ᠰᠦᠭᠦᠰᠦ ᠠᠭᠤᠢ ᠶᠢᠨ ᠰᠦᠮ᠎ᠡ
ᠨᠡᠶᠢᠲᠡᠯᠡᠭᠰᠡᠨ ᠴᠠᠭ᠄
2024/10/14
  ᠰᠦᠭᠦᠰᠦ ᠠᠭᠤᠢ ᠶᠢᠨ ᠰᠦᠮ᠎ᠡ ︵苏斯阿贵庙) ᠨᠢ ᠤᠤᠯ ᠤᠨ ᠪᠠᠶᠠᠠᠬᠤᠸᠠ ᠰᠤᠮᠤ ᠶᠢᠨ ᠰᠦᠭᠦᠰᠦ ᠠᠶᠢᠯ ᠳᠤ ᠪᠠᠶᠢᠵᠠᠢ᠃ ᠰᠦᠭᠦᠰᠦ ᠠᠭᠤᠢ ᠨᠢ ᠭᠤᠷᠪᠠᠨ ᠲᠠᠰᠤᠯᠭ᠎ᠠ ᠰᠦᠮ᠎ᠡ ᠪᠤᠯᠤᠨ᠎ᠠ᠃ ᠰᠦᠮ᠎ᠡ ᠳᠤ ᠠᠷᠪᠠᠭᠠᠳ ᠯᠠᠮᠠ ᠰᠠᠭᠤᠵᠦ ᠪᠠᠶᠢᠪᠠ᠃ ︽ᠰᠢᠷᠡᠬᠡᠳᠦ ᠭᠦᠷᠢᠶ᠎ᠡ ᠶᠢᠨ ᠯᠠᠮᠠ ᠶᠢᠨ ᠬᠤᠷᠢᠶᠠᠩᠭᠤᠶᠢᠯᠠᠭᠰᠠᠨ ᠲᠤᠪᠴᠢ ᠲᠤᠯᠢ︾ ᠳᠤ ᠲᠡᠮᠳᠡᠭᠯᠡᠭᠰᠡᠨ ᠢ ᠦᠨᠳᠦᠰᠦᠯᠡᠪᠡᠯ᠂ ᠴᠢᠩ ᠤᠯᠤᠰ ᠤᠨ ᠲᠡᠭᠷᠢ ᠲᠡᠳᠭᠦᠭᠴᠢ ᠶᠢᠨ ᠲᠦᠴᠢᠨ ᠲᠦᠷᠪᠡᠳᠦᠬᠡᠷ ᠤᠨ ︵1779 ᠤᠨ︶ ᠤ ᠬᠠᠪᠤᠷ᠂ ᠭᠠᠵᠠᠷ ᠭᠦᠳᠡᠯᠵᠦ ᠭᠠᠵᠠᠷ ᠲᠤᠤᠷ᠎ᠠ ᠠᠴᠠ ᠤᠰᠦ ᠤᠷᠬᠢᠯᠦᠨ᠂ ᠰᠦᠮ᠎ᠡ ᠬᠡᠶᠢᠳ ᠪᠤᠯᠤᠨ ᠬᠡᠷ ᠪᠠᠶᠢᠰᠢᠩ ᠨᠤᠷᠠᠵᠦ᠂ ᠭᠦᠮᠦᠨ ᠮᠠᠯ ᠨᠡᠯᠢᠶᠡᠳ ᠦᠭᠦᠵᠦ ᠰᠢᠷᠠᠭᠳᠤᠵᠦ᠂ ᠭᠦᠨᠳᠦ ᠨᠤᠴᠢᠳᠠᠢ ᠭᠠᠢ ᠵᠤᠪᠠᠯᠠᠩ ᠪᠤᠯᠪᠠ᠃ ᠡᠭᠦᠨ ᠳᠤ ᠰᠢᠷᠡᠬᠡᠳᠦ ᠭᠦᠷᠢᠶ᠎ᠡ ᠶᠢᠨ ᠠᠷᠪᠠᠨ ᠲᠦᠷᠪᠡᠳᠦᠬᠡᠷ ᠦᠶ᠎ᠡ ᠶᠢᠨ ᠵᠠᠰᠠᠭ ᠳ᠋ᠠ ᠯᠠᠮᠠ ᠷᠠᠪᠵᠠᠮᠪᠠ ᠵᠠᠮᠢᠶᠠᠠᠳᠠᠠᠽᠠᠠᠵᠠᠮᠰᠦ᠂ ᠭᠦᠤᠰᠢ ᠬᠡᠨᠳᠤᠨ᠂ ᠭᠠᠪᠵᠦ ᠪᠠᠯᠳᠠᠠᠯᠠᠪᠬ᠎ᠠ ᠵᠡᠷᠬᠡ ᠯᠠᠮᠠ ᠨᠠᠷ ᠢ ᠲᠠᠭᠠᠭᠤᠯᠵᠦ᠂ ᠦᠪᠡᠷ ᠤᠨ ᠬᠢᠵᠠᠭᠠᠷ ᠲᠠᠬᠢ ᠠᠭᠤᠯᠠ ᠨᠤᠭᠤᠳ ᠲᠤ ᠭᠦᠵᠢ ᠡᠷᠭᠦᠨ᠂ ᠲᠠᠯᠪᠠᠭ᠎ᠠ ᠬᠠᠳᠬᠤᠵᠦ᠂ ᠨᠢᠬᠡ ᠨᠢᠬᠡ ᠪᠠᠷ ᠲᠠᠬᠢᠭᠰᠠᠨ ᠪᠦᠬᠡᠳ ᠰᠦᠭᠦᠰᠦ ᠬᠢᠬᠡᠳ ᠮᠠᠶᠢᠳᠠᠷᠢ ᠬᠡᠬᠡᠨ ᠰᠦᠮ᠎ᠡ ︵ᠨᠠᠰᠤᠨ ᠤᠷᠳᠤᠳᠬᠠᠭᠴᠢ ᠰᠦᠮ᠎ᠡ︶ ᠳᠤ ᠨᠤᠮ ᠤᠩᠰᠢᠵᠦ ᠪᠤᠶᠠᠨ ᠦᠢᠯᠡᠳᠪᠡ᠃ ᠡᠭᠦᠨ ᠠᠴᠠ ᠪᠢᠳᠠ ᠰᠦᠭᠦᠰᠦ ᠠᠭᠤᠢ ᠶᠢᠨ ᠰᠦᠮ᠎ᠡ ᠪᠤᠯ ᠪᠠᠷᠤᠭ ᠴᠢᠩ ᠤᠯᠤᠰ ᠤᠨ ᠨᠠᠶᠢᠷᠠᠯᠳᠦ ᠲᠦᠪ ︵1723 — 1735︶ ᠪᠤᠯᠤᠨ ᠲᠡᠭᠷᠢ ᠲᠡᠳᠭᠦᠭᠴᠢ ᠶᠢᠨ ᠦᠶ᠎ᠡ ︵1936 — 1795︶ ᠳᠤ ᠪᠠᠶᠢᠭᠤᠯᠤᠭᠰᠠᠨ ᠪᠠᠶᠢᠨ᠎ᠠ ᠬᠡᠳᠡᠭ ᠢ ᠮᠡᠳᠡᠵᠦ ᠪᠤᠯᠤᠨ᠎ᠠ᠃
 
ᠢᠷᠡᠯᠲᠡ᠄ ᠭᠦᠷᠢᠶ᠎ᠡ ᠲᠡᠤᠬᠡ ᠰᠤᠶᠤᠯ ᠰᠤᠳᠤᠯᠤᠯ ᠤᠨ ᠴᠤᠪᠤᠷᠠᠯ ᠪᠢᠴᠢᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号