| | ᠨᠠᠮᠤᠷ ᠪᠣᠯᠤᠭᠰᠠᠨ ᠠᠴᠠ ᠲᠠᠷᠪᠤᠰ ᠤᠨ ᠬᠤᠷᠢᠶᠠᠯᠲᠠ ᠰᠢᠪᠲᠤᠷᠠᠭᠠᠨ ᠳᠠᠭᠠᠨ ᠣᠷᠣᠵᠤ᠂ ᠬᠦᠷᠢᠶ᠎ᠡ ᠬᠤᠰᠢᠭᠤᠨ ᠤ | ᠯᠢᠦ ᠵᠢᠶᠠᠽᠢ ᠪᠠᠯᠭᠠᠰᠤᠨ ᠤ ᠰᠢᠩ ᠱᠤ᠋ ᠸᠠ ᠲᠣᠰᠬᠤᠨ ᠤ ᠲᠠᠷᠢᠶᠠᠴᠢᠨ ᠰᠢᠶᠣᠣ ᠪᠠᠢ ᠶᠠᠭ ᠠᠵᠢᠯᠴᠢᠳ ᠢᠶᠠᠨ | ᠳᠠᠭᠠᠭᠤᠯᠤᠨ ᠪᠣᠯᠪᠠᠰᠤᠷᠠᠭᠰᠠᠨ ᠲᠠᠷᠪᠤᠰ ᠢᠶᠠᠨ ᠲᠡᠭᠡᠭᠡᠭᠡᠳ ᠲᠠᠷᠢᠶᠠᠯᠠᠩ ᠤᠨ ᠠᠷᠠᠯᠵᠢᠶᠠᠨ ᠤ ᠵᠠᠬ᠎ᠠ ᠳᠡᠯᠭᠡᠭᠦᠷ ᠲᠤ | ᠬᠦᠷᠭᠡᠬᠦ ᠪᠠᠷ ᠶᠠᠭᠠᠷᠠᠯᠳᠤᠵᠤ ᠪᠠᠶᠢᠯ᠎ᠠ᠃ ᠡᠨᠡ ᠵᠢᠯ᠂ ᠰᠢᠶᠣᠣ ᠪᠠᠢ ᠯᠢᠦ ᠵᠢᠶᠠᠽᠢ ᠪᠠᠯᠭᠠᠰᠤᠨ ᠤ ᠰᠢᠩ ᠱᠣ᠋ ᠸᠠ | ᠲᠣᠰᠬᠤᠨ ᠳᠤ 53 ᠮᠦ ᠭᠠᠵᠠᠷ ᠳᠠᠭᠠᠭᠠᠴᠢᠯᠠᠨ ᠲᠠᠷᠪᠤᠰ ᠨᠠᠷᠠᠨᠬᠤᠸᠠᠷ ᠢ ᠠᠯᠠᠭᠯᠠᠨ ᠳᠠᠷᠢᠵᠦ ᠬᠤᠣᠰ | ᠬᠤᠷᠢᠶᠠᠯᠲᠠ ᠶᠢ ᠪᠡᠶᠡᠯᠡᠭᠦᠯᠪᠡ᠃ ︽8 ᠰᠠᠷ᠎ᠠ ᠶᠢᠨ 6 ᠤ ᠡᠳᠦᠷ ᠨᠢᠭᠡᠳᠦᠭᠡᠷ ᠪᠦᠯᠦᠭ ᠲᠠᠷᠪᠤᠰ ᠢ ᠵᠠᠬ᠎ᠠ | ᠳᠡᠯᠭᠡᠭᠦᠷ ᠲᠤ ᠭᠠᠷᠭᠠᠵᠤ ᠵᠢᠩ ᠳᠡᠭᠡᠨ 1.5 ᠲᠥᠭᠦᠷᠢᠭ ᠠᠴᠠ 1.65 ᠲᠥᠭᠦᠷᠢᠭ ᠢᠶᠠᠷ ᠬᠤᠳᠠᠯᠳᠤᠪᠠ᠂ ᠠᠯᠠᠭᠯᠠᠨ | ᠳᠠᠷᠢᠭᠰᠠᠨ ᠨᠠᠷᠠᠨᠬᠤᠸᠠᠷ ᠢ ᠠᠷᠪᠠᠨ ᠰᠠᠷ᠎ᠠ ᠶᠢᠨ ᠰᠡᠭᠦᠯᠴᠢ ᠪᠠᠷ ᠬᠠᠳᠤᠵᠤ ᠬᠤᠷᠢᠶᠠᠬᠤ ᠪᠠᠷ ᠲᠥᠯᠥᠪᠯᠡᠵᠦ ᠪᠤᠢ᠂ | ᠠᠯᠠᠭᠯᠠᠨ ᠳᠠᠷᠢᠬᠤ ᠵᠠᠭᠪᠤᠷ ᠨᠢ ᠮᠠᠨ ᠤ ᠲᠠᠷᠢᠮᠠᠯ ᠤᠨ ᠡᠷᠦᠭᠡ ᠳᠤ ᠪᠠᠲᠤᠯᠠᠭ᠎ᠠ ᠪᠣᠯᠵᠠᠢ︾ ᠭᠡᠵᠦ ᠰᠢᠶᠣᠣ ᠪᠠᠢ | ᠪᠠᠶᠠᠷᠲᠠᠶᠢᠬᠠᠨ ᠬᠡᠯᠡᠨ᠎ᠡ᠃ | ᠯᠢᠦ ᠵᠢᠶᠠᠽᠢ ᠪᠠᠯᠭᠠᠰᠤᠨ ᠤ ᠰᠢᠩ ᠱᠣ᠋ ᠸᠠ ᠲᠣᠰᠬᠤᠨ ᠤ ᠬᠢᠨ ᠲᠠᠷᠪᠤᠰ ᠨᠠᠷᠠᠨᠬᠤᠸᠠᠷ ᠠᠯᠠᠭᠯᠠᠨ ᠲᠠᠷᠢᠬᠤ | ᠠᠷᠭ᠎ᠠ ᠶᠢ ᠬᠡᠷᠡᠭᠯᠡᠵᠦ᠂ ᠲᠠᠷᠢᠮᠠᠯ ᠤᠨ ᠤᠷᠭᠤᠴᠠ ᠶᠢᠨ ᠪᠠᠶᠢᠳᠠᠯ ᠮᠠᠰᠢ ᠰᠠᠶᠢᠨ ᠪᠠᠶᠢᠨ᠎ᠠ᠃ ᠣᠶᠢᠷ᠎ᠠ ᠶᠢᠨ ᠵᠢᠯ᠂ ᠰᠢᠩ | ᠱᠣ᠋ ᠸᠠ ᠲᠣᠰᠬᠤᠨ ᠤ ᠬᠢᠨ ᠢᠵᠢ ᠪᠦᠷᠢᠳᠦᠭᠦᠯᠦᠨ ᠲᠠᠷᠢᠬᠤ ᠵᠠᠭᠪᠤᠷ ᠢ ᠢᠳᠡᠪᠬᠢᠲᠡᠢ ᠳᠡᠯᠭᠡᠷᠡᠭᠦᠯᠵᠦ᠂ ᠲᠠᠷᠢᠶᠠᠴᠢᠨ | ᠡᠷᠦᠭᠡ ᠶᠢ ᠲᠠᠷᠪᠤᠰ ᠤᠨ ᠲᠠᠷᠢᠶᠠᠨ ᠳᠤ ᠨᠠᠷᠠᠨᠬᠤᠸᠠᠷ ᠲᠠᠷᠢᠬᠤ ᠶᠢ ᠵᠣᠷᠢᠭᠵᠢᠭᠤᠯᠵᠤ᠂ ᠡᠨᠡ ᠨᠢ ᠲᠠᠩ ᠭᠠᠭᠴᠠ | ᠲᠠᠷᠢᠮᠠᠯ ᠲᠠᠢ ᠬᠠᠷᠢᠴᠠᠭᠤᠯᠪᠠᠯ᠂ ︽ᠨᠢᠭᠡ ᠤᠯᠠᠷᠢᠯ ᠳᠤ ᠨᠢᠭᠡ ᠬᠤᠷᠢᠶᠠᠬᠤ︾ ᠠᠴᠠ ︽ᠨᠢᠭᠡ ᠤᠯᠠᠷᠢᠯ ᠳᠤ ᠤᠯᠠᠨ | ᠬᠤᠷᠢᠶᠠᠬᠤ︾ ᠲᠡᠶᠢᠰᠢ ᠬᠤᠪᠢᠷᠠᠭᠤᠯᠬᠤ ᠶᠢ ᠪᠡᠶᠡᠯᠡᠭᠦᠯᠦᠭᠰᠡᠨ ᠢᠶᠠᠷ ᠪᠠᠷᠠᠬᠤ ᠦᠭᠡᠢ᠂ ᠪᠠᠰᠠ ᠲᠠᠷᠢᠶᠠᠴᠢᠳ ᠤᠨ | ᠣᠷᠣᠯᠭ᠎ᠠ ᠶᠢ ᠨᠡᠮᠡᠭᠳᠡᠭᠦᠯᠬᠦ᠂ ᠲᠠᠷᠢᠶᠠᠯᠠᠩ ᠤᠨ ᠦᠷ᠎ᠡ ᠠᠰᠢᠭ ᠢ ᠨᠡᠮᠡᠭᠳᠡᠭᠦᠯᠬᠦ ᠳᠤ ᠰᠢᠨ᠎ᠡ ᠵᠠᠮ ᠨᠡᠭᠡᠭᠡᠵᠦ ᠥᠭᠴᠡᠢ᠃ | ︽ᠲᠠᠷᠪᠤᠰ 8 ᠰᠠᠷ᠎ᠠ ᠶᠢᠨ 10 ᠤ ᠡᠳᠦᠷ ᠵᠠᠬ᠎ᠠ ᠳᠡᠯᠭᠡᠭᠦᠷ ᠲᠤ ᠭᠠᠷᠭᠠᠵᠤ᠂ ᠨᠠᠷᠠᠨᠬᠤᠸᠠᠷ ᠢ 10 ᠰᠠᠷ᠎ᠠ ᠶᠢᠨ | ᠰᠡᠭᠦᠯᠴᠢ ᠪᠠᠷ ᠵᠠᠬ᠎ᠠ ᠳᠡᠯᠭᠡᠭᠦᠷ ᠲᠤ ᠭᠠᠷᠭᠠᠵᠤ᠂ ᠬᠠᠷᠢᠯᠴᠠᠨ ᠨᠥᠯᠥᠭᠡᠯᠡᠬᠦ ᠦᠭᠡᠢ ᠪᠥᠭᠡᠳ ᠪᠠᠰᠠ ᠨᠢᠭᠡ ᠬᠡᠰᠡᠭ | ᠣᠷᠣᠯᠭ᠎ᠠ ᠶᠢ ᠨᠡᠮᠡᠭᠳᠡᠭᠦᠯᠬᠦ ᠪᠣᠯᠣᠨ᠎ᠠ᠃ ᠨᠢᠭᠡ ᠮᠦ ᠲᠠᠷᠪᠤᠰ ᠤᠨ ᠲᠠᠷᠢᠶᠠᠨ ᠳᠤ ᠨᠠᠷᠠᠨᠬᠤᠸᠠᠷ ᠢ ᠠᠯᠠᠭᠯᠠᠨ ᠳᠠᠷᠢᠪᠠᠯ | 240 ᠵᠢᠩ ᠳᠤ ᠬᠦᠷᠴᠦ᠂ ᠶᠡᠷᠦᠩᠬᠡᠢ ᠳᠡᠭᠡᠨ ᠨᠢᠭᠡ ᠵᠢᠩ ᠳᠡᠭᠡᠨ 6 ᠲᠥᠭᠦᠷᠢᠭ ᠲᠤ ᠬᠦᠷᠴᠦ᠂ ᠲᠠᠷᠪᠤᠰ | ᠳᠠᠷᠢᠭᠰᠠᠨ ᠥᠪᠡᠷ ᠤᠨ ᠦᠷᠳᠡᠭ ᠤᠨ ᠬᠠᠭᠠᠰ ᠢ ᠨᠢ ᠣᠯᠵᠤ ᠴᠢᠳᠠᠨ᠎ᠠ᠃ ᠮᠠᠨ ᠤ ᠭᠠᠴᠠᠭᠠᠨ ᠳᠤ ᠡᠨᠡ ᠵᠢᠯ ᠲᠠᠪᠢ | ᠵᠢᠷᠠᠨ ᠡᠷᠦᠭᠡ ᠲᠠᠷᠪᠤᠰ ᠨᠠᠷᠠᠨᠬᠤᠸᠠᠷ ᠢ ᠠᠯᠠᠭᠯᠠᠨ ᠳᠠᠷᠢᠵᠠᠢ᠂ ᠳᠠᠷᠢᠭᠰᠠᠨ ᠲᠠᠯᠠᠪᠠᠶ ᠨᠢ 4000 ᠮᠦ ᠣᠷᠴᠢᠮ | ᠪᠠᠶᠢᠵᠤ᠂ ᠨᠢᠭᠡ ᠮᠦ ᠲᠠᠷᠢᠶᠠᠨ ᠠᠴᠠ 1000 ᠊᠊᠊᠊᠊ 1200 ᠲᠥᠭᠦᠷᠢᠭ ᠢᠯᠡᠭᠦᠦ ᠤᠷᠤᠯᠭ᠎ᠠ ᠣᠯᠵᠤ ᠲᠡᠶᠢᠯᠤᠨ᠎ᠠ ︾ | ᠭᠡᠵᠦ ᠰᠢᠩ ᠱᠣ᠋ ᠸᠠ ᠲᠣᠰᠬᠤᠨ ᠤ ᠨᠠᠮ ᠤᠨ ᠡᠭᠦᠷ ᠤᠨ ᠱᠦᠵᠢ᠂ ᠲᠣᠰᠬᠤᠨ ᠤ ᠵᠥᠪᠯᠡᠯ ᠤᠨ ᠡᠷᠭᠢᠯᠡᠭᠴᠢ ᠰᠦᠨ | ᠳ᠋ᠧ ᠶᠢᠨ ᠣᠯᠵᠠᠷᠬᠠᠨ ᠬᠡᠯᠡᠨ᠎ᠡ᠃ | | | |