᠠᠪᠴᠢᠨ ᠳᠤᠷ ᠪᠠᠶᠢᠯᠭᠠᠮᠤᠢ᠃ ᠤᠨᠴᠠ ᠬᠠᠯᠠᠭᠤᠨ ᠬᠢᠬᠡᠳ ᠪᠤᠷᠤᠭᠠᠨ ᠪᠦᠷᠭᠦᠭ ᠲᠤᠷ ᠵᠠᠯᠠᠯᠠᠭᠦ ᠦᠬᠡᠢ ᠪᠤᠯᠪᠠᠰᠤ | ᠵᠤᠬᠢᠮᠤᠢ᠃ | ᠬᠡᠭᠦᠦ ᠶᠢ ᠡᠳᠦᠷ ᠲᠤᠷ 4 —6 ᠤᠳᠠᠭ᠎ᠠ ᠪᠤᠶᠦ ᠨᠠᠢᠮᠠᠨ ︵ᠬᠠᠯᠬ᠎ᠠ᠂ ᠰᠦᠨᠢᠳ᠂ ᠤᠷᠢᠶᠠᠩᠬᠠᠢ︶ ᠤᠳᠠᠭ᠎ᠠ | ᠰᠠᠭᠠᠳᠠᠭ ᠴᠦ ᠪᠤᠢ᠃ ᠬᠡᠭᠦᠦ ᠶᠢᠨ ᠰᠦ ᠪᠠᠨ ᠰᠠᠭᠠᠮᠠᠭᠴᠠ ᠰᠦᠷᠦᠭ ᠤᠨ ᠵᠤᠵᠠᠭᠠᠨ ᠨᠢᠮᠬᠡᠨ ᠢ ᠢᠨᠦ | ᠦᠨᠳᠦᠰᠦᠯᠡᠵᠦ ᠬᠡᠳᠦᠨ ᠵᠠᠭᠤᠨ ᠵᠢᠩ ᠪᠠᠭᠳᠠᠬᠤ ᠲᠤᠮᠤ ᠮᠤᠳᠤᠨ ᠲᠤᠷᠬ᠎ᠠ ᠪᠤᠶᠦ ᠬᠡᠳᠦᠨ ᠠᠷᠪᠠᠨ ᠵᠢᠩ ᠪᠠᠭᠳᠠᠬᠤ | ᠪᠤᠳᠤᠩ ᠳᠤᠷ ᠬᠢᠵᠦ ᠢᠰᠬᠡᠳᠡᠭ ᠠᠵᠤᠭᠤ᠃ ᠰᠠᠭᠠᠮᠠᠭᠠᠢ ᠬᠡᠭᠦᠦ ᠠᠴᠠ ᠨᠢᠬᠡᠨ ᠰᠠᠭᠠᠮ᠎ᠠ ᠳᠤᠷ ᠵᠢᠩ ᠢᠯᠡᠭᠦᠦ ᠰᠦᠨ | ᠭᠠᠷᠬᠤ ᠪᠠ ᠡᠮᠨᠢᠭ ᠬᠡᠭᠦᠦ ᠠᠴᠠ ᠬᠠᠭᠠᠰ ᠵᠢᠩ ᠢᠯᠡᠭᠦᠦ ᠰᠦᠨ ᠭᠠᠷᠳᠠᠭ ᠪᠤᠯᠠᠢ᠃ ᠡᠮᠨᠢᠭ ᠬᠡᠭᠦᠦ ᠶᠢ ᠰᠠᠭᠠᠬᠤᠢ | ᠠᠴᠠ ᠡᠮᠦᠨ᠎ᠡ ᠪᠤᠭᠤᠮᠢᠴᠢᠯᠠᠬᠤ ᠪᠤᠶᠦ ᠦᠷᠦᠬᠡᠯᠳᠡᠮᠤᠢ᠃ |