ᠬᠦᠷᠢᠶ᠎ᠡ ᠬᠤᠰᠢᠭᠤᠨ ᠤ ᠡᠯᠡᠰᠦᠨ ᠪᠠᠯᠭᠠᠰᠤᠨ ᠤ ᠵᠢᠯᠢᠲᠤ ᠶᠢᠨ ᠭᠠᠴᠠᠭᠠᠨ ᠤ ᠪᠠᠶᠠᠨᠲᠤᠩᠭᠠᠯᠠᠭ ᠤᠨ ᠭᠡᠷ ᠲᠤ | ᠬᠦᠷᠴᠦ ᠦᠵᠡᠪᠡᠯ᠂ ᠤᠷᠤᠯᠳᠤᠭᠠᠨ ᠤ ᠮᠣᠷᠢᠳ ᠨᠢ ᠪᠡᠶ᠎ᠡ ᠪᠢᠯᠳᠠᠷ ᠨᠢ ᠵᠢᠭᠳᠡ ᠰᠢᠯᠤᠭᠤᠨ᠂ ᠲᠠᠷᠭᠤ ᠬᠦᠴᠦ | ᠰᠠᠶᠢᠲᠠᠢ᠂ ᠴᠢᠪᠠᠭᠠᠨ ᠤᠯᠠᠭᠠᠨ ᠦᠰᠤ ᠨᠢ ᠭᠦᠯᠲᠦᠭᠡᠨᠡᠨ ᠬᠠᠷᠠᠭᠳᠠᠨ᠎ᠠ᠃ ᠪᠠᠶᠠᠨᠲᠤᠩᠭᠠᠯᠠᠭ ᠡᠲᠡᠭᠡᠷ ᠵᠢᠷᠤᠭ᠎ᠠ | ᠮᠣᠷᠢᠳ ᠢᠶᠠᠨ ᠪᠣᠯᠪᠠᠰᠤᠷᠠᠭᠤᠯᠬᠤ ᠪᠠᠷ ᠶᠠᠭᠠᠷᠠᠵᠤ ᠪᠠᠶᠢᠯ᠎ᠠ᠂ ᠵᠢᠷᠤᠭ᠎ᠠ ᠮᠣᠷᠢ ᠨᠢ ᠤᠷᠤᠯᠳᠤᠭᠠᠨ ᠤ ᠮᠣᠷᠢᠨ ᠤ ᠨᠢᠭᠡ | ᠵᠦᠢᠯ ᠪᠠᠶᠢᠵᠤ᠂ ᠳᠠᠰᠬᠠᠯᠵᠢᠭᠤᠯᠤᠭᠰᠠᠨ ᠤ ᠳᠠᠷᠠᠭᠠᠬᠢ ᠵᠢᠷᠤᠭ᠎ᠠ ᠮᠣᠷᠢ ᠨᠢ ᠤᠨᠤᠬᠤ ᠳᠤ ᠯᠠᠪᠳᠠᠭᠤᠨ ᠲᠣᠭᠲᠠᠭᠤᠨ | ᠳᠣᠩᠰᠣᠯᠤᠯᠲᠠ ᠪᠠᠶᠢᠬᠤ ᠦᠭᠡᠢ᠂ ᠬᠤᠷᠳᠤᠨ ᠮᠣᠷᠢ ᠲᠠᠢ ᠠᠳᠠᠯᠢᠳᠬᠠᠪᠠᠯ ᠮᠣᠷᠢᠴᠢᠨ ᠨᠢ ᠮᠣᠷᠢ ᠲᠠᠢ ᠪᠠᠨ | ᠵᠣᠬᠢᠴᠠᠯᠳᠤᠬᠤ ᠬᠡᠮᠵᠢᠶ᠎ᠡ ᠶᠢ ᠨᠠᠩ ᠢᠯᠡᠭᠦᠦ ᠰᠢᠯᠭᠠᠵᠤ᠂ ᠡᠳᠦᠷ ᠲᠤᠲᠤᠮ ᠤᠨ ᠪᠣᠯᠪᠠᠰᠤᠷᠠᠯ ᠢᠶᠠᠨ ᠨᠢᠭᠡ ᠡᠳᠦᠷ ᠴᠦ | ᠵᠣᠭᠰᠣᠭᠠᠵᠤ ᠪᠣᠯᠬᠤ ᠦᠭᠡᠢ ᠪᠠᠶᠢᠳᠠᠭ᠃ | | | | ᠪᠠᠶᠠᠨᠲᠤᠩᠭᠠᠯᠠᠭ ᠤᠨ ᠬᠢᠨ ᠤ ᠤᠷᠤᠯᠳᠤᠭᠠᠨ ᠮᠣᠷᠢᠳ᠃ | ︽ᠪᠢ ᠮᠣᠷᠢ ᠠᠷᠠᠴᠢᠯᠠᠨ ᠲᠡᠵᠢᠭᠡᠭᠡᠳ ᠨᠢᠭᠡᠨᠲᠡ 45 ᠵᠢᠯ ᠪᠣᠯᠵᠠᠢ᠂ ᠮᠣᠷᠢ ᠪᠣᠯ ᠮᠠᠨ ᠤ ᠳᠣᠲᠣᠨᠣ ᠬᠠᠨᠢᠲᠠᠨ | ᠮᠥᠨ᠂ ᠡᠨᠡ ᠨᠢ ᠮᠠᠨ ᠤ ᠦᠢᠯᠡᠳᠪᠦᠷᠢᠯᠡᠯ ᠠᠮᠢᠳᠤᠷᠠᠯ ᠳᠤ ᠲᠦᠢᠯ ᠤᠨ ᠴᠢᠬᠤᠯᠠ ᠪᠠᠶᠢᠳᠠᠭ᠂ ᠪᠢ ᠮᠣᠷᠢ ᠲᠠᠢ ᠪᠠᠨ | ᠮᠠᠰᠢ ᠭᠦᠨ ᠵᠤᠵᠠᠭᠠᠨ ᠬᠠᠶᠢᠷ᠎ᠠ ᠰᠡᠳᠬᠢᠯᠭᠡ ᠲᠠᠢ ᠪᠠᠶᠢᠨ᠎ᠠ︾ ᠭᠡᠵᠦ ᠪᠠᠶᠠᠨᠲᠤᠩᠭᠠᠯᠠᠭ ᠥᠪᠡᠷ ᠤᠨ ᠦᠯᠢᠭᠡᠷ ᠢᠶᠠᠨ | ᠶᠡᠷᠢᠵᠤ ᠦᠭᠡᠨ ᠤ ᠬᠠᠶᠢᠷᠴᠠᠭ ᠢᠶᠠᠨ ᠨᠡᠬᠡᠭᠡᠯ᠎ᠡ᠃ ᠵᠢᠯᠢᠲᠤ ᠭᠠᠴᠠᠭ᠎ᠠ ᠶᠡᠷᠦ ᠨᠢ ᠮᠣᠷᠢ ᠲᠡᠵᠢᠭᠡᠬᠦ ᠵᠠᠩᠰᠢᠯ ᠲᠠᠢ᠂ | ᠪᠠᠶᠠᠨᠲᠤᠩᠭᠠᠯᠠᠭ ᠤᠨ ᠡᠴᠢᠭᠡ ᠶᠢᠨ ᠦᠶ᠎ᠡ ᠶᠢᠨ ᠬᠢᠨ ᠲᠣᠰᠬᠤᠨ ᠤ ᠦᠢᠯᠡᠳᠪᠦᠷᠢᠯᠡᠯ ᠤᠨ ᠪᠠᠷᠢᠭᠠᠳᠠ ᠳᠤ ᠮᠣᠷᠢ | ᠲᠡᠵᠢᠭᠡᠬᠦ ᠶᠢ ᠬᠠᠷᠢᠭᠤᠴᠠᠵᠤ᠂ ᠰᠣᠨᠤᠰᠴᠤ ᠦᠵᠡᠭᠰᠡᠭᠡᠷ ᠪᠠᠶᠢᠵᠤ᠂ ᠬᠠᠷᠠᠬᠠᠨ ᠪᠠᠭ᠎ᠠ ᠠᠴᠠ ᠪᠠᠨ ᠮᠣᠷᠢ ᠳᠤ ᠲᠣᠩ | ᠳᠤᠷ᠎ᠠ ᠪᠠᠬ᠎ᠠ ᠲᠠᠢ ᠪᠣᠯᠵᠤ᠂ ᠵᠠᠪᠰᠢᠶᠠᠨ ᠯᠡ ᠣᠯᠳᠠᠪᠠᠯ ᠮᠣᠷᠢ ᠶᠢ ᠲᠠᠨᠢᠵᠤ ᠮᠡᠳᠡᠬᠦ ᠤᠶᠢᠯᠠᠭᠠᠵᠤ ᠲᠥᠬᠦᠭᠡᠷᠡᠬᠦ | ᠠᠬᠠᠮᠠᠳ ᠬᠦᠮᠦᠰ ᠠᠴᠠ ᠮᠣᠷᠢ ᠳᠠᠰᠬᠠᠯᠵᠢᠭᠤᠯᠬᠤ᠂ ᠮᠣᠷᠢ ᠲᠡᠵᠢᠭᠡᠬᠦ ᠮᠡᠳᠡᠯᠭᠡ ᠶᠢᠨ ᠲᠤᠬᠠᠢ ᠰᠤᠷᠭᠠᠮᠵᠢ ᠠᠪᠴᠤ᠂ | ᠠᠭᠠᠵᠢᠮ ᠢᠶᠠᠷ ᠪᠠᠶᠠᠯᠢᠭ ᠲᠤᠷᠰᠢᠯᠭ᠎ᠠ ᠬᠤᠷᠠᠮᠳᠤᠭᠤᠯᠤᠭᠰᠠᠨ ᠪᠠᠶᠢᠨ᠎ᠠ᠃ | | | | | | ᠪᠠᠶᠠᠨᠲᠤᠩᠭ᠋ᠠ ᠵᠢᠷᠤᠭ᠎ᠠ ᠮᠣᠷᠢ ᠪᠠᠨ ᠳᠠᠰᠬᠠᠯᠵᠢᠭᠤᠯᠵᠤ ᠪᠠᠶᠢᠭ᠎ᠠ ᠨᠢ ᠃ | ᠮᠠᠯᠵᠢᠬᠤ ᠲᠠᠷᠢᠶᠠᠯᠠᠬᠤ ᠣᠷᠣᠨ ᠳᠤ᠂ ᠮᠣᠷᠢ ᠪᠣᠯ ᠴᠢᠬᠤᠯᠠ ᠮᠠᠯ ᠠᠳᠤᠭᠤᠰᠤ ᠪᠠᠶᠢᠵᠤ᠂ ᠲᠠᠷᠢᠶ᠎ᠠ ᠲᠠᠷᠢᠬᠤ᠂ | ᠪᠠᠷᠠᠭ᠎ᠠ ᠠᠴᠢᠵᠤ ᠵᠦᠭᠡᠭᠡᠬᠦ᠂ ᠶᠠᠪᠤᠵᠤ ᠰᠠᠭᠤᠬᠤ ᠁ ᠲᠣᠰᠬᠤᠨ ᠤ ᠠᠷᠠᠳ ᠤᠨ ᠦᠢᠯᠡᠳᠪᠦᠷᠢᠯᠡᠯ | ᠠᠮᠢᠳᠤᠷᠠᠯ ᠲᠠᠢ ᠨᠢᠭᠲᠠ ᠬᠤᠯᠪᠣᠭ᠎ᠠ ᠲᠠᠢ ᠪᠠᠶᠢᠳᠠᠭ᠂ ᠭᠡᠪᠡᠴᠦ ᠮᠠᠰᠢᠨᠴᠢᠯᠠᠯᠲᠠ ᠶᠢᠨ ᠬᠥᠭᠵᠢᠯᠲᠡ ᠶᠢ ᠳᠠᠭᠠᠯᠳᠤᠨ᠂ | ᠮᠣᠷᠢᠨ ᠤ ᠦᠢᠯᠡᠳᠦᠯ ᠨᠢ ᠡᠮᠦᠨᠡᠬᠢ ᠪᠠᠨ ᠬᠤᠯᠠ ᠬᠦᠷᠬᠦ ᠦᠭᠡᠢ᠂ ᠮᠠᠰᠢ ᠣᠯᠠᠨ ᠬᠥᠮᠥᠨ ᠮᠣᠷᠢ ᠲᠡᠵᠢᠭᠡᠬᠦ ᠪᠠᠨ | ᠬᠠᠶᠠᠵᠤ᠂ ᠠᠵᠤ ᠠᠬᠤᠢ ᠶᠢᠨ ᠥᠷᠲᠡᠭ ᠢᠶᠠᠷ ᠨᠡᠩ ᠥᠨᠳᠥᠷ ᠮᠠᠯ ᠲᠡᠵᠢᠭᠡᠵᠦ᠂ ᠵᠠᠷᠢᠮ ᠨᠠᠶᠢᠵᠠ ᠨᠠᠷ ᠨᠢ ᠲᠡᠭᠦᠨ ᠢ | ︽ᠲᠡᠵᠢᠭᠡᠵᠦ ᠪᠠᠶᠢᠭᠰᠠᠨ ᠴᠤ ᠵᠣᠭᠤᠰ ᠣᠯᠬᠤ ᠦᠭᠡᠢ ᠪᠣᠯ ᠪᠦᠷ ᠬᠤᠳᠠᠯᠳᠤᠴᠢᠬᠠ︾ ᠭᠡᠵᠦ ᠢᠳᠬᠠᠵᠤ᠂ ᠭᠡᠶ᠎ᠡ | ᠪᠠᠶᠠᠨᠲᠤᠩᠭᠠᠯᠠᠭ ᠲᠣᠯᠣᠭᠠᠢ ᠰᠠᠵᠢᠵᠤ᠂ ᠥᠩᠭᠡᠷᠡᠭᠰᠡᠨ ᠲᠠᠢ ᠪᠠᠨ ᠠᠳᠠᠯᠢ ᠪᠠᠷ ᠮᠤᠷᠢ ᠪᠠᠨ ᠲᠡᠵᠢᠭᠡᠵᠦ ᠪᠠᠶᠢᠪᠠ᠃ ︽ | ᠲᠡᠷᠡ ᠦᠶ᠎ᠡ ᠳᠤ ᠦᠨᠡᠬᠡᠷ ᠬᠦᠴᠢᠷᠲᠡᠢ᠂ ᠵᠣᠭᠤᠰ ᠣᠯᠬᠤ ᠦᠭᠡᠢ ᠮᠥᠷᠲᠡᠭᠡᠨ ᠪᠠᠰᠠ ᠣᠶᠤᠨ ᠴᠢᠳᠠᠯ ᠢ ᠪᠠᠷᠠᠳᠠᠭ᠂ | ᠭᠡᠪᠡᠴᠦ ᠮᠢᠨᠦ ᠡᠬᠡᠨᠡᠷ ᠨᠢ ᠨᠠᠳᠠ ᠲᠠᠢ ᠠᠳᠠᠯᠢ ᠪᠠᠷ ᠮᠣᠷᠢ ᠲᠡᠵᠢᠭᠡᠬᠦ ᠳᠤᠷᠠᠲᠠᠢ᠂ ᠪᠠᠰᠠ ᠮᠣᠷᠢ ᠲᠡᠵᠢᠭᠡᠬᠦ ᠶᠢ ᠨᠢ | ᠳᠡᠮᠵᠢᠨ᠎ᠡ᠂ ᠪᠢᠳᠡ ᠬᠤᠶᠠᠭᠤᠯᠠ ᠶᠢᠨ ᠰᠠᠨᠠᠯ ᠪᠤᠳᠤᠯ ᠨᠢᠭᠡᠳᠦᠯᠲᠡᠢ᠂ ᠰᠡᠳᠬᠢᠯ ᠨᠢᠭᠡᠳᠦᠨ ᠬᠦᠴᠦ ᠪᠠᠨ | ᠬᠠᠮᠲᠤᠳᠬᠠᠨ᠂ ᠳᠠᠪᠠᠵᠤ ᠳᠡᠶᠢᠯᠬᠦ ᠦᠭᠡᠢ ᠪᠣᠯ ᠳᠠᠪᠠᠭ᠎ᠠ ᠦᠭᠡᠢ ᠶᠤᠮ ᠭᠡᠳ᠂ ᠮᠤᠷᠢ ᠲᠡᠵᠢᠭᠡᠬᠦ ᠡᠨᠡ ᠶᠠᠪᠤᠳᠠᠯ ᠢ | ᠢᠩᠭᠢᠵᠦ ᠪᠠᠷᠢᠮᠲᠠᠯᠠᠭᠰᠠᠭᠠᠷ ᠢᠷᠡᠯ᠎ᠡ︾ ᠭᠡᠵᠦ ᠪᠠᠶᠠᠨᠲᠤᠩᠭᠠᠯᠠᠭ ᠡᠷᠭᠢᠴᠡᠭᠦᠯᠦᠨ ᠬᠡᠯᠡᠪᠡ᠃ | 2012 ᠣᠨ ᠠᠴᠠ ᠪᠠᠶᠠᠨᠲᠤᠩᠭᠠᠯᠠᠭ ᠤᠷᠤᠯᠳᠤᠭᠠᠨ ᠮᠣᠷᠢ ᠲᠡᠵᠢᠭᠡᠬᠦ ᠪᠠᠷ ᠲᠤᠷᠰᠢᠵᠦ ᠡᠬᠢᠯᠡᠭᠰᠡᠨ ᠪᠦᠭᠡᠳ | ᠮᠣᠩᠭᠤᠯ ᠮᠣᠷᠢ ᠪᠠ ᠭᠠᠳᠠᠭᠠᠳᠤ ᠶᠢᠨ ᠰᠢᠯᠢᠳᠡᠭ ᠡᠭᠦᠯᠳᠡᠷ ᠲᠠᠢ ᠡᠷᠯᠢᠰᠡᠵᠢᠭᠦᠯᠵᠦ᠂ ᠮᠣᠷᠢᠨ ᠤ ᠪᠡᠶ᠎ᠡ ᠪᠢᠯᠳᠠᠷ᠂ | ᠬᠤᠷᠳᠤᠴᠠ᠂ ᠲᠡᠰᠪᠦᠷᠢ ᠳᠠᠭᠠᠭᠠᠴᠠ ᠵᠡᠷᠭᠡ ᠲᠠᠯ᠎ᠠ ᠪᠠᠷ ᠢᠯᠡᠳᠲᠡ ᠳᠡᠭᠡᠭᠰᠢᠯᠡᠪᠡ᠃ ᠪᠠᠶᠠᠨᠲᠤᠩᠭᠠᠯᠠᠭ ᠬᠡᠯᠡᠬᠦ ᠳᠡᠭᠡᠨ᠄ | ︽ᠮᠣᠷᠢ ᠤᠷᠤᠯᠳᠤᠬᠤ ᠳᠤ ᠰᠠᠶᠢᠨ ᠬᠢᠷᠢ ᠪᠦᠲᠦᠮᠵᠢ ᠤᠯᠪᠠᠯ ᠮᠣᠷᠢᠨ ᠤ ᠦᠨ᠎ᠡ ᠰᠠᠶ᠋ᠢ ᠨᠠᠩ ᠥᠨᠳᠥᠷ ᠪᠣᠯᠤᠨ᠎ᠠ᠃ | ᠪᠢ 2014 ᠤᠨ ᠳᠤ ᠠᠩᠬ᠎ᠠ ᠤᠳᠠᠭ᠎ᠠ ᠤᠷᠤᠯᠳᠤᠭᠠᠨ ᠳᠤ ᠣᠷᠤᠯᠴᠠᠭᠠᠳ ᠬᠤᠶᠠᠳᠤᠭᠠᠷ ᠲᠤ ᠣᠷᠣᠵᠤ᠂ ᠮᠠᠰᠢ | ᠪᠠᠶᠠᠷᠯᠠᠨ᠂ ᠪᠠᠰᠠ ᠮᠣᠷᠢ ᠲᠡᠵᠢᠭᠡᠬᠦ ᠵᠣᠷᠢᠭ ᠪᠠᠲᠤ ᠪᠣᠯᠵᠠᠢ᠃ ᠰᠡᠭᠦᠯᠡᠷ ᠨᠢ ᠡᠷᠭᠢᠨ ᠲᠣᠭᠤᠷᠢᠨ ᠤ ᠵᠢᠷᠭᠤᠭ᠎ᠠ | ᠳᠣᠯᠣᠭᠠᠨ ᠵᠠᠭᠤᠨ ᠺᠢᠯᠤᠮᠧᠲᠷ ᠤᠨ ᠳᠣᠲᠣᠷᠠᠬᠢ ᠤᠷᠤᠯᠳᠤᠭᠠᠨ ᠳᠤ ᠪᠢ ᠦᠨᠳᠦᠰᠦᠨ ᠳᠡᠭᠡᠨ ᠪᠦᠷ ᠣᠷᠤᠯᠴᠠᠵᠤ᠂ | ᠨᠡᠯᠢᠶᠡᠳ ᠰᠠᠶᠢᠨ ᠠᠮᠵᠢᠯᠲᠠ ᠣᠯᠵᠠᠶ︾ ᠭᠡᠯᠡ᠃ | | | | ᠪᠠᠶᠠᠨᠲᠤᠩᠭᠠᠯᠠᠭ ᠤᠨ ᠬᠦᠷᠲᠡᠭᠰᠡᠨ ᠡᠯ᠎ᠡ ᠳᠡᠰ ᠱᠠᠩᠨᠠᠯ ᠪᠠ ᠢᠷᠠᠭᠤ ᠠᠯᠳᠠᠷ ᠤᠨ ᠦᠨᠡᠮᠯᠡᠯ ᠤᠳ᠃ | ᠨᠢᠭᠡ ᠤᠷᠤᠯᠳᠤᠭᠠᠨ ᠮᠣᠷᠢ ᠶᠢ ᠰᠠᠶᠢᠨ ᠲᠡᠵᠢᠭᠡᠬᠦ ᠰᠠᠨᠠᠭ᠎ᠠ ᠲᠠᠢ ᠪᠣᠯ ᠶᠡᠭᠡ ᠬᠡᠮᠵᠢᠶᠡᠨ ᠤ ᠴᠠᠭ ᠪᠠ ᠣᠶᠤᠨ | ᠴᠢᠳᠠᠯ ᠣᠷᠣᠭᠤᠯᠬᠤ ᠴᠢᠬᠤᠯᠠ ᠲᠠᠢ᠂ ᠮᠣᠷᠢ ᠤᠷᠤᠯᠳᠤᠬᠤ ᠨᠢ ᠨᠠᠩ ᠴᠤ ᠡᠶᠢᠮᠦ ᠶᠤᠮ᠃ ᠪᠠᠶᠠᠨᠲᠤᠩᠭᠠᠯᠠᠭ ᠡᠳᠡᠭᠡᠷ | ︽ᠦᠰᠦ ᠲᠠᠢ ᠬᠡᠦᠬᠡᠳ︾ ᠢᠶᠠᠨ ᠬᠠᠷᠠᠭᠠᠯᠵᠠᠬᠤ ᠳᠠᠭᠠᠨ ᠣᠨᠴᠠᠭᠠᠢ ᠰᠡᠳᠭᠢᠯ ᠲᠠᠯᠪᠢᠳᠠᠭ᠃ ᠲᠡᠵᠢᠭᠡᠬᠦ | ᠲᠠᠯ᠎ᠠ ᠪᠠᠷ᠂ ᠴᠢᠨᠠᠷ ᠰᠠᠶᠢᠲᠠᠢ ᠠᠳᠤᠭᠤᠨ ᠤ ᠠᠮᠤ᠂ ᠡᠪᠡᠰᠦ ᠪᠣᠷᠳᠤᠭ᠎ᠠ ᠪᠠᠶᠢᠬᠤ ᠪᠠᠷ ᠪᠠᠷᠠᠬᠤ ᠦᠭᠡᠢ ᠪᠠᠰᠠ | ᠲᠠᠬᠢᠶᠠᠨ ᠥᠨᠳᠡᠭᠡ᠂ ᠦᠨᠢᠶᠡᠨ ᠰᠦ᠂ ᠬᠤᠯᠤᠤᠪᠠᠩ ᠵᠡᠷᠭᠡ ᠪᠠᠷ ᠰᠢᠮ᠎ᠡ ᠲᠡᠵᠢᠭᠡᠯ ᠨᠥᠬᠦᠪᠦᠷᠢᠯᠡᠳᠡᠭ᠃ ᠡᠭᠦᠨ ᠠᠴᠠ | ᠭᠠᠳᠠᠨ᠎ᠠ᠂ ᠤᠷᠤᠯᠳᠤᠭᠠᠨ ᠮᠣᠷᠢᠨ ᠤ ᠪᠠᠶᠢᠳᠠᠯ ᠢ ᠰᠠᠶᠢᠨ ᠪᠠᠲᠤᠯᠠᠬᠤ ᠶᠢᠨ ᠲᠥᠯᠥᠭᠡ᠂ ᠡᠳᠦᠷ ᠪᠦᠷᠢ ᠶᠢᠨ | ᠪᠣᠯᠪᠠᠰᠤᠷᠠᠯ ᠬᠢᠵᠦ᠂ ᠦᠰᠦ ᠨᠣᠣᠰᠣ ᠰᠠᠮᠨᠠᠬᠤ᠂ ᠬᠠᠰᠢᠶ᠎ᠠ ᠰᠠᠷᠠᠪᠴᠢ ᠶᠢ ᠰᠠᠶᠢᠨ ᠴᠡᠪᠡᠷᠯᠡᠬᠦ ᠨᠢ ᠪᠠᠰᠠ ᠳᠤᠲᠠᠭᠳᠠᠵᠤ | ᠪᠣᠯᠤᠰᠢ ᠥᠬᠡᠶ ᠶᠤᠮ᠃ ᠪᠠᠶᠠᠨᠲᠤᠩᠭᠠᠯᠠᠭ᠄ ︽ᠪᠢ ᠣᠲᠣ ᠨᠡᠶᠢᠲᠡ 3 ᠣᠷᠤᠯᠳᠤᠭᠠᠨ ᠮᠣᠷᠢ᠂ 6 ᠦᠷᠡᠵᠢᠭᠦᠯᠦᠨ | ᠪᠣᠶᠢᠵᠢᠭᠤᠯᠬᠤ ᠮᠣᠷᠢ ᠲᠡᠵᠢᠭᠡᠵᠦ᠂ ᠲᠡᠵᠢᠭᠡᠭᠰᠡᠨ ᠴᠠᠭ ᠨᠢ ᠬᠠᠮᠤᠭ ᠤᠨ ᠣᠷᠳᠣ ᠨᠢ ᠬᠦᠷᠢᠶ᠎ᠡ ᠬᠠᠷ᠎ᠠ ᠮᠣᠷᠢ | ᠨᠢᠭᠡᠨᠲᠡ 12 ᠵᠢᠯ ᠪᠣᠯᠵᠠᠶ᠃ ᠮᠣᠷᠢ ᠲᠡᠵᠢᠭᠡᠬᠦ ᠳᠤ ᠬᠠᠮᠤᠭ ᠤᠨ ᠴᠢᠬᠤᠯᠠ ᠵᠦᠢᠯ ᠭᠡᠪᠡᠯ ᠰᠡᠳᠭᠢᠯ ᠲᠠᠯᠪᠢᠬᠤ | ᠶᠠᠪᠤᠳᠠᠯ ᠪᠣᠯᠤᠨ᠎ᠠ᠂ ᠲᠡᠵᠢᠭᠡᠬᠦ ᠲᠤᠭ᠎ᠠ ᠬᠡᠮᠵᠢᠶ᠎ᠡ ᠨᠢ ᠳᠡᠩᠳᠡᠭᠦᠦ ᠠᠷᠪᠢᠨ ᠪᠣᠯ ᠤᠶᠤᠨ ᠴᠢᠳᠠᠯ ᠨᠢ ᠬᠦᠷᠦᠯᠴᠡᠬᠦ | ᠦᠭᠡᠢ ᠪᠣᠯᠳᠠᠭ᠃ ᠥᠷᠡᠵᠢᠯᠡᠭᠡᠨ ᠤ ᠮᠣᠷᠢ ᠶᠢ ᠡᠳᠦᠷ ᠪᠦᠷᠢ ᠶᠢᠨ ᠠᠷᠠᠴᠢᠯᠠᠨ ᠲᠡᠵᠢᠭᠡᠬᠦ ᠥᠪᠡᠷ ᠤᠨ ᠥᠷᠲᠡᠭ ᠨᠢ | 20 ᠲᠥᠭᠦᠷᠢᠭ ᠣᠷᠴᠢᠮ᠂ ᠤᠷᠤᠯᠳᠤᠭᠠᠨ ᠮᠣᠷᠢ 80 ᠲᠥᠭᠦᠷᠢᠭ ᠣᠷᠴᠢᠮ ᠪᠠᠶᠢᠵᠤ᠂ ᠣᠳᠣ ᠤᠨᠠᠭ᠎ᠠ | ᠦᠷᠡᠵᠢᠭᠦᠯᠦᠨ ᠪᠤᠶᠢᠵᠢᠭᠤᠯᠬᠤ ᠪᠠᠷ ᠳᠠᠮᠵᠢᠨ᠂ ᠪᠠᠰᠠ ᠤᠷᠤᠯᠳᠤᠭᠤᠯᠬᠤ᠂ ᠵᠢᠭᠤᠯᠴᠢᠯᠠᠯ ᠤᠨ ᠲᠦᠷᠢᠶᠡᠰᠦᠯᠡᠯ ᠬᠢᠵᠦ᠂ | ᠣᠷᠣᠯᠭ᠎ᠠ ᠵᠠᠷᠤᠯᠭ᠎ᠠ ᠨᠢ ᠦᠨᠳᠦᠰᠦᠨ ᠳᠡᠭᠡᠨ ᠲᠡᠩᠴᠡᠭᠦᠷᠢᠲᠡᠢ ᠪᠠᠶᠢᠵᠤ᠂ ᠵᠢᠭᠠᠬᠠᠨ ᠦᠯᠡᠳᠡᠪᠦᠷᠢ ᠪᠠᠷ ᠨᠢ ᠮᠢᠨᠦ | ᠮᠣᠷᠢ ᠲᠡᠵᠢᠭᠡᠬᠦ ᠦᠢᠯᠡᠰ ᠢᠶᠠᠨ ᠦᠷᠭᠦᠯᠵᠢᠯᠡᠭᠦᠯᠵᠦ ᠪᠣᠯᠤᠨ᠎ᠠ︾ ᠭᠡᠵᠦ ᠶᠠᠷᠢᠪᠠ᠃ | | | | | ᠪᠠᠶᠠᠨᠲᠤᠩᠭᠠᠯᠠᠭ ᠮᠣᠷᠢ ᠪᠠᠨ ᠨᠠᠷᠢᠨ ᠨᠢᠮᠪᠠᠢ ᠠᠷᠠᠴᠢᠯᠠᠵᠤ ᠪᠠᠶᠢᠭ᠎ᠠ ᠨᠢ᠃ | ᠮᠣᠷᠢ ᠲᠡᠵᠢᠭᠡᠬᠦ᠂ ᠮᠣᠷᠢ ᠰᠤᠷᠭᠠᠬᠤ᠂ ᠮᠣᠷᠢ ᠤᠷᠤᠯᠳᠤᠬᠤ ᠳᠤ ᠶᠡᠭᠡ ᠬᠠᠭᠠᠰ ᠨᠠᠰᠤ ᠪᠠ ᠵᠠᠷᠤᠴᠠᠭᠤᠯᠵᠤ᠂ | ᠤᠷᠤᠯᠳᠤᠭᠠᠨ ᠮᠣᠷᠢ ᠶᠢ ᠠᠷᠪᠠᠨ ᠬᠤᠶᠠᠷ ᠵᠢᠯ ᠰᠢᠷᠭᠠᠬᠤ ᠲᠡᠵᠢᠭᠡᠨ ᠦᠷᠡᠵᠢᠭᠦᠯᠵᠦ᠂ ᠪᠠᠶᠠᠨᠲᠤᠩᠭᠠᠯᠠᠭ ᠦᠢᠷ᠎ᠠ | ᠬᠠᠪᠢ ᠶᠢᠨ ︽ᠠᠳᠤᠭᠤᠴᠢᠨ︾ ᠤ ᠳᠤᠮᠳᠠ ᠪᠠᠨ ᠨᠡᠷ᠎ᠡ ᠠᠯᠳᠠᠷᠰᠢᠭᠰᠠᠨ ᠮᠡᠷᠭᠡᠵᠢᠯᠲᠡᠨ ᠪᠣᠯᠵᠠᠢ᠃ ᠣᠳᠣᠬᠠᠨ ᠳᠤ᠂ | ᠪᠠᠶᠠᠨᠲᠤᠩᠭᠠᠯᠠᠭ ᠤᠨ ᠭᠡᠷ ᠲᠤ ᠡᠯ᠎ᠡ ᠲᠡᠰ ᠤᠨ ︽ᠵᠢᠷᠤᠭ᠎ᠠ ᠮᠣᠷᠢ︾ ᠶᠢᠨ ᠤᠷᠤᠯᠳᠤᠭᠠᠨ ᠤ ᠱᠠᠩᠨᠠᠯ ᠤᠨ ᠪᠢᠴᠢᠭ ᠪᠠ | ᠢᠷᠠᠭᠤ ᠠᠯᠳᠠᠷ ᠤᠨ ᠦᠨᠡᠮᠯᠡᠯ ᠢ ᠳᠦᠭᠦᠷᠲᠡᠯ᠎ᠡ ᠡᠯᠭᠦᠵᠦ᠂ ᠮᠣᠷᠢᠨ ᠤ ᠦᠨ᠎ᠡ ᠨᠢ ᠴᠥᠮ 5 ᠲᠦᠮᠡᠨ | ᠲᠥᠭᠦᠷᠢᠭ ᠠᠴᠠ ᠳᠡᠭᠡᠭᠰᠢ ᠮᠡᠳᠡᠭᠦᠯᠵᠤ ᠪᠠᠶᠢᠨ᠎ᠠ᠃ ᠬᠤᠶᠢᠰᠢᠳᠠ ᠶᠢᠨ ᠬᠥᠭᠵᠢᠯᠲᠡ ᠶᠢᠨ ᠲᠤᠬᠠᠶ ᠶᠠᠷᠢᠬᠤ ᠳᠠᠭᠠᠨ᠄ ︽ | ᠪᠢ ᠰᠢᠯᠢᠳᠡᠭ ᠡᠭᠦᠯᠳᠡᠷ ᠢ ᠦᠷᠭᠦᠯᠵᠢᠯᠡᠨ ᠰᠠᠶᠢᠵᠢᠷᠠᠭᠤᠯᠬᠤ ᠪᠠᠷ ᠪᠣᠳᠤᠯᠬᠢᠯᠠᠵᠦ᠂ ᠮᠢᠨᠦ ᠲᠡᠵᠢᠭᠡᠵᠦ ᠪᠠᠶᠢᠭ᠎ᠠ | ᠮᠣᠷᠢ ᠪᠠᠨ ᠨᠠᠩ ᠶᠡᠭᠡ ᠤᠷᠤᠯᠳᠤᠭᠠᠨ ᠤ ᠲᠠᠯᠠᠪᠤᠷ ᠲᠤ ᠳᠠᠪᠬᠢᠭᠤᠯᠵᠤ᠂ ᠮᠣᠷᠢ ᠪᠠᠨ ᠨᠠᠩ ᠰᠠᠶᠢᠨ ᠦᠨ᠎ᠡ ᠪᠠᠷ | ᠬᠤᠳᠠᠯᠳᠤᠬᠤ ᠶᠢᠨ ᠬᠠᠮᠲᠤ᠂ ᠨᠠᠩ ᠣᠯᠠᠨ ᠬᠥᠮᠦᠨ ᠳᠤ ᠮᠣᠩᠭᠤᠯ ᠮᠣᠷᠢ ᠶᠢ ᠲᠠᠨᠢᠭᠤᠯᠵᠤ᠂ ᠠᠳᠤᠭᠤᠨ ᠤ ᠠᠵᠤ | ᠦᠢᠯᠡᠰ᠂ ᠠᠳᠤᠭᠤᠨ ᠰᠣᠶᠣᠯ ᠤᠨ ᠬᠥᠭᠵᠢᠯᠲᠡ ᠪᠠ ᠤᠯᠠᠮᠵᠢᠯᠠᠯ ᠶᠢ ᠠᠬᠢᠭᠤᠯᠬᠤ ᠶᠢ ᠬᠦᠰᠡᠵᠦ ᠪᠠᠶᠢᠨ᠎ᠠ︾ ᠭᠡᠵᠦ | ᠪᠠᠶᠠᠨᠲᠤᠩᠭᠠᠯᠠᠭ ᠬᠡᠯᠡᠪᠡ᠃ | | ᠰᠤᠷᠪᠤᠯᠵᠢᠯᠠᠭᠴᠢ᠄ ᠴᠢᠦᠢ ᠴᠢᠶᠠᠨ ᠨᠦ ᠸᠠᠩ ᠴᠠᠩ ᠴᠢᠩ |