ᠬᠤᠨᠢᠨ ᠤ ᠭᠠᠪᠠᠯᠠ ᠨᠣᠮᠣᠬᠠᠳᠬᠠᠬᠤ ᠮᠡᠷᠭᠡᠵᠢᠯ | ᠬᠤᠨᠢᠨ ᠤ ᠭᠠᠪᠠᠯᠠ ᠨᠣᠮᠣᠬᠠᠳᠬᠠᠬᠤ ᠮᠡᠷᠭᠡᠵᠢᠯ ᠭᠡᠳᠡᠭ ᠨᠢ ᠬᠠᠭᠤᠴᠢᠷᠠᠭᠰᠠᠨ ᠬᠤᠨᠢᠨ ᠤ ᠭᠠᠪᠠᠯᠠ ᠶᠢᠨ ᠶᠠᠰᠤ ᠶᠢ | ᠴᠡᠪᠡᠷᠯᠡᠵᠤ᠂ ᠵᠢᠵᠢᠭ ᠬᠡᠰᠡᠭ ᠪᠣᠯᠭᠠᠨ ᠬᠡᠮᠬᠡᠯᠵᠦ᠂ ᠰᠢᠷᠡᠮᠦᠨ ᠲᠣᠭᠤᠭᠠᠨ ᠳᠤ ᠬᠢᠵᠦ ᠪᠦᠲᠡᠭᠡᠵᠦ᠂ ᠰᠢᠩᠭᠡᠨ | ᠰᠢᠪᠠᠷ ᠢᠶᠠᠷ ᠲᠣᠭᠤᠭᠠᠨ ᠤ ᠵᠠᠪᠰᠠᠷ ᠢ ᠴᠢᠩᠭ᠎ᠠ ᠪᠢᠳᠡᠭᠦᠮᠵᠢᠯᠡᠵᠦ᠂ ᠳᠤᠮᠳᠠ ᠵᠡᠷᠭᠡ ᠶᠢᠨ ᠭᠠᠯ ᠢᠶᠠᠷ 4 ᠠᠴᠠ 5 ᠴᠠᠭ | ᠨᠤᠮᠤᠳᠬᠠᠵᠤ᠂ ᠢᠩᠭᠢᠭᠡᠳ ᠭᠠᠯ ᠢ ᠨᠢ ᠵᠣᠭᠰᠣᠭᠠᠵᠤ 24 ᠴᠠᠭ ᠮᠡᠨᠡᠭᠰᠡᠨ ᠤ ᠳᠠᠷᠠᠭ᠎ᠠ ᠲᠣᠭᠤᠭᠠᠨ ᠪᠦᠷᠬᠦᠭᠡᠰᠦ ᠶᠢ | ᠰᠡᠭᠦᠬᠦ ᠳᠤ᠂ ᠪᠦᠳᠦᠭᠡᠭᠳᠡᠭᠦᠨ ᠨᠢ ᠦᠨᠡᠰᠦᠨ ᠴᠠᠭᠠᠨ ᠦᠩᠭᠡᠲᠡᠢ ᠪᠣᠯᠳᠠᠭ᠃ ᠶᠠᠮᠠ ᠡᠪᠡᠳᠴᠢᠨ᠂ ᠲᠠᠯ᠎ᠠ ᠲᠣᠯᠣᠭᠠᠢ | ᠡᠪᠡᠳᠬᠦ᠂ ᠴᠡᠭᠡᠵᠢ ᠬᠠᠳᠬᠤᠯᠤᠨ ᠡᠪᠡᠳᠬᠦ᠂ ᠴᠢᠰᠦᠨ ᠬᠠᠯᠠᠭᠤᠨ ᠠᠴᠠ ᠲᠣᠯᠣᠭᠠᠢ ᠡᠪᠡᠳᠬᠦ ᠵᠡᠷᠭᠡ ᠡᠪᠡᠳᠴᠢᠨ ᠢ | ᠡᠮᠴᠢᠯᠡᠬᠦ ᠳᠤ ᠬᠡᠷᠡᠭᠯᠡᠳᠡᠭ᠃ | | | | | ᠵᠤᠩᠰᠢ ᠶᠢ ᠨᠤᠮᠤᠬᠠᠳᠬᠠᠬᠤ ᠮᠡᠷᠭᠡᠵᠢᠯ | ᠵᠣᠩᠰᠢ ᠴᠢᠯᠠᠭᠤ ᠶᠢ ᠤᠭᠢᠶᠠᠵᠤ ᠴᠡᠪᠡᠷᠯᠡᠭᠰᠡᠨ ᠤ ᠳᠠᠷᠠᠭ᠎ᠠ ᠰᠢᠷ᠎ᠠ ᠪᠤᠷᠴᠠᠭ ᠤᠨ ᠴᠢᠨᠡᠭᠡᠨ ᠮᠥᠬᠦᠯᠢᠭ ᠪᠣᠯᠭᠠᠨ | ᠬᠡᠮᠬᠡᠯᠵᠦ᠂ ᠰᠢᠷᠡᠮᠦᠨ ᠲᠣᠭᠤᠭᠠᠨ ᠳᠤ ᠬᠢᠵᠦ ᠬᠠᠯᠠᠭᠤᠯᠤᠨ ᠬᠠᠭᠤᠷᠤᠨ᠎ᠠ᠂ ᠲᠡᠭᠦᠨ ᠤ ᠥᠩᠭᠡ ᠨᠢ ᠵᠢᠭᠠᠬᠠᠨ ᠰᠢᠷᠭᠠᠯ | ᠥᠩᠭᠡ ᠲᠠᠢ ᠪᠣᠯᠬᠤ ᠦᠶ᠎ᠡ ᠳᠤ᠂ ᠪᠠᠭ᠎ᠠ ᠬᠡᠮᠵᠢᠶᠡᠨ ᠤ ᠬᠠᠷ᠎ᠠ ᠠᠷᠢᠬᠢ ᠰᠦᠷᠴᠢᠨ ᠠᠮᠠᠰᠠᠷ ᠢ ᠪᠦᠷᠬᠦᠨ ᠬᠥᠷᠦᠭᠡᠵᠦ᠂ | ᠬᠡᠦᠷᠡᠭ ᠵᠥᠭᠡᠯᠡᠨ ᠪᠣᠯᠲᠠᠯ᠎ᠠ ᠲᠠᠯᠪᠢᠨ᠎ᠠ᠃ ᠨᠤᠮᠤᠬᠠᠳᠬᠠᠭᠰᠠᠨ ᠤ ᠲᠠᠷᠠᠭᠠᠬᠢ ᠵᠣᠩᠰᠢ ᠴᠢᠯᠠᠭᠤ ᠨᠢ ᠪᠦᠯᠢᠡᠨ ᠴᠢᠨᠠᠷ | ᠲᠠᠢ ᠪᠠᠶᠢᠵᠤ᠂ ᠭᠤᠤᠯᠳᠠᠭᠤ ᠬᠦᠢᠳᠡᠨ ᠡᠪᠡᠳᠴᠢᠨ ᠢ ᠵᠠᠰᠠᠨ᠎ᠠ᠂ ᠵᠢᠱᠢᠶᠡᠯᠡᠪᠡᠯ᠂ ᠰᠢᠩᠭᠡᠭᠡᠯᠳᠠ ᠮᠠᠭᠤᠳᠠᠬᠤ᠂ | ᠬᠤᠳᠤᠭᠤᠳᠤ ᠳᠥᠭᠦᠷᠴᠦ ᠬᠥᠭᠡᠬᠦ ᠪᠠ ᠬᠦᠢᠳᠡᠨ ᠢᠶᠠᠷ ᠰᠠᠭᠤᠯᠭᠠᠬᠤ ᠶᠢ ᠵᠠᠰᠠᠬᠤ ᠵᠡᠷᠭᠡ᠃ | | | | | | |