1. ᠤᠭᠤᠷᠠᠭ | ᠤᠭᠤᠷᠠᠭ ᠪᠣᠯ ᠬᠥᠮᠥᠨ ᠤ ᠪᠡᠶ᠎ᠡ ᠶᠢᠨ ᠲᠤᠲᠠᠭᠳᠠᠵᠤ ᠪᠣᠯᠣᠰᠢ ᠦᠭᠡᠢ ᠰᠢᠮ᠎ᠡ ᠲᠡᠵᠢᠭᠡᠯ ᠤᠨ ᠨᠢᠭᠡ ᠵᠦᠢᠯ᠂ | ᠮᠥᠨ ᠴᠤ ᠡᠰ ᠢ ᠪᠦᠷᠢᠯᠳᠦᠭᠦᠯᠬᠦ ᠭᠤᠣᠯ ᠪᠦᠷᠢᠯᠳᠦᠭᠦᠨ ᠶᠤᠮ᠂ ᠣᠨᠴᠠᠭᠠᠶᠢᠯᠠᠨ ᠬᠥᠮᠥᠨ ᠤ ᠪᠡᠶ᠎ᠡ ᠶᠢᠨ | ᠨᠡᠬᠡᠳᠡᠰᠦᠨ ᠳᠤ ᠲᠤᠶᠢᠯ ᠤᠨ ᠴᠢᠬᠤᠯᠠ ᠪᠠᠶᠢᠳᠠᠭ᠃ ᠲᠠᠶᠢᠮᠤ ᠠᠴᠠ ᠡᠳᠦᠷ ᠲᠤᠳᠤᠮ ᠤᠨ ᠠᠮᠢᠳᠤᠷᠠᠯ ᠤᠨ ᠳᠤᠮᠳᠠ | ᠪᠠᠨ ᠬᠦᠷᠦᠯᠴᠡᠬᠦᠶᠢᠴᠡ ᠤᠭᠤᠷᠠᠭ ᠢ ᠰᠢᠩᠭᠡᠭᠡᠵᠦ ᠠᠪᠤᠪᠠᠯ ᠵᠣᠬᠢᠨ᠎ᠠ᠃ ᠬᠠᠷ᠎ᠠ ᠮᠢᠬ᠎ᠠ᠂ ᠰᠠᠮ ᠬᠤᠷᠣᠬᠠᠢ᠂ ᠰᠦ | ᠶᠢᠨ ᠲᠦᠷᠤᠯ᠂ ᠥᠨᠳᠡᠭᠡᠨ ᠤ ᠲᠦᠷᠤᠯ᠂ ᠪᠤᠷᠴᠠᠭ ᠤᠨ ᠲᠦᠷᠤᠯ ᠵᠡᠷᠭᠡ ᠳᠤ ᠤᠭᠤᠷᠠᠭ ᠡᠯᠪᠡᠭ ᠠᠭᠤᠯᠤᠭᠳᠠᠳᠠᠭ᠃ | 2. ᠸᠢᠲ᠋ᠠᠮᠢᠨ A | ᠸᠢᠲ᠋ᠠᠮᠢᠨA ᠪᠣᠯ ᠨᠢᠳᠦᠨ ᠬᠠᠷᠠᠭᠠᠨ ᠤ ᠬᠡᠪ ᠤᠨ ᠴᠢᠳᠠᠪᠬᠢ ᠶᠢ ᠬᠠᠮᠠᠭᠠᠯᠠᠬᠤ ᠳᠤ ᠲᠤᠰᠠᠲᠠᠢ ᠪᠥᠭᠡᠳ ᠨᠢᠳᠦᠨ ᠤ | ᠲᠣᠣᠷᠯᠢᠭ ᠪᠦᠷᠬᠦᠪᠴᠢ ᠶᠢᠨ ᠲᠤᠩᠭᠠᠯᠠᠬᠴᠠ ᠶᠢᠨ ᠬᠡᠮᠵᠢᠶ᠎ᠡ ᠶᠢ ᠨᠡᠮᠡᠭᠳᠡᠭᠦᠯᠳᠡᠭ᠃ ᠬᠤᠯᠤᠤᠪᠠᠩ᠂ ᠤᠯᠠᠭᠠᠨ | ᠰᠠᠷᠪᠠᠯᠵᠢ᠂ ᠡᠷᠳᠡᠨᠢ ᠰᠢᠰᠢ᠂ ᠪᠦᠸᠧᠼᠠᠢ ᠵᠡᠷᠭᠡ ᠳᠤ ᠸᠢᠲ᠋ᠠᠮᠢᠨA ᠡᠯᠪᠡᠭ ᠠᠭᠤᠯᠤᠭᠳᠠᠳᠠᠭ᠃ ᠡᠭᠦᠨ ᠠᠴᠠ | ᠭᠠᠳᠠᠨ᠎ᠠ ᠪᠥᠭᠡᠷᠡᠩᠬᠡᠢ ᠴᠠᠭᠠᠨ ᠨᠣᠭᠤᠭ᠎ᠠ᠂ ᠭᠡᠷ ᠤᠨ ᠢᠳᠠᠷ᠎ᠠ ᠪᠣᠯ ᠮᠥᠨ ᠸᠢᠲ᠋ᠠᠮᠢᠨA ᠡᠯᠪᠡᠭ ᠠᠭᠤᠯᠳᠠᠭ ᠢᠳᠡᠰᠢᠨ | ᠨᠣᠭᠤᠭ᠎ᠠ ᠪᠣᠯᠣᠨ᠎ᠠ᠃ ᠬᠥᠮᠥᠨ ᠤ ᠪᠡᠶ᠎ᠡ ᠳᠤ ᠸᠢᠲ᠋ᠠᠮᠢᠨA ᠳᠤᠲᠠᠭᠳᠠᠪᠠᠯ ᠲᠠᠬᠢᠶᠠᠨ ᠬᠠᠷᠠᠩ ᠡᠪᠡᠳᠴᠢᠨ ᠣᠯᠣᠨ᠎ᠠ᠃ | 3. ᠸᠢᠲ᠋ᠠᠮᠢᠨ B ᠶᠢᠨ ᠲᠦᠷᠤᠯ | ᠸᠢᠲ᠋ᠠᠮᠢᠨB ᠶᠢᠨ ᠲᠦᠷᠤᠯ ᠪᠣᠯ ᠮᠡᠳᠡᠷᠡᠯ ᠤᠨ ᠰᠢᠰᠲ᠋ᠧᠮ ᠤᠨ ᠡᠷᠡᠭᠦᠯ ᠮᠠᠨᠳᠤ ᠶᠢ ᠬᠠᠮᠠᠭᠠᠯᠠᠬᠤ ᠲᠣᠮᠣ ︽ | ᠭᠠᠪᠢᠶᠠᠲᠠᠨ︾ ᠪᠥᠭᠡᠳ ᠬᠠᠷᠠᠭᠠᠨ ᠤ ᠡᠷᠡᠭᠦᠯ ᠮᠠᠨᠳᠤ ᠲᠠᠢ ᠨᠢᠭᠲᠠ ᠬᠠᠷᠢᠴᠠᠭ᠎ᠠ ᠲᠠᠢ᠃ ᠸᠢᠲ᠋ᠠᠮᠢᠨB ᠶᠢᠨ ᠲᠦᠷᠤᠯ | ᠨᠢ ᠨᠢᠳᠦᠨ ᠠᠨᠢᠰᠬ᠎ᠠ᠂ ᠨᠡᠶᠢᠯᠡᠮᠡᠯ ᠪᠦᠷᠬᠦᠪᠴᠢ ᠪᠠ ᠲᠣᠣᠷᠯᠢᠭ ᠪᠦᠷᠬᠦᠪᠴᠢ ᠶᠢ ᠬᠠᠮᠠᠭᠠᠯᠠᠬᠤ ᠦᠢᠯᠡᠳᠦᠯ ᠲᠠᠢ᠃ | ᠪᠤᠭᠤᠳᠠᠢ ᠶᠢᠨ ᠮᠢᠶᠠᠨᠪᠣᠣ᠂ ᠡᠯᠢᠭᠡ ᠵᠢᠷᠦᠬᠡ᠂ ᠬᠠᠷ᠎ᠠ ᠮᠢᠬ᠎ᠠ᠂ ᠦᠨᠢᠶᠡᠨ ᠰᠦ᠂ ᠪᠤᠷᠴᠠᠭ ᠤᠨ ᠲᠦᠷᠤᠯ ᠵᠡᠷᠭᠡ ᠳᠤ | ᠸᠢᠲ᠋ᠠᠮᠢᠨ B ᠶᠢᠨ ᠲᠦᠷᠤᠯ ᠡᠯᠪᠡᠭ ᠠᠭᠤᠯᠤᠭᠳᠠᠵᠤ ᠪᠠᠶᠢᠳᠠᠭ᠃ | 4. ᠸᠢᠲ᠋ᠠᠮᠢᠨ C | ᠸᠢᠲ᠋ᠠᠮᠢᠨ C ᠨᠢ ᠨᠢᠳᠦᠨ ᠤ ᠲᠣᠣᠷᠯᠢᠭ ᠪᠦᠷᠬᠦᠪᠴᠢ ᠶᠢᠨ ᠬᠦᠷᠢᠨ ᠤ ᠭᠠᠳᠠᠨᠠᠬᠢ ᠲᠤᠶᠠᠭ᠎ᠠ ᠶᠢᠨ ᠬᠤᠣᠷᠯᠠᠯ ᠢ | ᠠᠮᠰᠠᠬᠤ ᠠᠴᠠ ᠰᠡᠷᠭᠡᠶᠢᠯᠡᠵᠦ᠂ ᠨᠢᠳᠦᠨ ᠤ ᠬᠢᠯᠭᠠᠰᠤᠨ ᠰᠤᠳᠠᠯ ᠤᠨ ᠤᠶᠠᠨ ᠬᠠᠳᠠᠨ ᠴᠢᠨᠠᠷ ᠢ ᠨᠡᠮᠡᠭᠳᠡᠭᠦᠯᠦᠨ᠂ | ᠡᠰ ᠢ ᠰᠡᠯᠪᠢᠨ ᠵᠠᠰᠠᠵᠤ᠂ ᠨᠠᠰᠤ ᠶᠠᠪᠤᠭᠰᠠᠨ ᠠᠴᠠ ᠪᠣᠯᠵᠤ ᠬᠠᠷᠠᠭ᠎ᠠ ᠮᠠᠭᠤᠳᠠᠬᠤ ᠶᠢ ᠰᠡᠷᠭᠡᠶᠢᠯᠡᠵᠦ ᠴᠢᠳᠠᠨ᠎ᠠ᠃ | ᠴᠢᠪᠠᠭ᠎ᠠ᠂ ᠠᠯᠢᠮ᠎ᠠ᠂ ᠵᠦᠷᠵᠢᠯᠢᠭ᠂ ᠭᠦᠵᠡᠯᠵᠡᠭᠡᠨ᠎ᠡ᠂ ᠦᠷᠭᠡᠰᠤᠳᠤ ᠬᠡᠮᠬᠡ᠂ ᠲᠤᠰᠢᠯᠤᠭ ᠵᠡᠷᠭᠡ ᠳᠤ ᠸᠢᠲ᠋ᠠᠮᠢᠨ C | ᠡᠯᠪᠡᠭ ᠠᠭᠤᠯᠤᠭᠳᠠᠳᠠᠭ᠃ | 5. ᠸᠢᠲ᠋ᠠᠮᠢᠨ E | ᠸᠢᠲ᠋ᠠᠮᠢᠨ E ᠨᠢ ᠢᠰᠦᠯᠳᠦᠬᠦ ᠶᠢ ᠡᠰᠡᠷᠭᠦᠴᠡᠬᠦ ᠡᠳ᠋ ᠡᠯᠪᠡᠭ ᠠᠭᠤᠯᠵᠤ᠂ ᠨᠢᠳᠦᠨ ᠤ ᠴᠡᠴᠡᠭᠡᠢ ᠳᠣᠲᠣᠷᠠᠬᠢ | ᠴᠢᠯᠦᠭᠡᠲᠦ ᠪᠦᠯᠦᠭ ᠢ ᠪᠦᠳᠤᠮᠵᠢᠳᠠᠢ ᠪᠠᠭᠠᠰᠬᠠᠵᠤ᠂ ᠨᠢᠳᠦᠨ ᠬᠠᠷᠠᠭ᠎ᠠ ᠮᠠᠭᠤᠳᠠᠬᠤ ᠶᠢ ᠤᠳᠠᠭᠠᠰᠢᠷᠠᠭᠤᠯᠳᠠᠭ᠃ | ᠡᠭᠦᠨ ᠠᠴᠠ ᠭᠠᠳᠠᠨ᠎ᠠ᠂ ᠲᠠᠷᠠ ᠨᠢ ᠨᠢᠳᠦᠨ ᠤ ᠡᠰ ᠤᠨ ᠡᠷᠡᠭᠦᠯ ᠮᠠᠨᠳᠤ ᠶᠢ ᠬᠠᠮᠠᠭᠠᠯᠠᠨ᠂ ᠴᠢᠰᠤᠨ ᠤ ᠭᠦᠶᠦᠯᠭᠡ ᠶᠢ | ᠰᠠᠶᠢᠵᠢᠷᠠᠭᠤᠯᠤᠨ᠂ ᠴᠠᠭᠠᠨ ᠬᠠᠷᠠᠩ ᠡᠪᠡᠳᠴᠢᠨ᠂ ᠨᠠᠰᠤᠲᠠᠶᠢᠴᠤᠳ ᠤᠨ ᠨᠢᠳᠦᠨ ᠤ ᠲᠣᠣᠷᠯᠢᠭ ᠪᠦᠷᠬᠦᠪᠴᠢ ᠶᠢᠨ | ᠡᠪᠡᠳᠴᠢᠨ ᠵᠡᠷᠭᠡ ᠶᠢ ᠤᠷᠢᠳᠴᠢᠯᠠᠨ ᠰᠡᠷᠭᠡᠶᠢᠯᠡᠳᠡᠭ᠃ ᠸᠢᠲ᠋ᠠᠮᠢᠨ E ᠶᠢ ᠬᠠᠲᠠᠭᠤ ᠵᠢᠮᠢᠰ ᠤᠨ ᠲᠦᠷᠤᠯ᠂ ᠪᠤᠭᠤᠳᠠᠢ | ᠶᠢᠨ ᠭᠦᠪᠤᠷᠠᠯ ᠤᠨ ᠨᠠᠬᠢᠶ᠎ᠠ᠂ ᠭᠦᠨ ᠨᠣᠭᠤᠭᠠᠨ ᠥᠩᠭᠡ ᠲᠠᠢ ᠢᠳᠡᠰᠢᠨ ᠨᠣᠭᠤᠭ᠎ᠠ ᠵᠡᠷᠭᠡ ᠠᠴᠠ ᠰᠢᠩᠭᠡᠬᠡᠨ ᠠᠪᠴᠤ | ᠪᠣᠯᠣᠨ᠎ᠠ᠃ | 6. ᠨᠠᠪᠴᠢᠨ ᠤ ᠰᠢᠷ᠎ᠠ ᠡᠳ᠋ | ᠨᠠᠪᠴᠢᠨ ᠤ ᠰᠢᠷ᠎ᠠ ᠡᠳ᠋ ᠨᠢ ᠨᠢᠳᠦᠨ ᠤ ᠲᠣᠣᠷᠯᠢᠭ ᠪᠦᠷᠬᠦᠪᠴᠢ ᠶᠢ ᠢᠰᠦᠯᠳᠦᠯ ᠤᠨ ᠬᠥᠨᠥᠭᠡᠯ ᠠᠴᠠ | ᠵᠠᠶᠢᠯᠠᠭᠤᠯᠵᠤ᠂ ᠨᠢᠳᠦᠨ ᠤ ᠴᠠᠭᠠᠨ ᠬᠠᠷᠠᠩ ᠡᠪᠡᠳᠴᠢᠨ ᠡᠭᠦᠰᠬᠦ ᠶᠢ ᠰᠡᠷᠭᠡᠶᠢᠯᠡᠬᠦ ᠪᠤᠶᠤ ᠤᠳᠠᠭᠠᠰᠢᠷᠠᠭᠤᠯᠤᠨ᠂ | ᠬᠠᠷᠠᠭ᠎ᠠ ᠰᠣᠷᠭᠤᠭ ᠪᠥᠭᠡᠳ ᠲᠣᠳᠣ ᠪᠠᠶᠢᠬᠤ ᠶᠢ ᠪᠠᠲᠤᠯᠠᠳᠠᠭ᠃ ᠡᠷᠳᠡᠨᠢ ᠰᠢᠰᠢ᠂ ᠪᠦᠸᠧᠼᠠᠢ᠂ ᠦᠷᠭᠡᠰᠤᠳᠤ | ᠬᠡᠮᠬᠡ᠂ ᠤᠷᠤᠰ ᠰᠣᠩᠭᠢᠨ᠎ᠠ᠂ ᠴᠡᠴᠡᠭᠲᠦ ᠪᠥᠭᠡᠷᠡᠩᠬᠡᠢ ᠴᠠᠭᠠᠨ ᠨᠣᠭᠤᠭ᠎ᠠ ᠵᠡᠷᠭᠡ ᠳᠤ ᠨᠠᠪᠴᠢᠨ ᠤ ᠰᠢᠷ᠎ᠠ ᠡᠳ᠋ ᠡᠯᠪᠡᠭ | ᠠᠭᠤᠯᠤᠭᠳᠠᠳᠠᠭ᠃ | 7. DHA | DHA ᠶᠢ ᠵᠣᠬᠢᠰᠲᠠᠢ ᠨᠥᠬᠦᠪᠦᠷᠢᠯᠡᠪᠡᠯ ᠬᠠᠷᠠᠭ᠎ᠠ ᠶᠢ ᠨᠠᠩ ᠰᠡᠷᠭᠡᠭ ᠪᠥᠭᠡᠳ ᠨᠠᠩ ᠲᠣᠳᠣ ᠪᠣᠯᠭᠠᠳᠠᠭ᠃ | DHA ᠨᠢ ᠪᠠᠰᠠ ᠲᠠᠷᠢᠬᠢᠨ ᠤ ᠮᠡᠳᠡᠷᠡᠯ ᠤᠨ ᠤᠭ ᠤᠨ ᠴᠢᠬᠤᠯᠠ ᠪᠦᠷᠢᠯᠳᠦᠭᠦᠨ ᠪᠣᠯᠣᠨ᠎ᠠ᠃ ᠲᠠᠶᠢᠮᠤ ᠠᠴᠠ | ᠡᠩ ᠤᠨ ᠦᠶ᠎ᠡ ᠲᠡᠭᠡᠨ DHA ᠡᠯᠪᠡᠭ ᠠᠭᠤᠯᠤᠭᠳᠠᠬᠤ ᠭᠦᠨ ᠲᠠᠯᠠᠢ ᠶᠢᠨ ᠵᠢᠭᠠᠰᠤ᠂ ᠶᠠᠮᠠ ᠶᠢᠨ ᠦᠷ᠎ᠡ᠂ | ᠵᠠᠮᠠᠭ ᠤᠨ ᠵᠦᠢᠯ ᠢ ᠢᠯᠡᠭᠦᠬᠡᠨ ᠢᠳᠡᠪᠡᠯ ᠬᠥᠮᠥᠨ ᠤ ᠪᠡᠶ᠎ᠡ ᠳᠤ ᠠᠰᠢᠭᠲᠠᠢ ᠶᠤᠮ᠃ | 8. ᠴᠡᠴᠡᠭ ᠤᠨ ᠪᠤᠳᠤᠭ ᠡᠭᠦᠰᠬᠡᠭᠴᠢ | ᠴᠡᠴᠡᠭ ᠤᠨ ᠪᠤᠳᠤᠭ ᠡᠭᠦᠰᠬᠡᠭᠴᠢ ᠨᠢ ᠨᠢᠳᠦᠨ ᠤ ᠬᠠᠷᠠᠩᠭᠤᠢ ᠪᠠ ᠭᠡᠷᠡᠯ ᠲᠠᠢ ᠵᠣᠬᠢᠴᠠᠬᠤ ᠴᠢᠳᠠᠪᠤᠷᠢ ᠶᠢ | ᠰᠠᠶᠢᠵᠢᠷᠠᠭᠤᠯᠵᠤ᠂ ᠨᠢᠳᠦᠨ ᠤ ᠨᠠᠷᠢᠨ ᠴᠢᠰᠤᠨ ᠰᠤᠳᠠᠯ ᠢ ᠬᠠᠮᠠᠭᠠᠯᠠᠨ᠂ ᠨᠢᠳᠦᠨ ᠤ ᠬᠢᠯᠭᠠᠰᠤᠨ ᠰᠤᠳᠠᠯ ᠤᠨ | ᠬᠠᠷᠢᠮᠠᠬᠠᠢ ᠴᠢᠨᠠᠷ ᠢ ᠴᠢᠩᠭᠠᠷᠠᠭᠤᠯᠵᠤ᠂ ᠨᠢᠳᠦᠨ ᠤ ᠡᠷᠭᠢᠨ ᠲᠣᠭᠤᠷᠢᠨ ᠤ ᠴᠢᠰᠤᠨ ᠤ ᠡᠷᠭᠢᠯᠲᠡ ᠶᠢ | ᠰᠠᠶᠢᠵᠢᠷᠠᠭᠤᠯᠳᠠᠭ᠃ ᠦᠵᠦᠮ᠂ ᠬᠥᠬᠡ ᠵᠢᠮᠢᠰᠭᠡᠨᠠ᠂ ᠬᠠᠷ᠎ᠠ ᠵᠢᠮᠢᠰᠭᠡᠨᠠ᠂ ᠢᠩᠲᠣᠣᠷ ᠵᠡᠷᠭᠡ ᠳᠤ ᠴᠡᠴᠡᠭ ᠤᠨ | ᠪᠤᠳᠤᠭ ᠡᠭᠦᠰᠬᠡᠭᠴᠢ ᠡᠯᠪᠡᠭ ᠠᠭᠤᠯᠤᠭᠳᠠᠳᠠᠭ᠃ |