| | | ᠣᠶᠢᠷ᠎ᠠ ᠳᠤ᠂ ᠬᠦᠷᠢᠶ᠎ᠡ ᠬᠤᠰᠢᠭᠤᠨ ᠤ ᠥᠪᠥᠷ ᠮᠣᠩᠭᠤᠯ ᠤᠨ ᠮᠧᠩ ᠲᠠᠢ ᠰᠢᠶᠠᠩ ᠲᠠᠷᠢᠶᠠᠯᠠᠩ ᠤᠨ ᠰᠢᠨᠵᠢᠯᠡᠬᠦ | ᠤᠬᠠᠭᠠᠨ ᠲᠸᠭᠨᠢᠭ ᠮᠡᠷᠭᠡᠵᠢᠯ ᠤᠨ ᠬᠢᠵᠠᠭᠠᠷᠲᠤ ᠺᠤᠮᠫᠠᠨᠢ ᠶᠢᠨ ᠬᠠᠷ᠎ᠠ ᠭᠠᠭ᠋ᠠᠢ ᠲᠡᠵᠢᠭᠡᠨ ᠦᠷᠡᠵᠢᠭᠦᠯᠬᠦ ᠰᠠᠭᠤᠷᠢᠨ | ᠭᠠᠵᠠᠷ ᠲᠤ ᠬᠦᠷᠬᠦᠶ᠎ᠡ᠂ ᠠᠮᠢ ᠠᠬᠤᠢ ᠶᠢᠨ ᠪᠣᠬᠢᠷᠳᠤᠯ ᠦᠭᠡᠢ ᠭᠠᠭ᠋ᠠᠢ ᠶᠢᠨ ᠡᠭᠦᠷ ᠨᠢ ᠡᠷᠬᠡ ᠦᠭᠡᠢ ᠰᠣᠨᠢᠷᠬᠠᠯ ᠢ | ᠲᠠᠲᠠᠨ᠎ᠠ᠃ ᠬᠠᠰᠢᠶ᠎ᠠ ᠳᠦᠭᠦᠷᠡᠩ ᠲᠠᠷᠭᠤᠨ ᠬᠠᠷ᠎ᠠ ᠭᠠᠭ᠋ᠠᠢ ᠨᠢ ᠡᠪᠡᠰᠦ ᠪᠣᠷᠳᠤᠭ᠎ᠠ ᠠᠳᠬᠤᠨ ᠣᠶᠢᠷᠠᠲᠤᠭᠰᠠᠨ | ᠡᠵᠡᠨ ᠢᠶᠠᠨ ᠬᠠᠷᠠᠬᠤᠶ᠎ᠠ᠂ ᠰᠢᠬᠠᠯᠳᠤᠨ ᠢᠷᠡᠵᠦ ᠭᠦᠪᠰᠡᠨ ᠭᠠᠭ᠋ᠠᠶᠢᠯᠠᠨᠠ᠃ | ᠭᠠᠭ᠋ᠠᠢ ᠶᠢᠨ ᠬᠠᠰᠢᠶᠠᠨ ᠳᠤ ᠣᠷᠣᠬᠤ ᠳᠤᠨᠢ ᠪᠢᠳᠠ ᠶᠡᠷᠦ ᠨᠢ ᠥᠭᠡᠷ᠎ᠡ ᠦᠮᠡᠬᠡᠢ ᠮᠠᠭᠤ ᠦᠨᠦᠷ ᠣᠯᠵᠤ | ᠦᠨᠦᠷᠲᠦᠭᠡ ᠦᠭᠡᠢ ᠨᠢ ᠭᠠᠶᠢᠬᠠᠯᠲᠠᠢ᠃ ᠭᠠᠭ᠋ᠠᠢ ᠶᠢᠨ ᠬᠠᠰᠢᠶ᠎ᠠ ᠨᠢ ᠪᠠᠶᠢᠲᠠᠯ᠎ᠠ ᠪᠠᠨ ᠦᠮᠡᠬᠡᠢ ᠦᠨᠦᠷ ᠦᠭᠡᠢ᠃ | ᠬᠠᠷ᠎ᠠ ᠭᠠᠭ᠋ᠠᠢ ᠶᠢᠨ ᠢᠯᠭᠠᠳᠠᠰᠤ ᠨᠢ ᠬᠠᠮᠢᠭ᠎ᠠ ᠣᠷᠣᠴᠢᠬᠠᠪᠠ︖ ᠤᠯᠠᠮᠵᠢᠯᠠᠯᠲᠤ ᠭᠠᠭ᠋ᠠᠢ ᠶᠢᠨ ᠬᠠᠰᠢᠶ᠎ᠠ ᠲᠠᠢ | ᠠᠳᠠᠯᠢᠳᠬᠠᠪᠠᠯ᠂ ᠡᠨᠡ ᠬᠦ ᠠᠮᠢ ᠠᠬᠤᠢ ᠶᠢᠨ ᠪᠣᠬᠢᠷᠳᠤᠯ ᠦᠭᠡᠢ ᠭᠠᠭ᠋ᠠᠢ ᠶᠢᠨ ᠬᠠᠰᠢᠶ᠎ᠠ ᠨᠢ ᠢᠯᠡᠷᠬᠡᠢ ︽ᠲᠣᠮᠣ | ᠤᠨᠲᠠᠯᠭ᠎ᠠ ᠶᠢᠨ ᠥᠷᠥᠭᠡ︾ ᠲᠠᠢ ᠪᠠᠶᠢᠵᠤ᠂ ᠭᠠᠭ᠋ᠠᠢ ᠨᠢ ᠨᠢᠭᠡᠨ ︽ᠳᠡᠪᠢᠰᠬᠡᠷ︾ ᠳᠡᠭᠡᠷ᠎ᠡ ᠪᠠᠨ ᠰᠠᠨᠠᠭᠠᠨ | ᠲᠠᠪᠠ ᠪᠠᠷ ᠢᠶᠠᠨ ᠲᠣᠭᠯᠠᠨ ᠭᠦᠶᠦᠯᠳᠦᠵᠦ᠂ ᠭᠠᠭ᠋ᠠᠢ ᠶᠢᠨ ᠬᠠᠰᠢᠶ᠎ᠠ ᠨᠢ ᠥᠴᠥᠬᠡᠨ ᠴᠦ ᠦᠮᠡᠬᠡᠢ ᠮᠠᠭᠤ ᠦᠨᠦᠷ | ᠦᠭᠡᠢ ᠪᠠᠶᠢᠵᠤ᠂ ᠬᠥᠮᠥᠰ ᠢ ᠭᠠᠶᠢᠬᠠᠰᠢ ᠠᠯᠳᠠᠭᠤᠯᠤᠨ᠎ᠠ᠃ ᠡᠭᠦᠨ ᠤ ᠨᠢᠭᠤᠴᠠ ᠨᠢ ᠭᠡᠪᠡᠯ ᠭᠠᠭ᠋ᠠᠢ ᠳᠤ ᠳᠡᠪᠢᠰᠴᠦ | ᠥᠭᠭᠦᠭᠰᠡᠨ ︽ᠳᠡᠪᠢᠰᠬᠡᠷ︾ ᠲᠤ ᠪᠠᠶᠢᠳᠠᠭ ᠭᠡᠵᠦ ᠶᠡᠷᠦᠩᠬᠡᠢ ᠳᠠᠭᠠᠭᠠᠮᠠᠯ ᠯᠢᠶᠠᠩ ᠰᠢᠶᠣᠣ ᠫᠢᠩ ᠲᠠᠨᠢᠯᠴᠠᠭᠤᠯᠤᠨ᠎ᠠ᠃ | | ︽ᠳᠡᠪᠢᠰᠬᠡᠷ︾ ᠭᠡᠳᠡᠭ ᠨᠢ ᠳᠠᠷᠤᠢ ᠲᠤᠰᠬᠠᠶᠢᠯᠠᠨ ᠦᠢᠯᠡᠳᠦᠭᠰᠡᠨ ᠮᠢᠺᠷᠣᠪ ᠤᠨ ᠢᠰᠬᠡᠯᠲᠡ ᠶᠢᠨ ᠣᠷᠣ | ᠪᠣᠯᠣᠨ᠎ᠠ᠃ ᠡᠭᠦᠨ ᠳᠤ ᠲᠤᠲᠤᠷᠭ᠎ᠠ ᠶᠢᠨ ᠬᠠᠯᠢᠰᠤ ᠵᠡᠷᠭᠡ ᠪᠦᠷᠢᠯᠳᠦᠭᠦᠨ ᠠᠭᠤᠯᠤᠭᠳᠠᠵᠤ ᠪᠠᠶᠢᠳᠠᠭ᠃ ᠬᠠᠷ᠎ᠠ | ᠭᠠᠭ᠋ᠠᠢ ᠶᠢᠨ ᠢᠯᠭᠠᠳᠠᠰᠤ ᠶᠢ ᠵᠠᠳᠠᠷᠠᠭᠤᠯᠤᠨ ᠢᠰᠬᠡᠵᠦ᠂ ᠪᠣᠬᠢᠷᠳᠤᠯ ᠭᠠᠳᠠᠭᠰᠢᠯᠠᠭᠤᠯᠬᠤ ᠦᠭᠡᠢ᠂ ᠦᠮᠡᠬᠡᠢ ᠦᠨᠦᠷ | ᠦᠭᠡᠢ ᠪᠣᠯᠭᠠᠳᠠᠭ᠂ ᠲᠡᠷᠡ ᠨᠢ ᠥᠪᠡᠷ ᠤᠨ ᠥᠷᠲᠡᠭ ᠢᠶᠠᠷ ᠳᠣᠣᠷ᠎ᠠ ᠪᠠᠶᠢᠳᠠᠭ ᠪᠣᠯᠬᠤᠷ ᠨᠢᠭᠡ ᠤᠳᠠᠭ᠎ᠠ ᠳᠡᠪᠢᠰᠪᠡᠯ | ᠭᠤᠷᠪᠠᠨ ᠵᠢᠯ ᠬᠡᠷᠡᠭᠯᠡᠵᠦ ᠪᠣᠯᠣᠨ᠎ᠠ᠂ ᠬᠡᠷᠡᠭᠯᠡᠵᠦ ᠪᠠᠷᠠᠭᠰᠠᠨ ᠤ ᠳᠠᠷᠠᠭ᠎ᠠ ᠪᠠᠰᠠ ᠣᠷᠭᠠᠨᠢᠭ ᠪᠣᠷᠳᠣᠭᠤᠷ ᠪᠤᠯᠭᠠᠵᠤ | ᠪᠣᠯᠣᠨ᠎ᠠ᠃ ᠬᠢᠮᠢ ᠶᠢᠨ ᠪᠣᠷᠳᠣᠭᠤᠷ ᠤᠨ ᠬᠡᠷᠡᠭᠯᠡᠬᠦ ᠨᠣᠷᠮ᠎ᠠ ᠶᠢ ᠪᠠᠭᠤᠷᠠᠭᠤᠯᠵᠤ᠂ ᠤᠰᠤ ᠰᠢᠷᠣᠢ ᠶᠢᠨ ᠣᠷᠴᠢᠨ | ᠲᠣᠭᠤᠷᠢᠨ ᠢ ᠰᠠᠶᠢᠵᠢᠷᠠᠭᠤᠯᠵᠤ᠂ ᠭᠠᠭ᠋ᠠᠢ ᠶᠢᠨ ᠲᠠᠯᠠᠪᠠᠶ ᠶᠢᠨ ᠣᠷᠣᠯᠭ᠎ᠠ ᠶᠢ ᠨᠡᠮᠡᠭᠳᠡᠭᠦᠯᠵᠦ ᠴᠢᠳᠠᠬᠤ ᠪᠠᠷ ᠪᠠᠷᠠᠬᠤ | ᠦᠭᠡᠢ᠂ ᠨᠠᠩ ᠴᠤ ᠡᠬᠢ ᠪᠠᠶᠠᠯᠢᠭ ᠤᠨ ᠥᠨᠳᠥᠷ ᠠᠰᠢᠭᠯᠠᠯᠲᠠ ᠪᠠ ᠠᠮᠢ ᠠᠬᠤᠢ ᠶᠢᠨ ᠪᠣᠬᠢᠷᠳᠤᠯ ᠦᠭᠡᠢ | ᠬᠥᠭᠵᠢᠯᠲᠡ ᠶᠢ ᠪᠡᠶᠡᠯᠡᠭᠦᠯᠵᠦ ᠴᠢᠳᠠᠨ᠎ᠠ᠃ ︽ᠭᠠᠭ᠋ᠠᠢ ᠶᠢᠨ ᠢᠯᠭᠠᠳᠠᠰᠤ ᠶᠢ ᠭᠡᠭᠡᠵᠦ ᠬᠤᠰᠤᠬᠤ᠂ ᠬᠠᠰᠢᠶ᠎ᠠ | ᠤᠬᠢᠶᠠᠬᠤ ᠬᠡᠷᠡᠭ ᠦᠭᠡᠢ᠂ ᠡᠨᠡ ᠨᠢ ᠮᠠᠨ ᠤ ᠠᠵᠢᠯ ᠢ ᠶᠡᠭᠡ ᠪᠠᠷ ᠬᠥᠩᠭᠡᠷᠡᠭᠦᠯᠵᠦ᠂ ᠦᠷ᠎ᠡ ᠪᠦᠲᠦᠮᠵᠢ ᠶᠢ ᠴᠦ ᠨᠡᠩ | ᠥᠨᠳᠥᠷ ᠪᠤᠯᠭᠠᠬᠰᠠᠨ ᠪᠠᠶᠢᠨ᠎ᠠ᠂ ᠣᠳᠣ ᠪᠢᠳᠡ ᠭᠦᠢᠴᠡᠳ ᠴᠠᠭ ᠲᠠᠢ ᠪᠣᠯᠵᠤ ᠭᠠᠭ᠋ᠠᠢ ᠪᠠᠨ ᠴᠠᠭ ᠲᠠᠭᠠᠨ ᠰᠠᠶᠢᠲᠤᠷ | ᠲᠡᠵᠢᠭᠡᠳᠡᠭ ᠮᠥᠷᠲᠡᠭᠡᠨ ᠪᠠᠰᠠ ᠰᠤᠯᠠ ᠰᠡᠯᠡᠭᠦᠦ ᠴᠠᠭ ᠲᠠᠢ ᠪᠣᠯᠤᠭᠰᠠᠨ ᠪᠠᠶᠢᠨ᠎ᠠ︾ ᠭᠡᠵᠦ ᠯᠢᠶᠠᠩ ᠰᠢᠶᠣᠣ ᠫᠢᠩ | ᠣᠮᠤᠭ ᠪᠠᠭ᠋ᠠᠳᠤᠯ ᠲᠠᠢ ᠬᠡᠯᠡᠨ᠎ᠡ᠃ | ᠣᠳᠣᠬᠠᠨ ᠳᠤ᠂ ᠳᠤᠰ ᠲᠡᠵᠢᠭᠡᠨ ᠦᠷᠡᠵᠢᠭᠦᠯᠬᠦ ᠰᠠᠭᠤᠷᠢᠨ ᠭᠠᠵᠠᠷ ᠨᠢ 16000 ᠲᠡᠭᠰᠢ ᠳᠥᠷᠪᠡᠯᠵᠢᠨ | ᠮᠧᠲᠷ ᠭᠠᠵᠠᠷ ᠡᠵᠡᠯᠡᠵᠦ᠂ ᠬᠠᠷ᠎ᠠ ᠭᠠᠭ᠋ᠠᠢ 500 ᠭᠠᠷᠤᠢ ᠪᠠᠶᠢᠵᠤ᠂ ᠵᠢᠯ ᠳᠤ 2000 ᠭᠠᠷᠤᠢ ᠭᠠᠭ᠋ᠠᠢ | ᠪᠣᠷᠣᠯᠠᠭᠤᠯᠵᠤ ᠪᠤᠢ᠃ ᠡᠭᠦᠨ ᠳᠤ᠂ ᠭᠤᠣᠯᠳᠠᠭᠤ ᠯᠢᠶᠣᠤᠨᠢᠩ᠂ ᠱᠠᠨᠰᠢ᠂ ᠴᠦᠩᠴᠢᠩ᠂ ᠰᠢᠨᠵᠢᠶᠠᠩ ᠵᠡᠷᠭᠡ | ᠭᠠᠵᠠᠷ ᠲᠤ ᠪᠣᠷᠣᠯᠠᠭᠤᠯᠵᠤ ᠪᠠᠶᠢᠨ᠎ᠠ᠃ | ᠳᠤᠰ ᠺᠤᠮᠫᠠᠨᠢ ᠪᠠᠰᠠ ᠠᠮᠢ ᠠᠬᠤᠢ ᠶᠢᠨ ᠳᠠᠪᠠᠭᠤᠯᠢᠭ ᠢᠶᠠᠨ ᠠᠵᠤ ᠠᠬᠤᠢ ᠶᠢᠨ ᠳᠠᠪᠠᠭᠤᠯᠢᠭ ᠪᠣᠯᠭᠠᠨ | ᠬᠤᠪᠢᠷᠠᠭᠤᠯᠬᠤ ᠶᠢ ᠢᠳᠡᠪᠬᠢᠲᠡᠢ ᠪᠠᠷ ᠬᠠᠶᠢᠨ ᠰᠦᠪᠡᠭᠴᠢᠯᠡᠪᠡ᠃ ︽ᠪᠢᠳᠡ ᠬᠠᠷ᠎ᠠ ᠭᠠᠭ᠋ᠠᠢ ᠳᠤ ᠶᠠᠮᠠᠷ ᠴᠤ ᠬᠢᠮᠡᠯ | ᠲᠡᠵᠢᠭᠡᠯ ᠪᠣᠷᠳᠤᠭ᠎ᠠ ᠢᠳᠡᠭᠦᠯᠳᠡᠭ ᠦᠭᠡᠢ᠂ ᠭᠠᠭ᠋ᠠᠢ ᠶᠢᠨ ᠲᠤᠷᠤᠢ ᠪᠠᠨ ᠰᠦ ᠠᠴᠠ ᠨᠢ ᠰᠠᠯᠭᠠᠭᠰᠠᠨ ᠤ ᠳᠠᠷᠠᠭ᠎ᠠ | ᠳᠠᠷᠤᠰᠢ᠂ ᠪᠣᠷᠣ ᠴᠠᠷᠭᠠᠰᠤ᠂ ᠤᠭᠤᠷᠠᠭᠲᠤ ᠢᠯᠠᠮ᠎ᠠ᠂ ᠡᠷᠳᠡᠨᠢ ᠰᠢᠰᠢ ᠶᠢ ᠢᠳᠡᠭ ᠢᠳᠡᠭ ᠢᠶᠠᠷ ᠢᠳᠡᠭᠦᠯᠵᠦ | ᠢᠳᠡᠰᠢᠨ ᠳᠤ ᠣᠷᠣᠭᠤᠯᠳᠠᠭ᠃ ᠡᠭᠦᠨ ᠠᠴᠠ ᠭᠠᠳᠠᠨ᠎ᠠ᠂ ᠪᠠᠰᠠ ᠮᠠᠨ ᠤ ᠥᠪᠡᠷ ᠢᠶᠠᠨ ᠨᠠᠶᠢᠷᠠᠭᠤᠯᠤᠭᠰᠠᠨ ᠬᠢᠲᠠᠳ | ᠡᠮ ᠢᠳᠡᠭᠦᠯᠳᠡᠭ᠂ ᠡᠨᠡ ᠬᠦ ᠲᠡᠵᠢᠭᠡᠬᠦ ᠠᠷᠭ᠎ᠠ ᠶᠢᠨ ᠬᠠᠮᠤᠭ ᠤᠨ ᠰᠢᠭᠤᠳ ᠰᠠᠶᠢᠨ ᠲᠠᠯ᠎ᠠ ᠭᠡᠪᠡᠯ ᠲᠡᠵᠢᠭᠡᠨ | ᠦᠷᠡᠵᠢᠭᠦᠯᠬᠦ ᠥᠪᠡᠷ ᠤᠨ ᠥᠷᠲᠡᠭ ᠢ ᠶᠡᠭᠡ ᠪᠠᠷ ᠪᠠᠭᠤᠷᠠᠭᠤᠯᠵᠤ᠂ ᠭᠠᠭ᠋ᠠᠢ ᠶᠢᠨ ᠡᠪᠡᠳᠴᠢᠯᠡᠬᠦ ᠨᠣᠷᠮ᠎ᠠ ᠳᠣᠣᠷ᠎ᠠ᠂ | ᠡᠪᠡᠳᠴᠢᠨ ᠢ ᠡᠰᠡᠷᠭᠦᠴᠡᠬᠦ ᠴᠢᠳᠠᠪᠤᠷᠢ ᠴᠢᠩᠭ᠎ᠠ᠂ ᠮᠢᠬ᠎ᠠ ᠨᠢ ᠴᠦ ᠮᠠᠰᠢ ᠰᠢᠨ᠎ᠡ ᠰᠣᠷᠭᠤᠭ ᠪᠠᠶᠢᠵᠤ ᠠᠰᠢᠭ | ᠬᠤᠨᠵᠢᠪᠤᠷᠢ ᠨᠢ ᠴᠦ ᠶᠠᠷᠢᠶᠠᠨ ᠦᠭᠡᠢ ᠥᠨᠳᠥᠷ ᠪᠠᠶᠢᠳᠠᠭ︾ ᠭᠡᠵᠦ ᠯᠢᠶᠠᠩ ᠰᠢᠶᠣᠣ ᠫᠢᠩ ᠲᠠᠨᠢᠯᠴᠠᠭᠤᠯᠪᠠ᠃ | ᠡ᠊ᠩ ᠤᠨ ᠪᠣᠷᠳᠣᠵᠤ ᠲᠠᠷᠭᠤᠯᠠᠭᠤᠯᠬᠤ ᠭᠠᠭ᠋ᠠᠢ ᠶᠢᠨ ᠬᠠᠰᠢᠶᠠᠯᠠᠯᠳᠠ ᠠᠴᠠ ᠭᠠᠷᠭᠠᠬᠤ ᠦᠶᠡᠯᠡᠯ ᠨᠢ ᠳᠥᠷᠪᠡ ᠠᠴᠠ | ᠲᠠᠪᠤᠨ ᠰᠠᠷ᠎ᠠ ᠪᠠᠶᠢᠵᠤ᠂ ᠳᠤᠰ ᠺᠤᠮᠫᠠᠨᠢ ᠶᠢᠨ ᠬᠠᠷ᠎ᠠ ᠭᠠᠭ᠋ᠠᠢ ᠶᠢᠨ ᠬᠠᠰᠢᠶᠠᠯᠠᠯᠳᠠ ᠠᠴᠠ ᠭᠠᠷᠭᠠᠬᠤ ᠦᠶᠡᠯᠡᠯ ᠤᠨ | ᠬᠤᠭᠤᠴᠠᠭ᠎ᠠ ᠨᠢ ᠵᠢᠷᠭᠤᠭ᠎ᠠ ᠠᠴᠠ ᠨᠠᠢᠮᠠᠨ ᠰᠠᠷ᠎ᠠ ᠪᠠᠶᠢᠵᠤ᠂ ᠭᠠᠭ᠋ᠠᠢ ᠶᠢᠨ ᠰᠢᠮ᠎ᠡ ᠲᠡᠵᠢᠭᠡᠯ ᠤᠨ ᠥᠷᠲᠡᠭ ᠢ | ᠪᠦᠲᠦᠮᠵᠢᠲᠡᠶ ᠪᠠᠲᠤᠯᠠᠵᠤ ᠪᠠᠶᠢᠨ᠎ᠠ᠃ | ︽ᠣᠳᠣᠬᠠᠨ ᠳᠤ ᠪᠢᠳᠡ ᠶᠠᠭ ᠬᠠᠷ᠎ᠠ ᠭᠠᠭ᠋ᠠᠢ᠂ ᠠᠮᠲᠠᠲᠤ ᠭᠠᠭ᠋ᠠᠢ᠂ ᠬᠡᠭᠡᠷ᠎ᠡ ᠶᠢᠨ ᠭᠠᠭ᠋ᠠᠢ ᠶᠢ ᠬᠡᠭᠡᠯᠲᠦᠭᠦᠯᠦᠨ᠂ | ᠡᠭᠦᠨ ᠢᠶᠠᠷ ᠬᠠᠷ᠎ᠠ ᠭᠠᠭ᠋ᠠᠢ ᠶᠢᠨ ᠡᠭᠦᠯᠳᠡᠷ ᠢ ᠪᠣᠶᠢᠵᠢᠭᠤᠯᠤᠨ ᠰᠠᠶᠢᠵᠢᠷᠠᠭᠤᠯᠵᠤ᠂ ᠭᠠᠭ᠋ᠠᠢ ᠶᠢᠨ ᠡᠪᠡᠳᠴᠢᠨ ᠭᠡᠮ ᠢ | ᠡᠰᠡᠷᠭᠦᠴᠡᠬᠦ ᠴᠢᠳᠠᠪᠤᠷᠢ᠂ ᠦᠷᠡᠵᠢᠯ ᠤᠨ ᠴᠢᠳᠠᠪᠤᠷᠢ ᠪᠣᠯᠣᠨ ᠮᠢᠬᠠᠨ ᠤ ᠴᠢᠨᠠᠷ ᠢ ᠳᠡᠭᠡᠭᠰᠢᠯᠡᠭᠦᠯᠵᠦ ᠪᠠᠶᠢᠨ᠎ᠠ᠃ | ᠳᠠᠷᠠᠭᠠᠴᠢ ᠶᠢᠨ ᠠᠯᠬᠤᠮ ᠳᠤ᠂ ᠪᠢᠳᠡ ᠲᠡᠵᠢᠭᠡᠨ ᠦᠷᠡᠵᠢᠭᠦᠯᠬᠦ ᠬᠡᠪᠴᠢᠶ᠎ᠡ ᠪᠠᠨ ᠥᠷᠭᠡᠳᠬᠡᠵᠦ᠂ ᠠᠮᠢ ᠠᠬᠤᠢ ᠶᠢᠨ | ᠲᠡᠵᠢᠭᠡᠨ ᠦᠷᠡᠵᠢᠭᠦᠯᠬᠦ ᠳᠠᠪᠠᠭᠤᠯᠢᠭ ᠢᠶᠠᠨ ᠭᠦᠢᠴᠡᠳ ᠪᠠᠳᠠᠷᠠᠭᠤᠯᠵᠤ᠂ ᠠᠵᠤ ᠦᠢᠯᠡᠰ ᠤᠨ ᠬᠡᠯᠬᠢᠶ᠎ᠡ ᠪᠠᠨ | ᠤᠷᠲᠤᠳᠬᠠᠨ᠂ ᠨᠡᠩ ᠤᠯᠠᠨ ᠲᠣᠰᠬᠤᠨ ᠤ ᠠᠷᠠᠳ ᠢ ᠲᠠᠶᠢᠴᠢᠯᠠᠨ᠂ ᠬᠠᠮᠲᠤ ᠪᠠᠷ ᠣᠷᠣᠯᠭ᠎ᠠ ᠪᠠᠨ ᠨᠡᠮᠡᠭᠳᠡᠭᠦᠯᠦᠨ | ᠪᠠᠶᠠᠵᠢᠬᠤ ᠪᠠᠷ ᠴᠢᠷᠮᠠᠶᠢᠨ᠎ᠠ︾ ᠭᠡᠵᠦ ᠶᠡᠷᠦᠩᠬᠡᠢ ᠳᠠᠭᠠᠭᠠᠮᠠᠯ ᠯᠢᠶᠠᠩ ᠰᠢᠶᠣᠣ ᠫᠢᠩ ᠢᠲᠡᠭᠡᠯ ᠳᠦᠭᠦᠷᠡᠩ ᠶᠠᠷᠢᠵᠤ | ᠪᠠᠶᠢᠯ᠎ᠠ᠃ | | | | ᠰᠤᠷᠪᠤᠯᠵᠢᠯᠠᠬᠴᠢ᠄ ᠨᠠᠷᠠᠨᠲᠤᠶᠠᠭ᠎ᠠ | ᠴᠢᠮᠡᠭᠡᠯᠡᠭᠴᠢ᠄ ᠵᠢᠶᠠᠩ ᠶᠠᠨ ᠽᠧ |