ᠬᠦᠷᠢᠶ᠎ᠡ ᠬᠤᠰᠢᠭᠤᠨ ᠳᠤ ᠪᠠᠶᠢᠳᠠᠭ ᠲᠠᠮᠤ ᠶᠢᠨ ᠴᠠᠭᠠᠨ ᠢ ᠬᠦᠮᠤᠰ ᠪᠠᠰᠠ ᠬᠦᠪᠡᠭᠡ ᠶᠢᠨ ᠮᠠᠩᠬ᠎ᠠ ᠬᠡᠳᠡᠭ᠃ | ᠲᠡᠷᠡ ᠨᠢ ᠬᠦᠷᠢᠶ᠎ᠡ ᠬᠤᠰᠢᠭᠤᠨ ᠤ ᠡᠯᠡᠰᠦ ᠪᠡ ᠮᠠᠩᠬ᠎ᠠ ᠬᠤᠶᠠᠷ ᠰᠤᠮᠤ ᠪᠠᠯᠭᠠᠰᠤᠨ ᠤ ᠡᠮᠤᠨ᠎ᠡ ᠵᠠᠬ᠎ᠠ ᠪᠦᠭᠡᠳ | ᠶᠠᠩᠰᠢᠪ ᠤᠨ ᠭᠤᠤᠯ ᠤᠨ ᠬᠤᠶᠢᠳᠤ ᠲᠠᠯ᠎ᠠ ᠪᠤᠯᠵᠤ ᠪᠠᠶᠢᠳᠠᠭ ᠠᠴᠠ ᠢᠷᠡᠯᠳᠡ ᠲᠠᠢ ᠪᠠᠶᠢᠭ᠎ᠠ᠃ ᠮᠦᠨᠴᠤ ᠡᠯᠡᠰᠦ | ᠮᠠᠩᠬᠠᠨ ᠤ ᠬᠦᠮᠤᠰ ᠵᠤᠨ ᠤ ᠦᠷᠯᠤᠭᠡ ᠦᠨᠳᠦᠷ ᠲᠤ ᠭᠠᠷᠴᠤ ᠡᠮᠤᠨᠡᠰᠢ ᠪᠠᠨ ᠬᠠᠷᠠᠪᠠᠯ ᠲᠡᠭᠷᠢ ᠶᠢᠨ ᠬᠠᠶᠠᠭ᠎ᠠ ᠲᠠᠢ | ᠨᠡᠶᠢᠯᠵᠤ ᠬᠦᠪ ᠬᠦᠬᠡᠷᠦᠨ ᠬᠠᠷᠠᠭᠳᠠᠳᠠᠭ ᠮᠠᠩᠬ᠎ᠠ ᠪᠤᠯᠬᠤᠷ ᠬᠦᠪᠡᠭᠡ ᠶᠢᠨ ᠮᠠᠩᠬ᠎ᠠ ᠬᠡᠳᠡᠭ ᠪᠤᠯᠵᠠᠢ᠃ ᠲᠡᠷᠡ ᠨᠢ | ᠨᠠᠢᠮᠠᠨ ᠬᠤᠰᠢᠭᠤᠨ ᠤ ᠵᠡᠬᠦᠨ ᠲᠠᠯ᠎ᠠ ᠠᠴᠠ ᠡᠬᠢᠯᠡᠨ ᠬᠤᠷᠴᠢᠨ ᠵᠡᠬᠦᠨ ᠭᠠᠷᠤᠨ ᠬᠤᠶᠢᠳᠤ ᠬᠤᠰᠢᠭᠤ ᠤᠷᠤᠳᠠᠯ᠎ᠠ | ᠵᠡᠬᠦᠨᠰᠢ ᠪᠠᠷᠠᠭᠤᠨᠰᠢ ᠴᠢᠭᠯᠡᠯ ᠲᠠᠢ ᠡᠪᠡᠰᠦ ᠤᠷᠭᠤᠮᠠᠯ ᠴᠦᠬᠡᠬᠡᠨ ᠪᠠᠶᠢᠳᠠᠭ ᠬᠦᠯᠢᠭᠡᠷ ᠬᠠᠷᠠᠭᠳᠠᠬᠤ ᠴᠠᠭᠠᠨ ᠮᠠᠩᠬ᠎ᠠ | ᠪᠤᠯᠤᠨ᠎ᠠ᠃ ᠬᠡᠪᠡᠴᠤ ᠬᠦᠮᠤᠰ ᠲᠤ ᠬᠠᠷᠠᠭᠳᠠᠬᠤ ᠳᠤ ᠲᠡᠭᠰᠢᠬᠡᠨ ᠰᠢᠭ ᠪᠠᠶᠢᠪᠠᠴᠤ ᠲᠡᠭᠰᠢ ᠪᠢᠰᠢ ᠪᠦᠬᠡᠳ ᠵᠠᠭᠤ | ᠰᠢᠬᠠᠮ ᠮᠧᠲᠷ ᠦᠨᠳᠦᠷ ᠤᠷᠤᠢ ᠵᠢᠯᠠᠭ᠎ᠠ ᠲᠠᠢ᠂ ᠤᠭᠳᠤ ᠲᠡᠭᠰᠢ ᠦᠭᠡᠢ ᠮᠠᠩᠬ᠎ᠠ ᠶᠤᠮ᠃ ᠲᠡᠷᠡ ᠨᠢ ᠲᠠᠯᠠᠢ ᠶᠢᠨ | ᠲᠦᠪᠰᠢᠨ ᠠᠴᠠ 250 —300 ᠮᠧᠲᠷ ᠡᠷᠬᠦᠭᠳᠡᠵᠤ᠂ ᠬᠠᠮᠤᠭ ᠦᠷᠭᠡᠨ ᠨᠢ 15 ᠺᠢᠯᠤᠮᠧᠲᠷ᠂ ᠬᠠᠮᠤᠭ ᠨᠠᠷᠢᠨ | ᠳᠠᠭᠠᠨ ᠴᠤ10 ᠺᠢᠯᠤᠮᠧᠲᠷ ᠪᠠᠶᠢᠳᠠᠭ ᠪᠦᠭᠡᠳ ᠬᠦᠷᠢᠶ᠎ᠡ ᠬᠤᠰᠢᠭᠤᠨ ᠤ ᠬᠡᠪᠴᠢᠶᠠᠨ ᠳᠤ 60 ᠺᠢᠯᠤᠮᠧᠲᠷ ᠤᠷᠳᠤ᠂ | 280 ᠲᠡᠭᠰᠢ ᠲᠦᠷᠪᠡᠯᠵᠢᠨ ᠺᠢᠯᠤᠮᠧᠲᠷ ᠭᠠᠵᠠᠷ ᠡᠵᠡᠯᠡᠵᠤ ᠪᠠᠶᠢᠭ᠎ᠠ ᠶᠤᠮ᠃ ᠬᠦᠷᠢᠶ᠎ᠡ ᠬᠤᠰᠢᠭᠤᠨ ᠤ ᠵᠢᠷᠭᠤᠭᠠᠨ | ᠭᠡᠷ ᠪᠠᠯᠭᠠᠰᠤ᠂ ᠮᠠᠩᠬᠠᠨ ᠰᠤᠮᠤ᠂ ᠡᠯᠡᠰᠦᠨ ᠪᠠᠯᠭᠠᠰᠤ᠂ ᠬᠦᠷᠢᠶ᠎ᠡ ᠪᠠᠯᠭᠠᠰᠤ ᠵᠡᠷᠭᠡ ᠲᠦᠷᠪᠡᠨ ᠰᠤᠮᠤ ᠪᠠᠯᠭᠠᠰᠤ ᠪᠠᠷ | ᠲᠠᠭᠠᠷᠢᠵᠤ ᠪᠠᠶᠢᠳᠠᠭ᠃ | ᠲᠠᠮᠤ ᠶᠢᠨ ᠴᠠᠭᠠᠨ ᠳᠤ ᠤᠯᠠᠨ ᠠᠷᠪᠢᠨ ᠦᠯᠢᠭᠡᠷ ᠲᠤᠮᠤᠭ ᠲᠠᠢ ᠪᠦᠬᠡᠳ ᠬᠦᠷᠢᠶ᠎ᠡ ᠬᠤᠰᠢᠭᠤ ᠪᠤᠢ ᠪᠤᠯᠬᠤ | ᠦᠶ᠎ᠡ ᠶᠢᠨ ︽ᠲᠢᠶᠠᠨᠴᠢ ᠯᠠᠮᠠ︾ ᠶᠢᠨ ᠦᠯᠢᠬᠡᠷ ᠲᠤᠮᠤᠭ ᠴᠤ ᠲᠠᠮᠤ ᠶᠢᠨ ᠴᠠᠭᠠᠨ ᠲᠠᠢ ᠬᠤᠯᠪᠤᠭᠳᠠᠳᠠᠭ᠃ ᠠᠯᠢ | ᠡᠷᠳᠡ ᠳᠡᠭᠡᠨ ᠬᠦᠮᠤᠰ ᠲᠠᠮᠤ ᠶᠢᠨ ᠴᠠᠭᠠᠨ ᠢ ᠲᠠᠭᠤᠯᠬᠤ ᠦᠶ᠎ᠡ ᠳᠤ ᠠᠳᠤᠭᠤ ᠮᠠᠯ ᠤᠨ ᠪᠠᠭᠠᠰᠤ ᠶᠢ ᠲᠠᠭᠠᠵᠤ | ᠭᠠᠷᠬᠤ ᠦᠭᠡᠢ ᠪᠤᠯ ᠭᠠᠷᠴᠤ ᠴᠢᠳᠠᠬᠤ ᠦᠭᠡᠢ ᠪᠤᠯᠳᠠᠭ ᠬᠡᠳᠡᠭ᠃ ᠤᠳᠤ ᠪᠤᠯᠬᠤ ᠳᠤ ᠬᠦᠷᠢᠶ᠎ᠡ ᠬᠤᠰᠢᠭᠤ ᠵᠤᠭᠠᠴᠠᠯ | ᠤᠨ ᠦᠢᠯᠡᠰ ᠢ ᠬᠦᠭᠵᠢᠬᠦᠯᠵᠤ᠂ ᠵᠤᠭᠠᠴᠠᠨ ᠲᠤᠭᠤᠷᠢᠬᠤ᠂ ᠲᠡᠷᠭᠡ ᠤᠷᠤᠯᠳᠤᠬᠤ ᠵᠡᠷᠭᠡ ᠶᠢ ᠡᠷᠬᠢᠯᠡᠭᠡᠳ ᠦᠨᠡᠭᠡᠷ | ᠬᠦᠭᠵᠢᠶᠡᠨ ᠲᠠᠢ ᠪᠤᠯᠵᠤ ᠪᠠᠶᠢᠨ᠎ᠠ᠃ ᠲᠠᠮᠤ ᠶᠢᠨ ᠴᠠᠭᠠᠨ ᠤ ᠴᠠᠭᠠᠨ ᠮᠠᠩᠬ᠎ᠠ ᠨᠢ ᠴᠡᠪᠡᠷ ᠰᠠᠶᠢᠬᠠᠨ᠂ ᠬᠢᠯᠳᠠᠭᠠᠨᠠᠮᠠ | ᠪᠠᠶᠢᠵᠤ᠂ ᠡᠪᠡᠰᠦ ᠤᠷᠭᠤᠮᠠᠯ ᠲᠤᠳᠠᠭᠤ ᠪᠠᠶᠢᠵᠤ᠂ ᠵᠤᠨ ᠤ ᠬᠠᠯᠠᠭᠤᠨ ᠳᠤ ᠡᠯᠡᠰᠦ ᠮᠠᠩᠬ᠎ᠠ ᠨᠢ ᠬᠠᠯᠠᠭᠠᠳ ᠬᠦᠮᠤᠨ | ᠤ ᠬᠦᠯ ᠤᠨ ᠪᠠᠯᠴᠢᠷᠤᠤ ᠶᠢ ᠵᠠᠰᠠᠳᠠᠭ ᠦᠢᠯᠡᠳᠦᠯ ᠲᠠᠢ ᠪᠠᠶᠢᠭ᠎ᠠ ᠶᠤᠮ᠃ |