ᠱᠠᠨ ᠱᠦᠢ ᠷᠧᠨ ᠵᠢᠶᠠ ᠨᠡᠶᠢᠭᠡᠮ ᠲᠣᠭᠤᠷᠢᠭ ᠰᠢᠨ᠎ᠡ ᠵᠢᠯ ᠤᠨ ᠪᠠᠶᠠᠷ ᠢ ᠪᠡᠯᠭᠡᠯᠡᠬᠦ ᠠᠵᠢᠯᠯᠠᠭ᠎ᠠ ᠥᠷᠨᠢᠭᠦᠯᠪᠡ
ᠨᠡᠶᠢᠲᠡᠯᠡᠭᠰᠡᠨ ᠴᠠᠭ᠄
2024/12/26
    12 ᠰᠠᠷ᠎ᠠ ᠶᠢᠨ 25 ᠤ ᠡᠳᠦᠷ᠂ ᠱᠠᠨ ᠱᠦᠢ ᠷᠧᠨ ᠵᠢᠶᠠ ᠨᠡᠶᠢᠭᠡᠮ ᠲᠣᠭᠤᠷᠢᠭ ᠰᠢᠨ᠎ᠡ ᠵᠢᠯ ᠤᠨ ᠪᠠᠶᠠᠷ ᠢ ᠪᠡᠯᠭᠡᠯᠡᠬᠦ ᠠᠵᠢᠯᠯᠠᠭ᠎ᠠ ᠥᠷᠨᠢᠭᠦᠯᠪᠡ᠃ ᠠᠵᠢᠯᠯᠠᠭ᠎ᠠ ᠨᠢ ᠪᠥᠵᠢᠭ ︽ᠳᠣᠷᠣᠨ᠎ᠠ ᠵᠦᠭ ᠲᠤᠶᠠᠭᠠᠷᠠᠯ᠎ᠠ︾ ᠭᠡᠬᠦ ᠪᠥᠵᠢᠭ ᠢᠶᠠᠷ ᠡᠬᠢᠯᠡᠵᠦ᠂ ᠦᠨᠳᠦᠰᠦᠲᠡᠨ ᠤ ᠪᠥᠵᠢᠭ᠂ ᠬᠦᠭᠵᠢᠮᠳᠡᠭᠦᠷ ᠤᠨ ᠨᠠᠶᠢᠷᠠᠯ ᠬᠥᠭᠵᠢᠮ᠂ ᠭᠤᠴᠣᠯᠠᠯ ᠳᠠᠭᠤᠤ ᠵᠡᠷᠭᠡ ᠲᠣᠭᠯᠠᠯᠲᠠ ᠵᠠᠯᠭᠠᠭ᠎ᠠ ᠪᠠᠷ ᠶᠠᠪᠤᠭᠳᠠᠵᠤ᠂ ᠳᠠᠭᠤᠤ ᠪᠥᠵᠢᠭ ᠢᠶᠠᠷ ᠦᠨᠳᠦᠰᠦᠲᠡᠨ ᠤ ᠪᠦᠯᠬᠦᠮᠳᠡᠯ᠂ ᠬᠥᠷᠰᠢ ᠵᠡᠷᠭᠡᠯᠡᠳᠡᠭᠡ ᠶᠢᠨ ᠡᠶ᠎ᠡ ᠨᠠᠶᠢᠷᠠᠮᠳᠠᠭᠤ ᠰᠠᠶᠢᠨ ᠰᠠᠶᠢᠬᠠᠨ ᠬᠠᠶᠢᠷ᠎ᠠ ᠰᠡᠳᠬᠢᠯᠭᠡ ᠶᠢ ᠳᠠᠮᠵᠢᠭᠤᠯᠵᠤ᠂ ᠡᠬᠡ ᠤᠯᠤᠰ ᠤᠨ ᠰᠢᠨ᠎ᠡ ᠳᠦᠷᠰᠦ ᠪᠠᠶᠢᠳᠠᠯ ᠢ ᠮᠠᠭᠲᠠᠨ ᠰᠠᠶᠢᠰᠢᠶᠠᠬᠤ ᠪᠠ ᠰᠠᠶᠢᠨ ᠰᠠᠶᠢᠬᠠᠨ ᠠᠮᠢᠳᠤᠷᠠᠯ ᠤᠨ ᠲᠤᠬᠠᠶ ᠵᠥᠩᠨᠡᠯ ᠳᠡᠪᠰᠢᠭᠦᠯᠪᠡ᠃ ᠠᠵᠢᠯᠯᠠᠭ᠎ᠠ ᠶᠢᠨ ᠳᠤᠮᠳᠠ᠂ ᠪᠠᠰᠠ ᠰᠢᠯᠢᠳᠡᠭ ᠭᠡᠷ ᠤᠨ ᠰᠤᠷᠲᠠᠯ ᠢᠶᠠᠷ ᠬᠥᠬᠢᠭᠦᠯᠦᠨ  ᠰᠠᠶᠢᠰᠢᠶᠠᠭᠳᠠᠭᠴᠢ ᠶᠢ ᠤᠷᠢᠵᠤ ᠠᠬᠤᠢ ᠲᠠᠯᠠᠪᠠᠢ ᠶᠢᠨ ᠦᠵᠡᠭᠴᠢᠳ ᠲᠤ ᠰᠢᠯᠢᠳᠡᠭ ᠭᠡᠷ ᠤᠨ ᠰᠤᠷᠲᠠᠯ ᠤᠨ ᠦᠯᠢᠭᠡᠷ ᠢ ᠬᠤᠪᠢᠶᠠᠯᠴᠠᠭᠤᠯᠪᠠ᠃
 
ᠢᠷᠡᠯᠲᠡ᠄ ᠰᠠᠭᠤᠭᠳᠠᠯᠲᠤ ᠬᠦᠷᠢᠶ᠎ᠡ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号