2024 ᠣᠨ ᠤ 10 ᠰᠠᠷ᠎ᠠ ᠶᠢᠨ 27 ᠤ ᠡᠳᠦᠷ᠂ ᠲᠦᠩᠯᠢᠶᠣᠣ ᠶᠢᠨ ᠨᠢᠰᠬᠡᠯ ᠤᠨ ᠪᠠᠭᠤᠳᠠᠯ 2024 ᠊᠊᠊᠊᠊ | 2025 ᠣᠨ ᠤ ᠡᠪᠦᠯ ᠬᠠᠪᠤᠷ ᠤᠨ ᠠᠭᠠᠷ ᠤᠨ ᠠᠶᠠᠯᠠᠯ ᠤᠨ ᠱᠤᠭᠤᠮ ᠢ 21 ᠵᠤᠷᠪᠤᠰ ᠨᠡᠭᠡᠭᠡᠵᠦ᠂ ᠠᠶᠠᠨᠴᠢᠳ ᠤᠨ | ᠶᠠᠪᠤᠵᠤ ᠰᠠᠭᠤᠬᠤ ᠳᠤ ᠨᠠᠩ ᠲᠦᠭᠦᠮ ᠦᠵᠡᠭᠦᠯᠭᠦ ᠶᠢ ᠪᠣᠳᠣᠯᠬᠢᠯᠠᠭᠰᠠᠨ ᠪᠠᠶᠢᠨ᠎ᠠ᠃ ᠡᠳᠡᠭᠡᠷ ᠠᠶᠠᠯᠠᠯ ᠤᠨ ᠱᠤᠭᠤᠮ | ᠨᠢ ᠣᠷᠣᠨ ᠤ ᠳᠣᠲᠣᠨ᠎ᠠ ᠭᠠᠳᠠᠨᠠᠬᠢ 22 ᠬᠤᠲᠠ ᠶᠢ ᠬᠤᠯᠪᠣᠵᠤ᠂ ᠣᠷᠣᠨ ᠤ ᠭᠠᠳᠠᠨ᠎ᠠ ᠭᠤᠣᠯᠳᠠᠭᠤ ᠪᠡᠭᠡᠵᠢᠩ᠂ | ᠱᠠᠩᠬᠠᠢ᠂ ᠱᠧᠨᠵᠧᠨ᠂ ᠲᠢᠶᠠᠨᠵᠢᠨ᠂ ᠱᠢ ᠵᠢᠶᠠ ᠵᠤᠸᠠᠩ᠂ ᠵᠢᠨᠠᠨ᠂ ᠬᠠᠩᠵᠧᠦ᠂ ᠬᠠᠷᠪᠢᠨ᠂ ᠰᠢ ᠠᠨ ᠪᠣᠯᠣᠨ | ᠴᠦᠩᠴᠢᠩ ᠵᠡᠷᠭᠡ 10 ᠴᠢᠬᠤᠯᠠ ᠶᠡᠭᠡ ᠬᠤᠲᠠ ᠶᠢ ᠬᠤᠯᠪᠣᠵᠤ᠂ ᠠᠳᠠᠯᠢ ᠪᠤᠰᠤ ᠠᠶᠠᠨᠴᠢᠳ ᠤᠨ ᠬᠤᠳᠠᠯᠳᠤᠭᠠᠨ ᠤ | ᠶᠠᠪᠤᠳᠠᠯ᠂ ᠵᠢᠭᠤᠯᠴᠢᠯᠠᠯ ᠵᠡᠷᠭᠡ ᠠᠶᠠᠯᠠᠯ ᠤᠨ ᠬᠡᠷᠡᠭᠴᠡᠭᠡ ᠶᠢ ᠬᠠᠩᠭᠠᠬᠤ ᠪᠣᠯᠣᠨ᠎ᠠ᠃ ᠣᠷᠣᠨ ᠤ ᠳᠣᠲᠣᠨ᠎ᠠ | ᠭᠦᠭᠡᠬᠤᠲᠠ᠂ ᠡᠷᠢᠶᠡᠨ ᠬᠤᠳᠠ᠂ ᠬᠠᠶᠢᠯᠠᠷ᠂ ᠪᠠᠶᠠᠨᠨᠠᠭᠤᠷ᠂ ᠤᠯᠠᠭᠠᠨᠬᠠᠳᠠ᠂ ᠠᠯᠠᠱᠠ᠂ ᠰᠢᠯᠢᠩᠬᠤᠲᠠ᠂ ᠦᠬᠠᠢ᠂ | ᠣᠷᠳᠣᠰ᠂ ᠤᠯᠠᠭᠠᠨᠬᠤᠲᠠ᠂ ᠪᠤᠭᠤᠲᠤ ᠪᠣᠯᠣᠨ ᠮᠠᠨᠵᠤᠤᠷ ᠵᠡᠷᠭᠡ 12 ᠬᠤᠳᠠ ᠳᠤ ᠠᠶᠠᠯᠠᠯ ᠨᠡᠪᠲᠡᠷᠡᠬᠦ ᠪᠣᠯᠣᠨ᠎ᠠ᠃ | ᠣᠶᠢᠯᠠᠭᠠᠭᠰᠠᠨ ᠢᠶᠠᠷ᠂ ᠡᠨᠡ ᠵᠢᠯ ᠤᠨ ᠲᠦᠩᠯᠢᠶᠣᠣ ᠶᠢᠨ ᠨᠢᠰᠬᠡᠯ ᠤᠨ ᠪᠠᠭᠤᠳᠠᠯ ᠤᠨ ᠡᠪᠦᠯ ᠬᠠᠪᠤᠷ ᠤᠨ | ᠠᠭᠠᠷ ᠤᠨ ᠠᠶᠠᠯᠠᠯ ᠨᠢ ᠥᠩᠭᠡᠷᠡᠭᠰᠡᠨ ᠤ ᠬᠢ ᠲᠠᠢ ᠬᠠᠷᠢᠴᠠᠭᠤᠯᠪᠠᠯ᠂ ᠳᠣᠣᠷᠠᠬᠢ ᠭᠤᠷᠪᠠᠨ ᠲᠠᠯ᠎ᠠ ᠶᠢᠨ | ᠣᠨᠴᠠᠯᠢᠭ ᠲᠠᠢ᠄ ᠨᠢᠭᠡ ᠳᠤ᠂ ᠣᠷᠣᠨ ᠤ ᠭᠠᠳᠠᠨᠠᠬᠢ ᠡᠭᠡᠯᠵᠢ ᠶᠢᠨ ᠨᠢᠰᠬᠡᠯ ᠢ ᠲᠠᠰᠤᠷᠠᠯᠲᠠ ᠦᠭᠡᠢ | ᠰᠢᠯᠢᠳᠡᠭᠵᠢᠭᠦᠯᠦᠨ ᠲᠣᠬᠢᠷᠠᠭᠤᠯᠪᠠ᠃ ᠤᠳᠤ ᠪᠠᠶᠢᠭ᠎ᠠ ᠡᠭᠡᠯᠵᠢ ᠶᠢᠨ ᠨᠢᠰᠬᠡᠯ ᠤᠨ ᠪᠦᠲᠦᠴᠡ ᠶᠢ ᠪᠠᠲᠤᠯᠠᠬᠤ ᠶᠢᠨ | ᠬᠠᠮᠲᠤ᠂ ᠵᠢᠨᠠᠨ᠂ ᠲᠢᠶᠠᠨᠵᠢᠨ ᠳᠤ ᠬᠦᠷᠬᠦ ᠡᠭᠡᠯᠵᠢ ᠶᠢᠨ ᠨᠢᠰᠬᠡᠯ ᠢ ᠵᠤᠨ ᠨᠠᠮᠤᠷ ᠤᠨ ᠠᠶᠠᠯᠠᠯ ᠤᠨ ᠤᠯᠠᠷᠢᠯ ᠳᠤ | ᠭᠠᠷᠠᠭ ᠲᠤ ᠭᠤᠷᠪᠠᠨ ᠡᠭᠡᠯᠵᠢ ᠪᠠᠶᠢᠭᠰᠠᠨ ᠠᠴᠠ ᠭᠠᠷᠠᠭ ᠲᠤ ᠲᠦᠷᠪᠡᠨ ᠡᠭᠡᠯᠵᠢ ᠪᠣᠯᠭᠠᠨ ᠨᠡᠮᠡᠵᠦ᠂ ᠵᠢᠨᠠᠨ ᠬᠦᠷᠬᠦ | ᠡᠭᠡᠯᠵᠢ ᠶᠢᠨ ᠨᠢᠰᠬᠡᠯ ᠢ ᠣᠷᠣᠢ ᠶᠢᠨ ᠡᠭᠡᠯᠵᠢ ᠠᠴᠠ ᠡᠷᠲᠡ ᠶᠢᠨ ᠡᠭᠡᠯᠵᠢ ᠪᠣᠯᠭᠠᠨ ᠲᠣᠬᠢᠷᠠᠭᠤᠯᠵᠤ᠂ | ᠲᠦᠩᠯᠢᠶᠣᠣ ᠶᠢᠨ ᠭᠠᠷᠠᠮ ᠠᠴᠠ ᠭᠠᠷᠬᠤ ᠴᠠᠭ ᠢ 08᠄ 30 ᠲᠤ ᠲᠣᠬᠢᠷᠠᠭᠤᠯᠵᠤ᠂ ᠵᠢᠨᠠᠨ ᠤ ᠭᠠᠷᠠᠮ ᠠᠴᠠ ᠭᠠᠷᠬᠤ | ᠴᠠᠭ ᠢ 11᠄ 30 ᠲᠤ ᠲᠣᠬᠢᠷᠠᠭᠤᠯᠪᠠ᠃ ᠰᠢ ᠠᠨ ᠊᠊᠊᠊᠊᠊ ᠲᠦᠩᠯᠢᠶᠣᠣ ᠶᠢᠨ ᠠᠭᠠᠷ ᠤᠨ ᠠᠶᠠᠯᠠᠯ ᠤᠨ ᠱᠤᠭᠤᠮ ᠢ | ᠠᠶᠠᠨᠴᠢᠳ ᠤᠨ ᠶᠠᠪᠤᠵᠤ ᠰᠠᠭᠤᠬᠤ ᠬᠡᠷᠡᠭᠴᠡᠭᠡ ᠵᠢᠴᠢ ᠤᠯᠠᠷᠢᠯ ᠤᠨ ᠬᠤᠪᠢᠷᠠᠯᠲᠠ ᠶᠢ ᠦᠨᠳᠦᠰᠦᠯᠡᠨ᠂ ᠴᠡᠭ ᠠᠴᠠ | ᠴᠡᠭ ᠲᠤ ᠰᠢᠭᠤᠳ ᠨᠢᠰᠬᠦ ᠠᠭᠠᠷ ᠤᠨ ᠠᠶᠠᠯᠠᠯ ᠤᠨ ᠱᠤᠭᠤᠮ ᠪᠣᠯᠭᠠᠨ ᠲᠣᠬᠢᠷᠠᠭᠤᠯᠵᠤ᠂ ᠡᠭᠡᠯᠵᠢ ᠶᠢᠨ | ᠬᠤᠭᠤᠴᠠᠭ᠎ᠠ ᠶᠢ ᠡᠳᠦᠷ ᠪᠦᠷᠢ ᠨᠢᠭᠡ ᠡᠭᠡᠯᠵᠢ ᠪᠣᠯᠭᠠᠪᠠ᠃ ᠬᠤᠶᠠᠷ ᠲᠤ᠂ ᠣᠷᠣᠨ ᠤ ᠳᠣᠲᠣᠨᠠᠬᠢ ᠡᠭᠡᠯᠵᠢ ᠶᠢᠨ | ᠨᠢᠰᠬᠡᠯ ᠳᠤ 1 ᠠᠶᠠᠯᠠᠯ ᠤᠨ ᠴᠡᠭ ᠨᠡᠭᠡᠭᠡᠵᠦ᠂ 7 ᠵᠤᠷᠪᠤᠰ ᠠᠶᠠᠯᠠᠯ ᠤᠨ ᠱᠤᠭᠤᠮ ᠨᠡᠮᠡᠵᠦ᠂ ᠰᠠᠯᠪᠤᠷᠢ ᠠᠶᠠᠯᠠᠯ ᠤᠨ | ᠱᠤᠭᠤᠮ 12 ᠵᠤᠷᠪᠤᠰ ᠪᠣᠯᠪᠠ᠃ ᠪᠣᠳᠠᠲᠠᠢ ᠨᠡᠮᠡᠭᠳᠡᠭᠰᠡᠨ ᠪᠠᠶᠢᠳᠠᠯ ᠭᠡᠪᠡᠯ᠄ ᠲᠢᠶᠠᠨᠵᠢᠨ ᠊᠊᠊᠊᠊ ᠲᠦᠩᠯᠢᠶᠣᠣ ᠊᠊᠊᠊᠊᠊ | ᠮᠠᠨᠵᠤᠤᠷ᠂ ᠪᠠᠶᠠᠨᠨᠠᠭᠤᠷ ᠊᠊᠊᠊᠊᠊ ᠤᠯᠠᠭᠠᠨᠬᠠᠳᠠ ᠊᠊᠊᠊᠊᠊ ᠲᠦᠩᠯᠢᠶᠣᠣ᠂ ᠠᠯᠠᠱᠠ ᠊᠊᠊᠊᠊᠊ ᠰᠢᠯᠢᠩᠬᠤᠲᠠ ᠊᠊᠊᠊᠊᠊ ᠲᠦᠩᠯᠢᠶᠣᠣ᠂ | ᠦᠬᠠᠢ ᠊᠊᠊᠊᠊᠊ ᠰᠢᠯᠢᠩᠬᠤᠲᠠ ᠊᠊᠊᠊᠊᠊ ᠲᠦᠩᠯᠢᠶᠣᠣ᠂ ᠦᠬᠠᠢ ᠊᠊᠊᠊᠊᠊ ᠣᠷᠳᠣᠰ ᠊᠊᠊᠊᠊᠊ ᠲᠦᠩᠯᠢᠶᠣᠣ᠂ ᠭᠦᠭᠡᠬᠤᠲᠠ ᠊᠊᠊᠊᠊᠊ | ᠲᠦᠩᠯᠢᠶᠣᠣ ᠊᠊᠊᠊᠊᠊ ᠤᠯᠠᠭᠠᠨᠬᠤᠲᠠ ᠪᠣᠯᠣᠨ ᠤᠯᠠᠭᠠᠨᠬᠤᠲᠠ ᠊᠊᠊᠊᠊᠊ ᠲᠦᠩᠯᠢᠶᠣᠣ ᠊᠊᠊᠊᠊᠊ ᠪᠤᠭᠤᠲᠤ ᠵᠡᠷᠭᠡ 7 ᠵᠤᠷᠪᠤᠰ | ᠠᠶᠠᠯᠠᠯ ᠤᠨ ᠱᠤᠭᠤᠮ ᠨᠡᠮᠡᠭᠳᠡᠵᠦ᠂ ᠤᠯᠠᠷᠢᠯ ᠰᠣᠯᠢᠭᠳᠠᠬᠤ ᠠᠴᠠ ᠡᠮᠦᠨ᠎ᠡ ᠠᠯᠠᠱᠠ ᠬᠦᠷᠬᠦ ᠠᠶᠠᠯᠠᠯ ᠤᠨ ᠴᠡᠭ ᠢ 1 | ᠨᠡᠭᠡᠭᠡᠪᠡ᠃ ᠭᠤᠷᠪᠠ ᠳᠤ᠂ ︽ᠭᠦᠭᠡᠬᠤᠲᠠ ᠲᠦᠩᠯᠢᠶᠣᠣ ᠶᠢᠨ ᠰᠠᠯᠪᠤᠷᠢ ᠱᠤᠭᠤᠮ ᠤᠨ ᠲᠦᠷᠭᠡᠨ ᠠᠶᠠᠯᠠᠯ ᠤᠨ | ᠱᠤᠭᠤᠮ︾ ᠳᠤ ᠬᠤᠸᠠ ᠰᠢᠶᠠ ᠠᠭᠠᠷ ᠤᠨ ᠠᠶᠠᠯᠠᠯ ᠤᠨ ᠲᠣᠮᠣ ᠭᠡᠯᠪᠡᠷᠢ ᠶᠢᠨ ᠨᠢᠰᠬᠡᠯ ᠢ ᠰᠢᠨ᠎ᠡ ᠪᠠᠷ | ᠲᠣᠬᠢᠷᠠᠭᠤᠯᠵᠤ᠂ ᠲᠣᠮᠣ ᠭᠡᠯᠪᠡᠷᠢ ᠶᠢᠨ ᠨᠢᠰᠬᠡᠯ ᠢ ᠡᠳᠦᠷ ᠪᠦᠷᠢ ᠳᠤᠮᠳᠠᠴᠢ ᠪᠠᠷ 3 ᠡᠭᠡᠯᠵᠢ ᠲᠣᠬᠢᠷᠠᠭᠤᠯᠪᠠ᠃ | ᠭᠦᠭᠡᠬᠤᠲᠠ ᠬᠦᠷᠬᠦ ᠡᠭᠡᠯᠵᠢ ᠶᠢᠨ ᠨᠢᠰᠬᠡᠯ ᠢ ᠡᠳᠦᠷ ᠪᠦᠷᠢ 10 ᠠᠴᠠ 11 ᠡᠭᠡᠯᠵᠢ ᠲᠣᠬᠢᠷᠠᠭᠤᠯᠵᠤ᠂ ᠤᠯᠤᠰ ᠤᠨ | ᠠᠭᠠᠷ ᠤᠨ ᠠᠶᠠᠯᠠᠯ ᠤᠨ ᠺᠤᠮᠫᠠᠨᠢ᠂ ᠬᠤᠸᠠ ᠰᠢᠶᠠ ᠠᠭᠠᠷ ᠤᠨ ᠠᠶᠠᠯᠠᠯ ᠤᠨ ᠺᠤᠮᠫᠠᠨᠢ᠂ ᠲᠢᠶᠠᠨ ᠬᠠᠩ ᠠᠭᠠᠷ ᠤᠨ | ᠠᠶᠠᠯᠠᠯ ᠤᠨ ᠺᠤᠮᠫᠠᠨᠢ᠂ ᠴᠧᠩᠳᠦ᠋ ᠶᠢᠨ ᠠᠭᠠᠷ ᠤᠨ ᠠᠶᠠᠯᠠᠯ ᠤᠨ ᠺᠤᠮᠫᠠᠨᠢ᠂ ᠴᠦᠩᠴᠢᠩ ᠤᠨ ᠠᠭᠠᠷ ᠤᠨ ᠠᠶᠠᠯᠠᠯ ᠤᠨ | ᠺᠤᠮᠫᠠᠨᠢ᠂ ᠲᠢᠶᠠᠨ ᠵᠢᠶᠣᠣ ᠠᠭᠠᠷ ᠤᠨ ᠠᠶᠠᠯᠠᠯ ᠤᠨ ᠺᠤᠮᠫᠠᠨᠢ ᠵᠡᠷᠭᠡ 6 ᠠᠭᠠᠷ ᠤᠨ ᠠᠶᠠᠯᠠᠯ ᠤᠨ ᠺᠤᠮᠫᠠᠨᠢ ᠬᠠᠮᠲᠤ ᠪᠠᠷ | ᠡᠵᠡᠩᠨᠡᠯᠲᠡ ᠳᠤ ᠣᠷᠣᠯᠴᠠᠵᠤ᠂ 2974 ᠰᠠᠭᠤᠳᠠᠯ ᠬᠠᠩᠭᠠᠵᠤ᠂ ᠤᠯᠠᠷᠢᠯ ᠰᠣᠯᠢᠭᠳᠠᠬᠤ ᠠᠴᠠ ᠡᠮᠦᠨᠡᠬᠢ ᠠᠴᠠ | 300 ᠰᠠᠭᠤᠳᠠᠯ ᠨᠡᠮᠡᠭᠳᠡᠨ᠂ ᠠᠶᠠᠨᠴᠢᠳ ᠤᠨ ᠶᠠᠪᠤᠵᠤ ᠰᠠᠭᠤᠬᠤ ᠤᠳᠠᠭ᠎ᠠ ᠲᠤᠭ᠎ᠠ ᠢᠯᠡᠳᠲᠡ ᠨᠡᠮᠡᠭᠳᠡᠭᠰᠡᠨ | ᠪᠠᠶᠢᠨ᠎ᠠ᠃ | ᠡᠪᠦᠯ ᠬᠠᠪᠤᠷ ᠤᠨ ᠤᠯᠠᠷᠢᠯ ᠤᠨ ᠠᠶᠠᠯᠠᠯ ᠨᠡᠪᠲᠡᠷᠡᠬᠦ ᠬᠤᠲᠠ ᠵᠢᠴᠢ ᠡᠭᠡᠯᠵᠢ ᠶᠢᠨ ᠨᠢᠰᠬᠡᠯ ᠤᠨ ᠪᠣᠳᠠᠲᠠᠢ | ᠪᠠᠶᠢᠳᠠᠯ ᠭᠡᠪᠡᠯ᠄ ᠪᠡᠭᠡᠵᠢᠩ ᠳᠤ ᠡᠳᠦᠷ ᠪᠦᠷᠢ 2 ᠡᠭᠡᠯᠵᠢ᠂ ᠱᠠᠩᠬᠠᠢ ᠳᠤ ᠭᠠᠷᠠᠭ ᠪᠦᠷᠢ 4 ᠡᠭᠡᠯᠵᠢ᠂ | ᠱᠧᠨᠵᠧᠨ ᠳᠤ ᠡᠳᠦᠷ ᠪᠦᠷᠢ 1 ᠡᠭᠡᠯᠵᠢ᠂ ᠲᠢᠶᠠᠨᠵᠢᠨ ᠳᠤ ᠭᠠᠷᠠᠭ ᠪᠦᠷᠢ 4 ᠡᠭᠡᠯᠵᠢ᠂ ᠱᠢ ᠵᠢᠶᠠ ᠵᠤᠸᠠᠩ ᠳᠤ | ᠡᠳᠦᠷ ᠪᠦᠷᠢ 1 ᠡᠭᠡᠯᠵᠢ᠂ ᠵᠢᠨᠠᠨ ᠳᠤ ᠭᠠᠷᠠᠭ ᠪᠦᠷᠢ 4 ᠡᠭᠡᠯᠵᠢ᠂ ᠬᠠᠩᠵᠧᠦ ᠳᠤ ᠭᠠᠷᠠᠭ ᠪᠦᠷᠢ 4 ᠡᠭᠡᠯᠵᠢ᠂ | ᠬᠠᠷᠪᠢᠨ ᠳᠤ ᠭᠠᠷᠠᠭ ᠪᠦᠷᠢ 4 ᠡᠭᠡᠯᠵᠢ᠂ ᠰᠢ ᠠᠨ ᠳᠤ ᠡᠳᠦᠷ ᠪᠦᠷᠢ 1 ᠡᠭᠡᠯᠵᠢ᠂ ᠴᠦᠩᠴᠢᠩ ᠳᠤ ᠡᠳᠦᠷ ᠪᠦᠷᠢ | 1 ᠡᠭᠡᠯᠵᠢ᠂ ᠡᠷᠢᠶᠡᠨ ᠬᠤᠳᠠ ᠳᠤ ᠡᠳᠦᠷ ᠪᠦᠷᠢ 1 ᠡᠭᠡᠯᠵᠢ᠂ ᠬᠠᠶᠢᠯᠠᠷ ᠲᠤ ᠡᠳᠦᠷ ᠪᠦᠷᠢ 1 ᠡᠭᠡᠯᠵᠢ᠂ | ᠪᠠᠶᠠᠨᠨᠠᠭᠤᠷ ᠲᠤ ᠭᠠᠷᠠᠭ ᠪᠦᠷᠢ 4 ᠡᠭᠡᠯᠵᠢ᠂ ᠤᠯᠠᠭᠠᠨᠬᠠᠳᠠ ᠳᠤ ᠡᠳᠦᠷ ᠪᠦᠷᠢ 1 ᠡᠭᠡᠯᠵᠢ᠂ ᠠᠯᠠᠱᠠ ᠳᠤ ᠭᠠᠷᠠᠭ | ᠪᠦᠷᠢ 3 ᠡᠭᠡᠯᠵᠢ᠂ ᠰᠢᠯᠢᠩᠬᠤᠲᠠ ᠳᠤ ᠡᠳᠦᠷ ᠪᠦᠷᠢ 1 ᠊᠊᠊᠊ 2 ᠡᠭᠡᠯᠵᠢ᠂ ᠦᠬᠠᠢ ᠳᠤ ᠡᠳᠦᠷ ᠪᠦᠷᠢ 1 ᠡᠭᠡᠯᠵᠢ᠂ | ᠣᠷᠳᠣᠰ ᠲᠤ ᠡᠳᠦᠷ ᠪᠦᠷᠢ 1 ᠡᠭᠡᠯᠵᠢ᠂ ᠤᠯᠠᠭᠠᠨᠬᠤᠲᠠ ᠳᠤ ᠡᠳᠦᠷ ᠪᠦᠷᠢ 1 ᠡᠭᠡᠯᠵᠢ᠂ ᠪᠤᠭᠤᠲᠤ ᠳᠤ ᠡᠳᠦᠷ | ᠪᠦᠷᠢ 1 ᠡᠭᠡᠯᠵᠢ᠂ ᠮᠠᠨᠵᠤᠤᠷ ᠲᠤ ᠭᠠᠷᠠᠭ ᠪᠦᠷᠢ 4 ᠡᠭᠡᠯᠵᠢ ᠲᠣᠬᠢᠷᠠᠭᠤᠯᠵᠤ᠂ ᠴᠠᠭ ᠮᠥᠴᠡ ᠨᠢ ᠨᠡᠩ ᠵᠦᠢ | ᠵᠣᠬᠢᠰᠲᠠᠢ ᠪᠣᠯᠵᠤ᠂ ᠠᠶᠠᠨᠴᠢᠳ ᠶᠠᠪᠤᠵᠤ ᠰᠠᠭᠤᠬᠤ ᠳᠤ ᠨᠡᠩ ᠲᠦᠭᠦᠮ ᠪᠣᠯᠪᠠ᠃ | ᠲᠦᠩᠯᠢᠶᠣᠣ ᠶᠢᠨ ᠨᠢᠰᠬᠡᠯ ᠤᠨ ᠪᠠᠭᠤᠳᠠᠯ ᠨᠢ ᠲᠣᠰ ᠤᠳᠠᠭᠠᠨ ᠤ ᠠᠶᠠᠯᠠᠯ ᠤᠨ ᠱᠤᠭᠤᠮ ᠤᠨ ᠲᠣᠬᠢᠷᠠᠭᠤᠯᠤᠯᠲᠠ | ᠪᠠᠷ ᠠᠵᠠ ᠲᠣᠭᠢᠶᠠᠯ ᠪᠤᠯᠭᠠᠵᠤ᠂ ᠦᠢᠯᠡᠴᠢᠯᠡᠭᠡᠨ ᠤ ᠶᠠᠰᠤ ᠴᠢᠨᠠᠷ ᠢᠶᠠᠨ ᠲᠠᠰᠤᠷᠠᠯᠲᠠ ᠦᠭᠡᠢ ᠳᠡᠭᠡᠭᠰᠢᠯᠡᠭᠦᠯᠦᠨ | ᠰᠢᠯᠢᠳᠡᠭᠵᠢᠭᠦᠯᠵᠦ᠂ ᠥᠷᠭᠡᠨ ᠣᠯᠠᠨ ᠠᠶᠠᠨᠴᠢᠨ ᠳᠤ ᠨᠠᠩ ᠳᠥᠭᠦᠮ ᠳᠥᠲᠡ᠂ ᠨᠡᠩ ᠥᠨᠳᠥᠷ ᠪᠦᠲᠦᠮᠵᠢᠲᠡᠶ᠂ | ᠨᠡᠩ ᠲᠠᠭᠠᠯᠠᠮᠵᠢᠲᠠᠢ ᠦᠢᠯᠡᠴᠢᠯᠡᠭᠡ ᠬᠠᠩᠭᠠᠬᠤ ᠪᠠᠷ ᠪᠤᠢ᠃ | ᠰᠤᠷᠪᠤᠯᠵᠢᠯᠠᠬᠴᠢ᠄ ᠪᠤᠤ ᠯᠢᠩ ᠯᠢᠩ ᠴᠢᠮᠡᠭᠡᠯᠡᠭᠴᠢ᠄ ᠴᠧᠩ ᠯᠢ ᠪᠦᠸᠧ |