ᠭᠤᠷᠪᠠᠨ ᠵᠦᠢᠯ ᠤᠨ ᠬᠦᠮᠦᠨ ᠦᠳᠡ ᠳᠤ ᠤᠨᠲᠠᠬᠤ ᠳᠤ ᠲᠣᠬᠢᠷᠠᠬᠤ ᠦᠭᠡᠢ
ᠨᠡᠶᠢᠲᠡᠯᠡᠭᠰᠡᠨ ᠴᠠᠭ᠄
2024/8/16
     ᠡᠷᠡᠭᠦᠯ ᠰᠠᠶᠢᠬᠠᠨ ᠦᠳᠡ ᠳᠤ ᠤᠨᠲᠠᠬᠤ ᠳᠡᠳᠬᠠᠯ ᠨᠢ ᠮᠠᠰᠢ ᠣᠯᠠᠨ ᠰᠠᠶᠢᠨ ᠲᠠᠯ᠎ᠠ ᠲᠠᠢ ᠪᠠᠶᠢᠳᠠᠭ᠂ ᠭᠡᠪᠡᠴᠦ ᠬᠦᠮᠦᠨ ᠪᠦᠬᠦᠨ ᠦᠳᠡ ᠳᠤ ᠤᠨᠲᠠᠬᠤ ᠳᠤ ᠲᠣᠬᠢᠷᠠᠬᠤ ᠪᠢᠰᠢ᠃    1.ᠨᠣᠶᠢᠷ ᠬᠤᠯᠵᠢᠳᠠᠭ ᠬᠦᠮᠦᠰ ᠦᠳᠡ ᠳᠤ ᠤᠨᠲᠠᠬᠤ ᠳᠤ ᠲᠣᠬᠢᠷᠠᠬᠤ ᠦᠭᠡᠢ᠃ ᠨᠣᠶᠢᠷ ᠬᠤᠯᠵᠢᠳᠠᠭ ᠬᠦᠮᠦᠰ ᠲᠤ ᠠᠪᠴᠤ ᠬᠡᠯᠡᠪᠡᠯ᠂ ᠰᠦᠨᠢ ᠳᠡᠭᠡᠨ ᠰᠠᠶᠢᠨ ᠤᠨᠲᠠᠵᠤ ᠲᠠᠶᠢᠯᠬᠦ ᠦᠭᠡᠢ ᠪᠣᠯᠬᠤᠷ ᠡᠳᠦᠷ ᠬᠡᠲᠦᠷᠡᠳᠡᠯ᠎ᠡ ᠤᠨᠲᠠᠳᠠᠭ᠂ ᠲᠡᠷᠡᠴᠢᠯᠡᠨ ᠲᠡᠳᠡ ᠦᠳᠡ ᠳᠤ ᠤᠨᠲᠠᠪᠠᠯ ᠤᠳᠠᠭᠠᠨ ᠴᠠᠭ ᠢᠶᠠᠷ ᠤᠨᠲᠠᠬᠤ ᠪᠣᠶᠤ ᠰᠡᠷᠢᠵᠦ ᠲᠠᠶᠢᠯᠬᠦ  ᠦᠭᠡᠢ ᠪᠠᠶᠢᠳᠠᠯ ᠳᠤ  ᠣᠷᠤᠳᠠᠭ᠂ ᠡᠨᠡ ᠨᠢ  ᠨᠣᠶᠢᠷ ᠬᠤᠯᠵᠢᠬᠤ  ᠬᠦᠮᠦᠰ ᠤᠨ ᠤᠨᠲᠠᠬᠤ  ᠳᠠᠷᠤᠯᠲᠠ ᠶᠢ ᠪᠠᠭᠤᠷᠠᠭᠤᠯᠵᠤ᠂ ᠨᠣᠶᠢᠷ ᠬᠤᠯᠵᠢᠬᠤ ᠠᠰᠠᠭᠤᠳᠠᠯ ᠢ ᠬᠦᠨᠳᠦᠷᠡᠭᠦᠯᠳᠡᠭ᠃ ᠡᠶᠢᠮᠦ ᠠᠴᠠ ᠨᠣᠶᠢᠷ ᠬᠤᠯᠵᠢᠳᠠᠭ ᠭᠡᠮ  ᠲᠠᠢ ᠬᠦᠮᠦᠰ ᠲᠤ ᠠᠪᠴᠤ ᠬᠡᠯᠡᠪᠡᠯ᠂ ᠡᠳᠦᠷ ᠬᠡᠳᠦᠢ ᠶᠠᠳᠠᠷᠠᠭᠰᠠᠨ ᠴᠤ ᠣᠷᠣ ᠠᠴᠠ ᠪᠠᠨ ᠵᠠᠶᠢᠳᠠᠭᠤ ᠪᠠᠶᠢᠵᠤ ᠦᠳᠡ ᠳᠤ ᠤᠨᠲᠠᠬᠤ ᠦᠭᠡᠢ ᠪᠣᠯ ᠰᠠᠶᠢᠨ ᠶᠤᠮ᠃    2. 65 ᠨᠠᠰᠤᠨ ᠠᠴᠠ ᠳᠡᠭᠡᠭᠰᠢᠬᠢ ᠵᠢᠷᠦᠭᠡ ᠲᠠᠷᠢᠬᠢᠨ ᠤ ᠴᠢᠰᠤᠨ ᠰᠤᠳᠠᠯ ᠤᠨ ᠪᠠ ᠮᠠᠷᠢᠶᠠᠯᠠᠬᠤ ᠭᠡᠮ ᠲᠠᠢ ᠬᠦᠮᠦᠰ ᠦᠳᠡ ᠳᠤ ᠤᠨᠲᠠᠬᠤ ᠳᠠᠭᠠᠨ ᠤᠳᠠᠭᠠᠨ ᠴᠠᠭ ᠢᠶᠠᠷ ᠤᠨᠲᠠᠬᠤ ᠠᠴᠠ ᠣᠨᠴᠠ ᠬᠢᠴᠢᠶᠡᠬᠦ ᠬᠡᠷᠡᠭᠲᠡᠢ᠃ ᠦᠳᠡ ᠳᠤ ᠠᠮᠠᠷᠠᠬᠤ ᠦᠶᠡᠰ ᠴᠢᠰᠤᠨ ᠤ ᠡᠷᠭᠢᠯᠲᠡ ᠬᠠᠷᠢᠴᠠᠩᠭᠤᠢ ᠪᠠᠷ ᠤᠳᠠᠭᠠᠰᠢᠷᠠᠳᠠᠭ ᠪᠦᠭᠡᠳ ᠦᠳᠡ ᠶᠢᠨ ᠬᠤᠭᠤᠯᠠ ᠢᠳᠡᠭᠰᠡᠨ ᠤ ᠬᠤᠶᠢᠨ᠎ᠠ ᠪᠡᠶ᠎ᠡ ᠶᠢᠨ ᠴᠢᠨᠢ ᠥᠳᠭᠡᠷᠡᠭᠰᠡᠨ ᠴᠢᠰᠤ ᠨᠢ ᠴᠢᠰᠤᠨ ᠰᠣᠳᠠᠯ ᠤᠨ ᠬᠠᠨ᠎ᠠ ᠳᠡᠭᠡᠷ᠎ᠡ ᠨᠠᠭᠠᠯᠳᠤᠨ ᠴᠢᠰᠤᠨ ᠪᠦᠯᠦᠭ ᠡᠭᠦᠰᠳᠡᠭ ᠠᠴᠠ ᠰᠠ ᠡᠪᠡᠳᠴᠢᠨ ᠳᠤ ᠨᠡᠷᠪᠡᠭᠳᠡᠬᠦ ᠠᠶᠤᠯ ᠲᠠᠢ ᠪᠠᠶᠢᠳᠠᠭ᠃    3.ᠦᠳᠡ ᠳᠤ ᠤᠨᠲᠠᠬᠤ ᠬᠡᠯᠪᠡᠷᠢ ᠪᠠᠶᠢᠳᠠᠯ ᠨᠢ ᠴᠤ ᠲᠣᠩ ᠴᠢᠬᠤᠯᠠ ᠶᠤᠮ᠂ ᠤᠨᠲᠠᠬᠤ ᠬᠡᠯᠪᠡᠷᠢ ᠪᠠᠶᠢᠳᠠᠯ ᠢᠶᠠᠨ ᠠᠩᠬᠠᠷᠬᠤ ᠦᠭᠡᠢ ᠡᠪ ᠦᠭᠡᠢ ᠤᠨᠲᠠᠬᠤ ᠠᠴᠠ ᠤᠨᠲᠠᠬᠤ ᠦᠭᠡᠢ ᠨᠢ ᠳᠡᠭᠡᠷ᠎ᠡ᠃ ᠡᠯᠢᠭᠡᠳᠡᠵᠦ ᠤᠨᠲᠠᠬᠤ᠂ ᠭᠠᠷ ᠢᠶᠠᠨ ᠳᠡᠷᠡᠯᠡᠨ ᠤᠨᠲᠠᠬᠤ ᠨᠢ ᠣᠯᠠᠩᠭᠢ ᠰᠤᠷᠤᠭᠴᠢᠳ ᠪᠠ ᠠᠵᠢᠯᠯᠠᠳᠠᠭ ᠬᠦᠮᠦᠰ ᠤᠨ ᠠᠷᠭ᠎ᠠ ᠪᠣᠰᠤ ᠰᠤᠩᠭᠤᠯᠲᠠ ᠪᠣᠯᠤᠨ᠎ᠠ᠂ ᠭᠡᠲᠡᠯ᠎ᠡ ᠡᠨᠡᠬᠦ ᠤᠨᠲᠠᠬᠤ ᠬᠡᠯᠪᠡᠷᠢ ᠪᠠᠶᠢᠳᠠᠯ ᠨᠢ ᠬᠦᠵᠦᠭᠦᠦ ᠰᠡᠭᠡᠷ ᠪᠣᠶᠤ ᠨᠢᠷᠤᠭᠤᠨ ᠤ ᠬᠡᠰᠡᠭ ᠤᠨ ᠪᠣᠯᠴᠢᠩ᠂ ᠰᠢᠷᠪᠤᠰᠤ ᠶᠢ ᠬᠡᠲᠦᠷᠬᠡᠢ ᠴᠢᠩᠭᠠᠷᠠᠬᠤ᠂ ᠳᠠᠲᠠᠯᠳᠤᠬᠤ ᠪᠠᠶᠢᠳᠠᠯ ᠳᠤ ᠣᠷᠤᠭᠤᠯᠵᠤ᠂ ᠬᠦᠵᠦᠭᠦᠦ ᠰᠡᠭᠡᠷ ᠤᠨ ᠡᠪᠡᠳᠴᠢᠨ ᠢ ᠠᠮᠠᠷᠬᠠᠨ ᠡᠭᠦᠰᠭᠡᠳᠡᠭ᠃ ᠡᠭᠦᠨ ᠤ ᠵᠡᠷᠭᠡ ᠪᠠᠷ ᠡᠨᠡᠬᠦ ᠬᠡᠯᠪᠡᠷᠢ ᠪᠠᠶᠢᠳᠠᠯ ᠨᠢ ᠶᠡᠭᠡ ᠲᠠᠷᠢᠬᠢᠨ ᠤ ᠴᠢᠰᠤᠨ ᠤ ᠬᠠᠩᠭᠠᠯᠲᠠ ᠶᠢ ᠶᠡᠬᠡᠳᠡ ᠨᠥᠯᠦᠭᠡᠯᠡᠬᠦ ᠶᠢᠨ ᠤᠯᠠᠮ ᠢᠶᠠᠷ ᠤᠨᠲᠠᠬᠤ ᠳᠣᠲᠤᠮ ᠢᠶᠠᠨ ᠲᠣᠯᠤᠭᠠᠢ ᠡᠷᠭᠢᠬᠦ᠂ ᠤᠨᠲᠠᠬᠤ ᠳᠣᠲᠤᠮ ᠢᠶᠠᠨ ᠶᠠᠳᠠᠷᠠᠬᠤ ᠪᠠᠶᠢᠳᠠᠯ ᠲᠠᠢ ᠪᠣᠯᠭᠠᠳᠠᠭ᠃    ᠣᠳᠤ ᠶᠢᠨ ᠰᠢᠨᠵᠢᠯᠡᠬᠦ ᠤᠬᠠᠭᠠᠨ ᠤ ᠰᠣᠳᠤᠯᠤᠯ ᠢ ᠦᠨᠳᠦᠰᠦᠯᠡᠪᠡᠯ᠂ ᠡᠷᠡᠭᠦᠯ ᠴᠢᠬᠢᠷᠠᠭ ᠨᠠᠰᠤᠨ ᠳᠤ ᠬᠦᠷᠦᠭᠰᠡᠳ ᠲᠤ ᠠᠪᠴᠤ ᠬᠡᠯᠡᠪᠡᠯ᠂ ᠦᠳᠡ ᠶᠢᠨ ᠤᠨᠲᠠᠯᠭ᠎ᠠ ᠶᠢᠨ ᠬᠠᠮᠤᠭ ᠤᠨ ᠲᠣᠬᠢᠷᠠᠮᠵᠢᠲᠠᠢ ᠴᠠᠭ ᠨᠢ 20 ᠮᠢᠨᠦ᠋ᠲ ᠣᠷᠴᠢᠮ ᠪᠣᠯᠤᠨ᠎ᠠ᠃ ᠦᠨᠡᠨ ᠢ ᠬᠡᠯᠡᠪᠡᠯ ᠵᠠᠪᠠᠯ ᠤᠨᠲᠠᠬᠤ ᠬᠡᠷᠡᠭᠲᠡᠢ ᠪᠢᠰᠢ᠂ ᠨᠢᠳᠦ ᠪᠠᠨ ᠠᠨᠢᠭᠠᠳ ᠠᠮᠠᠷᠠᠬᠤ ᠨᠢ ᠴᠤ ᠶᠡᠭᠡ ᠲᠠᠷᠢᠬᠢ ᠶᠢ ᠨᠣᠶᠢᠷᠮᠤᠭᠯᠠᠭᠠᠳ ᠠᠪᠬᠤ ᠦᠷ᠎ᠡ ᠳ᠋ᠦᠩ ᠳᠤ ᠬᠦᠷᠦᠭᠦᠯᠵᠦ ᠴᠢᠳᠠᠳᠠᠭ᠂ ᠡᠶᠢᠮᠦᠷᠬᠦ ᠪᠠᠶᠢᠳᠠᠯ ᠢ ᠪᠠᠰᠠ ︽ᠨᠠᠮ ᠵᠢᠮ ᠮᠦᠷᠲᠡᠭᠡᠨ ᠰᠡᠷᠬᠡᠭ ᠪᠠᠶᠢᠬᠤ︾ ᠭᠡᠳᠡᠭ᠂ ︽ᠨᠠᠮ ᠵᠢᠮ ᠮᠦᠷᠲᠡᠭᠡᠨ ᠰᠡᠷᠬᠡᠭ ᠪᠠᠶᠢᠬᠤ︾  ᠪᠠᠶᠢᠳᠠᠯ ᠳᠣᠣᠷ᠎ᠠ᠂ ᠶᠡᠭᠡ ᠲᠠᠷᠢᠬᠢ ᠨᠢ ᠦᠩᠭᠡᠷᠡᠭᠰᠡᠨ ᠤ ᠴᠡᠭᠡᠵᠢᠯᠡᠬᠦ ᠮᠡᠳᠡᠷᠡᠯ ᠤᠨ ᠡᠰ ᠢᠶᠠᠷ ᠢᠶᠠᠨ ᠰᠤᠷᠤᠯᠴᠠᠬᠤ᠂ ᠪᠣᠳᠤᠯᠬᠢᠯᠠᠬᠤ ᠶᠢ ᠰᠠᠨᠠᠭᠠᠴᠢᠯᠠᠭ᠎ᠠ ᠠᠴᠠ ᠪᠠᠨ ᠢᠳᠡᠪᠬᠢᠵᠢᠭᠦᠯᠳᠡᠭ᠃ ᠰᠤᠷᠭᠠᠭᠤᠯᠢ ᠶᠢᠨ ᠨᠠᠰᠤᠨ ᠠᠴᠠ ᠡᠮᠦᠨᠡᠬᠢ ᠬᠡᠦᠬᠡᠳ ᠤᠨ ᠦᠳᠡ ᠳᠤ ᠤᠨᠲᠠᠬᠤ ᠶᠢᠨ ᠤᠷᠲᠤ ᠣᠬᠤᠷ ᠤᠨ ᠲᠤᠬᠠᠢ ᠰᠣᠳᠤᠯᠤᠭᠴᠢᠳ᠄ ᠠᠶ᠎ᠠ ᠪᠠᠷ ᠨᠢ ᠪᠠᠶᠢᠯᠭᠠᠪᠠᠯ ᠵᠣᠬᠢᠨ᠎ᠠ ᠭᠡᠰᠡᠨ ᠰᠠᠨᠠᠭᠤᠯᠭ᠎ᠠ ᠥᠭᠪᠡ᠃
 
ᠢᠷᠡᠯᠲᠡ᠄ ᠠᠷᠠᠳ ᠤᠨ ᠰᠦᠯᠵᠢᠶ᠎ᠡ ᠶᠢᠨ ᠮᠤᠩᠭᠤᠯ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号