ᠬᠦᠷᠢᠶ᠎ᠡ ᠬᠤᠰᠢᠭᠤᠨ ᠳᠤ ᠭᠠᠭ᠋ᠠᠢ ᠠᠭᠤᠯᠠ ᠬᠡᠵᠤ ᠬᠡᠯᠡᠪᠡᠯ ᠬᠦᠮᠤᠨ ᠪᠦᠬᠦᠨ ᠮᠡᠳᠡᠳᠡᠭ ᠪᠦᠬᠡᠳ ᠶᠠᠭ ᠯᠠ | ᠬᠠᠯᠳᠠᠵᠤ ᠪᠤᠯᠤᠰᠢ ᠦᠭᠡᠢ ᠠᠷᠢᠭᠤᠨ ᠲᠠᠷᠬᠠᠨ ᠲᠦᠰᠢᠭ ᠰᠢᠭ ᠦᠵᠡᠳᠡᠭ ᠪᠠᠶᠢᠨ᠎ᠠ᠃ ᠦᠨᠡᠨ ᠳᠡᠭᠡᠨ ᠭᠠᠭ᠋ᠠᠢ | ᠠᠭᠤᠯᠠ ᠮᠤᠨᠢ ᠠᠭᠤᠯᠠ ᠰᠢᠭ᠋ ᠦᠷᠭᠦᠯᠵᠢᠯᠡᠭᠰᠡᠨ ᠪᠢᠰᠢ ᠨᠡᠩ ᠴᠦ ᠯᠤ᠋ ᠱᠠᠨ ᠬᠤᠸᠠ ᠱᠠᠨ ᠠᠳᠠᠯᠢ ᠦᠵᠡᠮᠵᠵᠢ ᠲᠠᠢ | ᠪᠢᠰᠢ᠃ ᠬᠡᠪᠡᠴᠤ ᠲᠡᠷᠡ ᠨᠢ ᠬᠦᠷᠢᠶ᠎ᠡ ᠶᠢᠨ ᠬᠦᠮᠤᠰ ᠲᠤ ᠶᠠᠮᠠᠷ ᠨᠢᠬᠡᠨ ᠦᠵᠡᠮᠵᠢ ᠲᠡᠬᠦᠰ ᠦᠨᠳᠦᠷ ᠰᠦᠷᠯᠢᠭ | ᠠᠭᠤᠯᠠ ᠬᠠᠶᠢᠷᠬᠠᠨ ᠠᠴᠠ ᠢᠯᠡᠬᠦᠤ ᠪᠤᠳᠤᠭᠳᠠᠳᠠᠭ ᠨᠢ ᠲᠠᠷᠤᠢ ᠭᠠᠭ᠋ᠠᠢ ᠠᠭᠤᠯᠠ᠂ ᠬᠦᠷᠢᠶ᠎ᠡ ᠪᠠᠯᠭᠠᠰᠤ ᠠᠴᠠ | ᠪᠠᠷᠠᠭᠤᠨ ᠬᠤᠶᠢᠨ᠎ᠠ ᠬᠤᠷᠢᠨ ᠺᠢᠯᠤᠮᠧᠲᠷ ᠬᠤᠯᠠ ᠪᠠᠶᠢᠷᠢᠯᠠᠵᠤ᠂ ᠲᠠᠮᠤ ᠶᠢᠨ ᠴᠠᠭᠠᠨ ᠤ ᠬᠤᠷᠮᠤᠢ᠂ ᠶᠠᠩᠰᠢᠪ ᠤᠨ | ᠭᠤᠤᠯ ᠤᠨ ᠡᠮᠤᠨ᠎ᠡ ᠡᠷᠬᠢ ᠳᠤ ᠪᠠᠶᠢᠷᠢᠯᠠᠵᠤ᠂ ᠤᠯᠠᠨ ᠠᠷᠪᠢᠨ ᠦᠯᠢᠬᠡᠷ ᠲᠤᠮᠤᠭ ᠲᠠᠢ ᠪᠠᠶᠢᠭ᠎ᠠ ᠴᠤ ᠪᠠᠶᠢᠵᠤ | ᠮᠡᠳᠡᠨ᠎ᠡ᠃ ᠭᠠᠭ᠋ᠠᠢ ᠠᠭᠤᠯᠠ ᠶᠢᠨ ᠭᠤᠤᠯ ᠤᠷᠤᠢ ᠳᠤ ᠨᠢ ᠨᠢᠬᠡ ᠬᠤᠳᠳᠤᠭ ᠲᠠᠢ ᠪᠠᠶᠢᠵᠤ ᠬᠤᠳᠳᠤᠭ ᠲᠤᠳᠤᠷ᠎ᠠ | ᠨᠢ ᠪᠠᠰᠠ ᠲᠡᠮᠤᠷ ᠬᠡᠨᠵᠢ ᠲᠠᠢ ᠪᠠᠶᠢᠵᠠᠢ ᠭᠡᠵᠤ ᠦᠵᠡᠵᠤ ᠬᠠᠷᠠᠭᠰᠠᠨ ᠬᠦᠮᠤᠰ ᠬᠡᠯᠡᠳᠡᠭ ᠪᠠᠶᠢᠭᠰᠠᠨ ᠨᠢ ᠨᠢᠬᠡ | ᠭᠠᠶᠢᠬᠠᠮᠰᠢᠭ ᠬᠡᠬᠦ ᠳᠤ ᠠᠯᠳᠠᠨ ᠭᠠᠭ᠋ᠠᠢ ᠬᠦᠶᠤᠯᠳᠤᠵᠤ ᠪᠠᠶᠢᠭᠰᠠᠨ ᠠᠴᠠ ᠭᠠᠭ᠋ᠠᠢ ᠠᠭᠤᠯᠠ ᠨᠡᠷ᠎ᠡ ᠲᠠᠢ ᠪᠤᠯᠵᠤ᠂ | ᠯᠢᠭᠳᠡᠨ ᠬᠤᠳᠤᠭᠳᠤ ᠬᠠᠭᠠᠨ ᠤ ᠬᠦᠤ ᠪᠦᠷᠨᠡᠢ ᠴᠢᠨ ᠸᠠᠩ ᠤᠨ ᠪᠠᠶᠢᠯᠳᠤᠵᠤ ᠶᠠᠪᠤᠭᠰᠠᠨ ᠭᠠᠵᠠᠷ ᠪᠠᠶᠢᠵᠤ ᠪᠢᠯᠡ᠃ | ᠲᠡᠬᠦᠨ ᠤ ᠤᠷᠤᠨ ᠪᠠᠶᠢᠷᠢ ᠨᠢ ᠤᠨᠴᠠᠭᠠᠢ ᠪᠠᠶᠢᠭ᠎ᠠ ᠠᠴᠠ ᠪᠤᠰᠤ ᠬᠦᠷᠢᠶ᠎ᠡ ᠬᠦᠮᠤᠰ ᠲᠤ ᠭᠠᠭ᠋ᠠᠢ ᠠᠭᠤᠯᠠ ᠶᠢ | ᠡᠪᠳᠡᠵᠤ ᠪᠤᠯᠳᠠᠭ ᠦᠭᠡᠢ ᠶᠤᠮ᠂ ᠬᠡᠷᠪᠡ ᠭᠠᠭ᠋ᠠᠢ ᠠᠭᠤᠯᠠ ᠶᠢ ᠡᠪᠳᠡᠪᠡᠯ ᠬᠦᠷᠢᠶ᠎ᠡ ᠨᠤᠳᠤᠭ ᠤᠰᠤᠨ ᠪᠢᠯᠠᠩ | ᠪᠤᠯᠤᠨ᠎ᠠ ᠬᠡᠳᠡᠭ ᠶᠠᠷᠢᠶ᠎ᠡ ᠬᠡᠯᠡᠯᠴᠡᠭᠡ ᠪᠠᠶᠢᠭ᠎ᠠ ᠳᠤ ᠶᠤᠮ ᠤᠤ ᠪᠤᠤ ᠮᠡᠳᠡ᠂ ᠨᠢᠬᠡ ᠯᠡ ᠭᠠᠶᠢᠬᠠᠯᠳᠠᠢ ᠠᠭᠤᠯᠠ ᠪᠤᠯᠵᠤ | ᠬᠦᠷᠢᠶ᠎ᠡ ᠬᠤᠰᠢᠭᠤᠨ ᠤ ᠴᠢᠮᠡᠭ ᠪᠤᠯᠤᠨ ᠰᠡᠬᠦᠶᠢᠵᠤ ᠪᠠᠶᠢᠭ᠎ᠠ ᠠᠭᠤᠯᠠ ᠪᠤᠯᠤᠨ᠎ᠠ᠃ |