ᠬᠠᠷᠠᠩᠭᠤᠢ ᠣᠷᠴᠢᠨ ᠳᠤ ᠭᠠᠷ ᠤᠲᠠᠰᠤ ᠦᠵᠡᠬᠦ ᠶᠢᠨ ᠬᠥᠨᠥᠭᠡᠯ
ᠨᠡᠶᠢᠲᠡᠯᠡᠭᠰᠡᠨ ᠴᠠᠭ᠄
2024/8/2
   ᠵᠠᠷᠢᠮ ᠬᠥᠮᠥᠨ ᠣᠷᠣ ᠳᠡᠭᠡᠷ᠎ᠡ ᠪᠠᠨ ᠬᠡᠪᠲᠡᠭᠡᠳ ᠶᠡᠷᠦ ᠨᠢ ᠤᠨᠲᠠᠵᠤ ᠣᠷᠣᠳᠠᠭ ᠦᠭᠡᠢ᠂ ᠲᠠᠭᠡᠭᠡᠳ ᠳ᠋ᠧᠩ  ᠢᠶᠠᠨ ᠤᠨᠲᠠᠷᠠᠭᠠᠴᠢᠬᠠᠭᠰᠠᠨ ᠪᠠᠶᠢᠲᠠᠯ᠎ᠠ ᠪᠠᠨ ᠮᠥᠨ ᠭᠠᠷ ᠤᠲᠠᠰᠤ ᠪᠠᠨ ᠬᠡᠰᠡᠭ ᠬᠤᠭᠤᠴᠠᠭ᠎ᠠ ᠱᠠᠭᠠᠶᠢᠳᠠᠭ᠃ ᠪᠦᠳᠡᠭᠢ ᠬᠠᠷᠠᠩᠭᠤᠢ ᠣᠷᠴᠢᠨ ᠳᠤ ᠭᠠᠷ ᠤᠲᠠᠰᠤᠨ ᠤ ᠴᠡᠭᠡᠨ ᠳᠡᠯᠭᠡᠴᠡ ᠶᠢ ᠬᠠᠷᠠᠬᠤ ᠨᠢ ᠭᠡᠭᠡᠨ ᠬᠠᠷᠠᠭ᠎ᠠ ᠶᠢ ᠤᠷᠳᠤ ᠬᠤᠭᠤᠴᠠᠭ᠎ᠠ ᠪᠠᠷ ᠲᠣᠮᠣᠷᠠᠭᠤᠯᠵᠤ᠂ ᠨᠢᠳᠦᠨ ᠳᠣᠲᠣᠷᠠᠬᠢ ᠰᠢᠩᠭᠡᠨ ᠪᠡᠶᠡᠲᠦ ᠶᠢᠨ ᠣᠷᠴᠢᠨ ᠡᠷᠭᠢᠯᠳᠦᠬᠦ ᠶᠢ ᠬᠠᠭᠠᠬᠳᠠᠭᠤᠯᠵᠤ᠂ ᠠᠮᠠᠷᠬᠠᠨ ᠴᠡᠩᠬᠡᠷ ᠬᠠᠷᠠᠭ᠎ᠠ ᠶᠢᠨ ᠠᠰᠠᠭᠤᠳᠠᠯ ᠢ ᠡᠭᠦᠰᠬᠡᠳᠡᠭ᠃    ᠴᠡᠩᠬᠡᠷ ᠬᠠᠷᠠᠭ᠎ᠠ ᠪᠣᠯ ᠮᠠᠨ ᠤ ᠤᠯᠤᠰ ᠲᠤ ᠨᠢᠭᠡᠳᠦᠭᠡᠷ ᠪᠠᠶᠢᠷᠢᠨ ᠳᠤ ᠵᠢᠭᠰᠠᠭᠠᠭᠳᠠᠵᠤ ᠪᠠᠶᠢᠭ᠎ᠠ ᠵᠠᠰᠠᠷᠠᠰᠢ ᠦᠭᠡᠢ ᠬᠠᠷᠠᠭ᠎ᠠ ᠠᠯᠳᠠᠬᠤ ᠴᠢᠨᠠᠷᠲᠠᠢ ᠨᠢᠳᠦᠨ ᠤ ᠡᠪᠡᠳᠴᠢᠨ ᠪᠣᠯᠣᠨ᠎ᠠ᠃ ᠤᠨᠲᠠᠬᠤ ᠠᠴᠠ ᠪᠠᠨ ᠡᠮᠦᠨ᠎ᠡ ᠠᠯᠢ ᠪᠤᠯᠬᠤ ᠪᠠᠷ ᠭᠡᠷᠡᠯ ᠮᠠᠭᠤᠲᠠᠢ ᠣᠷᠴᠢᠨ ᠳᠤ ᠭᠠᠷ ᠤᠲᠠᠰᠤ ᠪᠠᠷ ᠲᠣᠭᠯᠠᠬᠤ ᠦᠭᠡᠢ᠂ ᠭᠠᠷ ᠤᠲᠠᠰᠤ ᠱᠠᠭᠠᠶᠢᠬᠤ ᠳᠠᠭᠠᠨ ᠭᠠᠷ ᠤᠲᠠᠰᠤ ᠪᠣᠯᠣᠨ ᠨᠢᠳᠦᠨ ᠤ ᠬᠤᠭᠤᠷᠤᠨᠳᠤᠭᠢ ᠵᠠᠢ ᠶᠢ 30cm ᠤᠨ ᠵᠠᠶᠢᠲᠠᠢ ᠪᠠᠶᠢᠯᠭᠠᠬᠤ ᠪᠥᠭᠡᠳ ᠡᠳᠦᠷ ᠪᠦᠷᠢ ᠭᠠᠷ ᠤᠲᠠᠰᠤ ᠪᠠᠷ ᠲᠣᠭᠯᠠᠬᠤ ᠴᠠᠭ ᠢ 45 ᠮᠢᠨᠦ᠋ᠲ ᠠᠴᠠ ᠬᠡᠲᠦᠷᠡᠭᠦᠯᠵᠦ ᠪᠤᠯᠬᠤ ᠦᠭᠡᠢ᠃    ᠠᠩᠭ᠍ᠯᠢ ᠶᠢᠨ ᠨᠢᠭᠡᠨ ᠰᠤᠳᠤᠯᠭᠠᠨ ᠳᠤ ᠬᠠᠷᠠᠭᠤᠯᠤᠭᠰᠠᠨ ᠢᠶᠠᠷ᠂ ᠲᠦᠨᠡᠷ ᠬᠠᠷᠠᠩᠭᠤᠢ ᠤᠨᠲᠠᠯᠭ᠎ᠠ ᠶᠢᠨ ᠣᠷᠴᠢᠨ ᠬᠥᠮᠥᠨ ᠤ ᠪᠡᠶ᠎ᠡ ᠮᠠᠬᠠᠪᠤᠳ ᠤᠨ ᠬᠠᠷ᠎ᠠ ᠦᠭᠡᠶᠢᠳᠡᠭᠦᠯᠦᠭᠴᠢ ᠭᠡᠭᠴᠢ ᠬᠤᠷᠮᠣᠨ ᠢ ᠪᠦᠷᠢᠯᠳᠦᠭᠦᠯᠬᠦ ᠳᠤ ᠲᠤᠰᠠᠲᠠᠢ ᠪᠠᠶᠢᠵᠤ᠂ ᠰᠢᠨ᠎ᠡ ᠬᠠᠭᠤᠴᠢᠨ ᠤ ᠰᠣᠯᠢᠯᠴᠠᠭ᠎ᠠ ᠶᠢ ᠠᠬᠢᠭᠤᠯᠤᠨ᠂ ᠤᠨᠲᠠᠯᠭ᠎ᠠ ᠶᠢᠨ ᠴᠢᠨᠠᠷ ᠢ ᠳᠡᠭᠡᠭᠰᠢᠯᠡᠭᠦᠯᠳᠡᠭ᠃ ᠬᠡᠷᠪᠡ ᠭᠠᠷ ᠤᠲᠠᠰᠤ ᠶᠢ ᠤᠨᠲᠠᠯᠭ᠎ᠠ ᠶᠢᠨ ᠥᠷᠥᠭᠡᠨ ᠲᠡᠭᠡᠨ ᠠᠪᠴᠤ ᠣᠷᠣᠬᠤ ᠪᠤᠶᠤ ᠤᠨᠲᠠᠯᠭ᠎ᠠ ᠶᠢᠨ ᠥᠷᠥᠭᠡᠨ ᠲᠡᠭᠡᠨ ᠭᠠᠷ ᠤᠲᠠᠰᠤ ᠳᠠᠭᠠᠨ ᠴᠠᠭᠢᠯᠭᠠᠨ ᠴᠡᠨᠡᠭᠯᠡᠪᠡᠯ ᠲᠡᠭᠦᠨ ᠤ ᠬᠥᠬᠡ ᠭᠡᠷᠡᠯ ᠨᠢ ᠬᠥᠮᠥᠨ ᠤ ᠪᠡᠶ᠎ᠡ ᠶᠢᠨ ᠬᠠᠷ᠎ᠠ ᠦᠭᠡᠶᠢᠳᠡᠭᠦᠯᠦᠭᠴᠢ ᠱᠦᠭᠦᠷᠡᠭᠦᠯᠬᠦ ᠶᠢ ᠨᠥᠯᠥᠭᠡᠯᠡᠵᠦ᠂ ᠰᠢᠨ᠎ᠡ ᠬᠠᠭᠤᠴᠢᠨ ᠤ ᠰᠣᠯᠢᠯᠴᠠᠭ᠎ᠠ ᠶᠢ ᠲᠡᠩᠴᠡᠭᠦᠷᠢ ᠠᠯᠳᠠᠭᠤᠯᠤᠨ᠂ ᠮᠠᠷᠢᠶᠠᠯᠠᠬᠤ᠂ ᠴᠢᠰᠤᠨ ᠳᠠᠷᠤᠯᠲᠠ ᠥᠨᠳᠥᠷᠵᠢᠬᠦ᠂ ᠰᠢᠬᠢᠷ ᠰᠢᠵᠢᠩ ᠡᠪᠡᠳᠴᠢᠨ᠂ ᠬᠠᠪᠤᠳᠠᠷ ᠵᠡᠷᠭᠡ ᠡᠪᠡᠳᠴᠢᠨ ᠳᠤ ᠨᠡᠷᠪᠡᠭᠳᠡᠭᠦᠯᠵᠦ ᠮᠠᠳᠠᠨ᠎ᠠ᠃ ᠡᠭᠦᠨ ᠤ ᠬᠠᠮᠲᠤ᠂ ᠭᠠᠷ ᠤᠲᠠᠰᠤᠨ ᠤ ᠴᠠᠭᠢᠯᠭᠠᠨ ᠰᠣᠷᠢᠨᠵᠢᠨ ᠲᠣᠯᠣᠭᠠᠢ ᠳᠤ ᠨᠡᠯᠢᠶᠡᠳ ᠬᠤᠬᠢᠷᠠᠯ ᠪᠣᠯᠵᠤ᠂ ᠬᠥᠮᠥᠨ ᠤ ᠪᠡᠶ᠎ᠡ ᠶᠢᠨ ᠲᠥᠪ ᠮᠡᠳᠡᠷᠡᠯ ᠤᠨ ᠰᠢᠰᠲ᠋ᠧᠮ ᠢ ᠨᠥᠯᠥᠭᠡᠯᠡᠨ᠂ ᠲᠣᠯᠣᠭᠠᠢ ᠡᠪᠡᠳᠬᠦ᠂ ᠲᠣᠯᠣᠭᠠᠢ ᠡᠷᠭᠢᠬᠦ᠂ ᠨᠣᠶᠢᠷ ᠬᠤᠯᠵᠢᠬᠤ᠂ ᠡᠯᠳᠡᠪ ᠢᠶᠠᠷ ᠵᠡᠭᠦᠳᠦᠯᠡᠬᠦ ᠪᠠ ᠭᠡᠵᠢᠭᠡ ᠤᠨᠠᠬᠤ ᠵᠡᠷᠭᠡ ᠡᠪᠡᠳᠴᠢᠨ ᠤ ᠢᠯᠡᠷᠡᠯ ᠭᠠᠷᠭᠠᠨ᠂ ᠤᠨᠲᠠᠯᠭ᠎ᠠ ᠶᠢᠨ ᠴᠢᠨᠠᠷ ᠢ ᠴᠤ ᠨᠥᠯᠥᠭᠡᠯᠡᠳᠡᠭ᠃    ᠡᠶᠢᠮᠦ ᠠᠴᠠ ᠬᠠᠮᠤᠭ ᠤᠨ ᠰᠠᠶᠢᠨ ᠨᠢ ᠤᠨᠲᠠᠬᠤ ᠦᠶᠡᠰ ᠭᠠᠷ ᠤᠲᠠᠰᠤ ᠪᠠᠨ ᠬᠠᠭᠠᠭᠠᠷᠠᠢ᠃ ᠭᠠᠷ ᠤᠲᠠᠰᠤᠨ ᠳᠤ ᠴᠠᠭᠢᠯᠭᠠᠨ ᠴᠡᠨᠡᠭᠯᠡᠵᠦ ᠪᠠᠶᠢᠬᠤ ᠦᠶᠡᠰ ᠴᠠᠭᠢᠯᠭᠠᠨ ᠰᠣᠷᠢᠨᠵᠢᠨ ᠰᠠᠴᠤᠳᠠᠭ᠂ ᠭᠠᠷ ᠤᠲᠠᠰᠤ ᠪᠠᠨ ᠵᠠᠷᠤᠬᠤ ᠦᠭᠡᠢ ᠦᠶᠡᠰ 1 ~ 2 ᠮᠸᠲᠷ ᠵᠠᠶᠢᠲᠠᠢ ᠲᠠᠯᠪᠢᠨ᠂ ᠵᠢᠷᠦᠬᠡᠨ ᠤ ᠡᠪᠡᠳᠴᠢᠨ ᠲᠠᠢ ᠬᠥᠮᠥᠰ ᠨᠠᠩ ᠴᠤ ᠭᠠᠷ ᠤᠲᠠᠰᠤᠨ ᠤ ᠰᠠᠴᠤᠷᠠᠭ ᠵᠢᠷᠦᠬᠡᠨ ᠤ ᠴᠢᠳᠠᠪᠬᠢ ᠶᠢ ᠬᠠᠷᠰᠢᠯᠠᠬᠤ ᠠᠴᠠ ᠰᠡᠷᠭᠡᠶᠢᠯᠡᠭᠡᠷᠡᠢ᠃
 
ᠢᠷᠡᠯᠲᠡ᠄ ᠲᠥᠩᠯᠢᠶᠤᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号