ᠪᠤᠷᠤᠭᠤ ᠵᠠᠮ ᠢᠶᠠᠷ ᠪᠣᠳᠠᠭ᠎ᠠ ᠲᠡᠭᠡᠭᠡᠪᠡᠯ ᠪᠤᠴᠠᠬᠤ ᠵᠠᠮ ᠳᠠᠭᠠᠨ ᠰᠢᠷᠤᠢ ᠲᠡᠭᠡᠭᠡᠨ᠎ᠡ
ᠨᠡᠶᠢᠲᠡᠯᠡᠭᠰᠡᠨ ᠴᠠᠭ᠄
2024/12/24
   ᠲᠥᠪ ᠤᠨ ᠲᠧᠯᠸᠢᠰ ᠤᠨ ᠣᠶᠢᠷ᠎ᠠ ᠳᠤ ᠮᠡᠳᠡᠭᠡᠯᠡᠭᠰᠡᠨ ᠢᠶᠠᠷ᠂ ᠨᠢᠭᠡᠨ ᠭᠠᠵᠠᠷ ᠤᠨ ᠴᠠᠭᠳᠠᠭᠠᠨ ᠤ ᠲᠠᠯ᠎ᠠ ᠶᠢᠨ  ᠬᠢᠨ ᠣᠷᠤᠨ ᠪᠦᠰᠡ ᠠᠯᠤᠰᠯᠠᠨ ᠭᠡᠰᠦᠭᠦᠴᠢᠯᠡᠨ ᠬᠢᠬᠠᠨ ᠮᠡᠬᠡᠯᠡᠭᠰᠡᠨ ᠬᠡᠷᠡᠭ ᠢ ᠢᠯᠡᠷᠡᠭᠦᠯᠵᠡᠢ᠃ ᠬᠡᠷᠡᠭ ᠲᠤ ᠬᠤᠯᠪᠤᠭᠳᠠᠭᠰᠠᠨ ᠡᠷᠡᠭᠲᠡᠢ ᠪᠡᠶ᠎ᠡ ᠳᠡᠭᠡᠨ ᠰᠢᠷᠭᠤᠯᠵᠢ ᠠᠪᠴᠦ ᠶᠠᠪᠤᠵᠤ᠂ ᠨᠢᠰᠭᠡᠯ ᠤᠨ ᠪᠠᠭᠤᠳᠠᠯ ᠪᠤᠶᠤ ᠭᠠᠯᠲᠤ ᠲᠡᠷᠭᠡᠨ ᠥᠷᠲᠡᠭᠡᠨ ᠤ ᠬᠤᠭᠤᠯᠠᠨ ᠭᠡᠷ ᠢ ᠰᠤᠩᠭᠤᠨ  ᠬᠤᠭᠤᠯᠠᠯᠠᠬᠤ ᠳᠠᠭᠠᠨ ᠰᠢᠷᠭᠤᠯᠵᠢ ᠶᠢ ᠢᠳᠡᠭᠡᠨ ᠳᠡᠭᠡᠨ ᠵᠣᠷᠢᠭᠤᠳᠠ ᠬᠢᠵᠦ ᠣᠷᠤᠭᠤᠯᠤᠨ ᠰᠢᠷᠭᠤᠯᠵᠢ ᠣᠯᠵᠤ ᠢᠳᠡᠵᠡᠢ ᠬᠡᠮᠡᠨ ᠵᠠᠯᠢᠬᠠᠶᠢᠯᠠᠨ ᠪᠣᠯᠢᠬᠠᠶᠢᠯᠠᠵᠤ᠂ ᠬᠤᠭᠤᠯᠠᠨ ᠭᠡᠷ ᠢ ᠢᠯᠡᠴᠢᠯᠡᠨ ᠵᠠᠭᠠᠯᠳᠤᠵᠤ ᠬᠢᠬᠠᠨ ᠮᠦᠯᠵᠢᠳᠡᠭ᠃ 2023 ᠣᠨ ᠠᠴᠠ ᠨᠠᠭᠠᠰᠢ᠂ ᠲᠤᠰ ᠡᠷᠡᠭᠲᠡᠢ ᠠᠳᠠᠯᠢᠬᠠᠨ ᠠᠷᠭ᠎ᠠ ᠪᠠᠷ 20 ᠭᠠᠷᠤᠢ ᠮᠤᠵᠢ᠂ 80 ᠭᠠᠷᠤᠢ ᠲᠤᠰᠬᠠᠢ ᠣᠷᠤᠨ ᠤ ᠳᠡᠰ ᠤᠨ ᠬᠤᠲᠠ ᠪᠠᠷ ᠭᠡᠰᠦᠵᠦ ᠬᠡᠷᠡᠭ ᠦᠢᠯᠡᠳᠴᠦ᠂ ᠬᠡᠷᠡᠭ ᠲᠤ ᠬᠤᠯᠪᠤᠭᠳᠠᠭᠰᠠᠨ ᠲᠤᠭ᠎ᠠ ᠨᠢ 700 ᠭᠠᠷᠤᠢ ᠪᠠᠶᠢᠵᠤ᠂ ᠬᠡᠷᠡᠭ ᠲᠤ ᠬᠤᠯᠪᠤᠭᠳᠠᠭᠰᠠᠨ ᠵᠣᠭᠤᠰ ᠤᠨ ᠲᠤᠭ᠎ᠠ ᠨᠢ 10 ᠭᠠᠷᠤᠢ ᠲᠥᠮᠡᠨ ᠲᠥᠭᠦᠷᠢᠭ ᠲᠤ ᠬᠦᠷᠴᠡᠢ᠃    ᠦᠨᠡᠯᠡᠯᠲᠡ᠄ ᠰᠢᠷᠭᠤᠯᠵᠢ ᠡᠪᠦᠷᠯᠡᠨ ᠵᠠᠪᠰᠢᠨ ᠳᠠᠯᠢᠮᠳᠠᠭᠤᠯᠬᠤ ᠠᠵᠢᠯᠯᠠᠭ᠎ᠠ ᠨᠢ ᠬᠤᠳᠠᠯᠳᠤᠭᠠᠴᠢᠨ ᠤ ︽ᠢᠯᠡᠭᠦᠦ ᠨᠢᠭᠡ ᠶᠠᠪᠤᠳᠠᠯ ᠨᠢ ᠳᠤᠲᠠᠭᠤ ᠨᠢᠭᠡ ᠶᠠᠪᠤᠳᠠᠯ ᠢ ᠬᠦᠷᠬᠦ ᠦᠭᠡᠢ︾ ᠭᠡᠬᠦ ᠰᠡᠳᠭᠢᠴᠡ ᠶᠢ ᠠᠰᠢᠭᠯᠠᠨ ᠪᠣᠷᠤᠭᠤ ᠭᠠᠵᠠᠷ ᠲᠤ ᠪᠤᠳᠤᠯ ᠰᠠᠨᠠᠭ᠎ᠠ ᠪᠠᠨ ᠬᠡᠷᠡᠭᠯᠡᠭᠰᠡᠨ ᠶᠠᠪᠤᠳᠠᠯ ᠪᠣᠯᠤᠨ᠎ᠠ᠃ ᠦᠨᠡᠨᠴᠢ ᠢᠲᠡᠭᠡᠮᠵᠢᠲᠡᠢ ᠪᠠᠶᠢᠬᠤ ᠪᠣᠯ ᠣᠷᠤᠰᠢᠨ ᠲᠤᠭᠲᠠᠨᠢᠬᠤ ᠶᠢᠨ ᠦᠨᠳᠦᠰᠦ ᠮᠦᠨ᠂ ᠵᠣᠭᠤᠰ ᠬᠤᠨᠵᠢᠬᠤ ᠶᠢᠨ ᠲᠥᠯᠦᠭᠡ ᠡᠯᠳᠡᠪ ᠠᠷᠭ᠎ᠠ ᠶᠢ ᠬᠡᠷᠡᠭᠯᠡᠨ ᠵᠠᠪᠰᠢᠨ ᠳᠠᠯᠢᠮᠳᠠᠭᠤᠯᠬᠤ ᠨᠢ ᠡᠴᠦᠰ ᠲᠡᠭᠡᠨ ᠬᠠᠤᠯᠢ ᠶᠢ ᠵᠦᠷᠢᠴᠡᠵᠦ ᠶᠠᠯ᠎ᠠ ᠬᠢᠬᠦ ᠭᠠᠵᠢᠭᠤ ᠵᠠᠮ ᠢᠶᠠᠷ ᠶᠠᠪᠤᠬᠤ ᠪᠣᠯᠤᠨ᠎ᠠ᠃
   ᠡᠷᠭᠢᠭᠦᠦ ᠰᠢᠳᠠᠮ ᠡᠵᠡᠨ ᠳᠡᠭᠡᠨ    ᠣᠶᠢᠷ᠎ᠠ ᠳᠤ᠂ ᠨᠢᠭᠡᠨ ᠡᠷᠡᠭᠲᠡᠢ ᠣᠬᠤᠷ ᠸᠢᠳᠢᠤ᠋ ᠦᠵᠡᠬᠦ ᠪᠠᠷ ᠳᠠᠮᠵᠢᠨ ᠴᠠᠬᠢᠯᠭᠠᠨ ᠬᠦᠳᠡᠯᠭᠡᠭᠦᠷᠲᠦ ᠳᠤᠭᠤᠢ ᠲᠡᠷᠭᠡᠨ ᠤ ᠣᠨᠢᠰᠤ ᠡᠪᠳᠡᠬᠦ ᠮᠡᠷᠭᠡᠵᠢᠯ ᠢ ᠰᠤᠷᠴᠤ ᠴᠠᠬᠢᠯᠭᠠᠨ ᠬᠦᠳᠡᠯᠭᠡᠭᠦᠷᠲᠦ ᠳᠤᠭᠤᠢ ᠲᠡᠷᠭᠡ ᠬᠤᠯᠠᠭᠠᠶᠢᠯᠠᠭᠠᠳ ᠡᠷᠡᠭᠦᠦ ᠰᠢᠢᠳᠭᠡᠯ ᠣᠯᠵᠠᠢ᠃    ᠤᠶᠢᠯᠠᠭᠠᠭᠰᠠᠨ ᠢᠶᠠᠷ᠂ ᠵᠠᠩ ᠣᠪᠤᠭᠲᠤ ᠣᠬᠤᠷ ᠸᠢᠳᠢᠤ᠋ ᠦᠵᠡᠬᠦ ᠪᠠᠷ ᠳᠠᠮᠵᠢᠨ ᠲᠥᠯᠬᠢᠭᠦᠷ ᠦᠭᠡᠢ ᠪᠠᠶᠢᠳᠠᠯ ᠳᠤᠤᠷ᠎ᠠ ᠲᠡᠷᠭᠡ ᠬᠦᠳᠡᠯᠭᠡᠬᠦ ᠤᠷ᠎ᠠ ᠮᠡᠷᠭᠡᠵᠢᠯ ᠢ ᠡᠵᠡᠮᠰᠢᠭᠰᠡᠨ ᠤ ᠰᠡᠭᠦᠯᠡᠷ ᠣᠯᠠᠨ ᠤᠳᠠᠭ᠎ᠠ ᠰᠦᠨᠢ ᠳᠥᠯᠢ ᠪᠠᠷ ᠪᠣᠰᠤᠳ ᠤᠨ ᠴᠠᠬᠢᠯᠭᠠᠨ ᠬᠦᠳᠡᠯᠭᠡᠭᠦᠷᠲᠦ ᠳᠤᠭᠤᠢ ᠲᠡᠷᠭᠡᠨ ᠤ ᠣᠨᠢᠰᠤ ᠶᠢ ᠨᠢ ᠨᠡᠬᠡᠭᠡᠭᠰᠡᠨ ᠤ ᠳᠠᠷᠠᠭ᠎ᠠ ᠬᠤᠯᠠᠭᠠᠶᠢᠯᠠᠨ ᠤᠨᠤᠵᠤ ᠶᠠᠪᠤᠪᠠ᠃ ᠪᠠᠷᠢᠪᠴᠢᠯᠠᠭᠳᠠᠬᠤ ᠪᠣᠯᠲᠠᠯ᠎ᠠ ᠪᠠᠨ ᠵᠠᠩ ᠣᠪᠤᠭᠲᠤ ᠪᠤᠵᠠᠷ ᠡᠳ᠋ ᠢᠶᠠᠨ ᠪᠣᠷᠤᠯᠠᠭᠤᠯᠤᠭᠠᠳ 3000 ᠭᠠᠷᠤᠢ ᠲᠥᠭᠦᠷᠢᠭ ᠤᠨ ᠠᠰᠢᠭ ᠣᠯᠵᠠᠢ᠃ ᠡᠴᠦᠰ ᠲᠡᠭᠡᠨ ᠵᠠᠩ ᠣᠪᠤᠭᠲᠤ ᠶᠢ ᠬᠤᠯᠠᠭᠠᠶᠢᠯᠠᠭᠰᠠᠨ ᠶᠠᠯ᠎ᠠ ᠪᠠᠷ ᠰᠢᠭᠦᠬᠦ ᠬᠤᠷᠢᠶᠠᠨ ᠠᠴᠠ 7 ᠰᠠᠷ᠎ᠠ ᠶᠢᠨ ᠬᠤᠭᠤᠴᠠᠭ᠎ᠠ ᠲᠠᠢ ᠬᠤᠷᠢᠬᠤ ᠡᠷᠡᠭᠦᠦ ᠪᠠᠷ ᠰᠢᠢᠳᠭᠡᠵᠡᠢ᠃    ᠦᠨᠡᠯᠡᠯᠲᠡ᠄ ᠦᠨᠡᠨ ᠳᠡᠭᠡᠨ ᠮᠡᠷᠭᠡᠵᠢᠯ ᠰᠤᠷᠴᠤ ᠰᠣᠳᠤᠯᠬᠤ ᠨᠢ ᠰᠠᠶᠢᠨ ᠶᠠᠪᠤᠳᠠᠯ ᠪᠣᠯᠬᠤ ᠶᠤᠮ᠂ ᠭᠡᠪᠡᠴᠦ  ᠵᠥᠪ ᠵᠠᠮ ᠳᠤ  ᠬᠡᠷᠡᠭᠯᠡᠬᠦ ᠬᠡᠷᠡᠭᠲᠡᠢ᠃ ᠡᠨᠡ ᠮᠡᠲᠦ  ᠪᠠᠷ ︽ᠰᠤᠷᠤᠭᠰᠠᠨ  ᠮᠡᠳᠡᠯᠭᠡ ᠪᠠᠨ  ᠪᠤᠷᠤᠭᠤ  ᠭᠠᠵᠠᠷ ᠲᠤ ᠬᠡᠷᠡᠭᠯᠡᠬᠦ︾ ᠨᠢ ᠳᠠᠩᠴᠤ ᠲᠡᠨᠡᠭ ᠶᠠᠪᠤᠳᠠᠯ ᠪᠣᠯᠬᠤ ᠪᠥᠭᠡᠳ ᠭᠢᠨᠳᠠᠨ ᠳᠤ ᠬᠤᠷᠢᠭᠳᠠᠬᠤ ᠨᠢ ᠦᠨᠡᠬᠡᠷ ᠥᠪᠡᠷ ᠤᠨ ᠮᠠᠭᠤ ᠳᠠᠭᠠᠨ ᠶᠤᠮ᠃
   ᠡᠪ ᠦᠭᠡᠢ ᠣᠯᠵᠠ ᠶᠢ ᠪᠦᠦ ᠰᠠᠨᠠ    ᠣᠶᠢᠷ᠎ᠠ ᠳᠤ᠂ ᠨᠢᠭᠡᠨ ᠡᠮᠡᠭᠲᠡᠢ ᠬᠡᠳᠦ ᠳᠡᠯᠭᠡᠭᠦᠷ ᠲᠤ ᠥᠪᠡᠰᠦᠪᠡᠨ ᠲᠣᠭᠠᠴᠠᠭ᠎ᠠ ᠬᠢᠬᠦ ᠥᠶ᠎ᠡ ᠳᠤ ᠵᠣᠷᠢᠭᠤᠳᠠ ᠲᠠᠸᠠᠷ ᠤᠨ ᠨᠤᠮᠧᠷ ᠢ ᠣᠷᠬᠢᠭᠳᠠᠭᠤᠯᠵᠤ᠂ ᠪᠣᠰᠤᠳ ᠤᠨ ᠬᠠᠶᠠᠭᠰᠠᠨ ᠵᠢᠵᠢᠭ ᠪᠢᠯᠧᠲ ᠢ ᠭᠠᠷᠭᠠᠵᠤ ᠳᠠᠩᠰᠠ ᠳᠤᠲᠠᠭᠠᠬᠤ ᠪᠠᠷ ᠭᠤᠷᠢᠳᠠᠵᠤ ᠪᠠᠶᠢᠭᠰᠠᠨ ᠳᠤ ᠠᠵᠢᠯᠲᠠᠨ ᠲᠡᠭᠦᠨ ᠢ ᠬᠠᠰᠢᠵᠤ ᠠᠪᠴᠠᠢ᠃ ᠠᠷᠠᠳ ᠤᠨ ᠴᠠᠭᠳᠠᠭ᠎ᠠ ᠬᠦᠷᠴᠦ ᠢᠷᠡᠭᠰᠡᠨ ᠤ ᠳᠠᠷᠠᠭ᠎ᠠ᠂ ᠲᠡᠷᠡ ᠡᠮᠡᠭᠲᠡᠢ ︽ᠠᠳᠡᠭᠦᠷᠡᠯ︾ ᠭᠡᠵᠦ ᠮᠠᠷᠭᠤᠨ᠂ ᠥᠪᠡᠷ ᠤᠨ ︽ᠦᠴᠦᠬᠡᠨ ᠠᠵᠢᠯᠯᠠᠭ᠎ᠠ︾ ᠨᠢ ᠬᠢᠨᠠᠨ ᠡᠵᠡᠮᠳᠡᠭᠳᠡᠭᠰᠡᠨ ᠢ ᠣᠯᠵᠤ ᠮᠡᠳᠡᠭᠰᠡᠨ ᠦᠭᠡᠢ᠃ ᠣᠶᠢᠯᠠᠭᠠᠭᠰᠠᠨ ᠢᠶᠠᠷ᠂ ᠲᠤᠰ ᠡᠮᠡᠭᠲᠡᠢ ᠤᠤᠯ ᠨᠢ ᠣᠯᠠᠨ ᠤᠳᠠᠭ᠎ᠠ ᠳᠠᠩᠰᠠᠨ ᠠᠴᠠ ᠳᠤᠲᠠᠭᠠᠵᠤ ᠥᠩᠭᠡᠷᠡᠵᠡᠢ᠂ ᠭᠡᠪᠡᠴᠦ ᠣᠳᠤ ᠨᠢᠭᠡᠨᠲᠡ ᠡᠷᠡᠭᠦᠦ ᠶᠢᠨ ᠬᠡᠷᠡᠭ ᠤᠨ ᠠᠯᠪᠠᠳᠠᠯᠭ᠎ᠠ ᠶᠢᠨ ᠠᠷᠭ᠎ᠠ ᠬᠡᠮᠵᠢᠶ᠎ᠡ ᠪᠠᠷ ᠬᠠᠤᠯᠢ ᠶᠣᠰᠤᠭᠠᠷ ᠰᠢᠢᠳᠭᠡᠭᠳᠡᠭᠰᠡᠨ ᠪᠠᠶᠢᠨ᠎ᠠ᠃    ᠦᠨᠡᠯᠡᠯᠲᠡ᠄ ︽ᠵᠢᠷᠤᠭ ᠲᠠᠢ ᠦᠨᠡᠨ ᠲᠠᠢ︾ ᠪᠣᠳᠠᠲᠤ ᠬᠡᠷᠡᠭ ᠤᠨ ᠡᠮᠦᠨ᠎ᠡ᠂ ᠠᠯᠢᠪᠠ ᠪᠣᠯᠢᠬᠠᠶᠢᠯᠠᠯ ᠨᠢ ᠴᠦᠮ ᠬᠦᠴᠦᠨ ᠦᠭᠡᠢ ᠪᠠᠶᠢᠳᠠᠭ᠃ ᠮᠡᠳᠡᠵᠦ ᠪᠠᠶᠢᠭᠠᠳ ᠵᠣᠷᠢᠭᠤᠳᠠ ᠵᠦᠷᠢᠴᠡᠬᠦ ᠡᠶᠢᠮᠦᠷᠬᠦᠦ ᠬᠤᠷᠤᠭᠤ ᠬᠢᠮᠤᠰᠤ ᠬᠦᠳᠡᠯᠭᠡᠬᠦ ᠠᠵᠢᠯᠯᠠᠭ᠎ᠠ ᠨᠢ ᠶᠣᠰᠤ ᠮᠤᠷᠠᠯ ᠰᠤᠷᠲᠠᠯ ᠢᠶᠠᠨ ᠠᠯᠳᠠᠵᠤ᠂ ᠬᠠᠤᠯᠢ ᠴᠠᠭᠠᠵᠠ ᠳᠤ ᠬᠠᠯᠳᠠᠭᠰᠠᠨ ᠪᠣᠯᠬᠤᠷ ᠴᠢᠩᠭ᠎ᠠ ᠰᠢᠢᠳᠭᠡᠯ ᠣᠯᠬᠤ ᠨᠢ ᠯᠠᠪᠲᠠᠢ ᠶᠤᠮ᠃
 
ᠢᠷᠡᠯᠲᠡ᠄ ᠬᠠᠤᠯᠢ ᠪᠠᠷ ᠵᠠᠰᠠᠬᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号