︽ᠬᠡᠤᠬᠡᠳ ᠢ ᠭᠦᠮᠦᠵᠢᠭᠦᠯᠭᠦ ᠭᠤᠴᠢᠨ ᠵᠢᠷᠭᠤᠭᠠᠨ ᠵᠤᠷ︾ ᠬᠡᠭᠦ ᠨᠤᠮ ᠢ ᠤᠩᠰᠢᠭᠰᠠᠨ ᠤ ᠲᠠᠷᠠᠭᠠᠬᠢ ᠲᠦᠷᠦᠭᠳᠡᠯ
ᠨᠡᠶᠢᠲᠡᠯᠡᠭᠰᠡᠨ ᠴᠠᠭ᠄
2020-05-27

   ᠲᠤᠰ ᠨᠤᠮ ᠨᠢ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠬᠡᠪᠯᠡᠯ ᠤᠨ ᠬᠤᠷᠢᠶ᠎ᠠ ᠠᠴᠠ ᠬᠡᠪᠯᠡᠭᠦᠯᠦᠭᠰᠡᠨ

ᠦᠤᠰᠢᠨ ᠬᠤᠰᠢᠭᠤᠨ ᠤ ᠤᠯᠤᠰ ᠲᠦᠷᠦ ᠶᠢᠨ ᠵᠦᠪᠯᠡᠯᠬᠡᠨ ᠤ ᠰᠤᠶᠤᠯ ᠲᠡᠤᠬᠡ ᠶᠢᠨ ᠴᠤᠪᠤᠷᠠᠯ ᠪᠢᠴᠢᠭ ᠪᠤᠯᠤᠨ᠎ᠠ᠃

ᠵᠤᠬᠢᠶᠠᠭᠴᠢ ᠮᠢᠩᠭᠠᠨᠪᠤᠤ ᠪᠤᠯ ᠤᠷᠳᠤᠰ ᠤᠨ ᠦᠤᠰᠢᠨ ᠬᠤᠰᠢᠭᠤᠨ ᠤ ᠭᠦᠮᠦᠨ᠂ ᠨᠡᠷ᠎ᠡ ᠭᠦᠨᠳᠦᠳᠦ ᠠᠷᠠᠳ ᠤᠨ

ᠪᠠᠭᠰᠢ ᠮᠦᠷᠳᠡᠬᠡᠨ ᠭᠠᠪᠢᠶᠠᠳᠦ ᠵᠠᠬᠢᠷᠤᠯ᠂ ᠭᠠᠷᠮᠠᠭᠠᠢ ᠰᠤᠷᠭᠠᠨ ᠭᠦᠮᠦᠵᠢᠯᠳᠠᠨ ᠪᠤᠯᠤᠨ᠎ᠠ᠃

   ᠲᠤᠰ ᠨᠤᠮ ᠢ ᠤᠩᠰᠢᠭᠠᠳ ᠪᠢ ᠦᠪᠡᠷ ᠤᠨ ᠡᠷᠬᠡ ᠦᠬᠡᠢ ᠦᠪᠡᠷ ᠤᠨ ᠭᠤᠴᠢ ᠭᠠᠷᠤᠢ ᠵᠢᠯ ᠰᠤᠷᠭᠠᠨ

ᠭᠦᠮᠦᠵᠢᠯ ᠵᠢᠭᠠᠨ ᠰᠤᠷᠭᠠᠯᠳᠠ ᠶᠢᠨ ᠡᠮᠦᠨ᠎ᠡ ᠹᠷᠤᠨᠲ ᠳᠤ ᠠᠵᠢᠯᠯᠠᠭᠰᠠᠨ ᠦᠩᠬᠡᠷᠠᠯᠳᠠ ᠪᠠᠨ ᠡᠷᠬᠢᠴᠡᠭᠦᠯᠦᠨ

ᠲᠤᠩᠭᠠᠭᠰᠠᠨ ᠪᠠᠶᠢᠨ᠎ᠠ᠃ ᠲᠠᠷᠤᠢ ᠰᠤᠷᠭᠠᠨ ᠭᠦᠮᠦᠵᠢᠯ ᠤᠨ ᠠᠵᠢᠯᠯᠠᠭᠠᠨ ᠤ ᠲᠤᠮᠳᠠ ᠤᠷᠤᠰᠢᠵᠦ ᠪᠠᠶᠢᠭ᠎ᠠ

ᠠᠰᠠᠭᠤᠳᠠᠯ᠂ ᠵᠢᠭᠠᠨ ᠰᠤᠷᠭᠠᠯᠳᠠ ᠶᠢᠨ ᠭᠦᠴᠢᠷᠳᠠᠯ ᠤᠨ ᠡᠭᠦᠰᠦᠭᠰᠡᠨ ᠰᠢᠯᠳᠠᠭᠠᠨ ᠵᠢᠴᠢ ᠬᠡᠷᠬᠢᠨ ᠰᠢᠢᠳᠪᠤᠷᠢᠯᠠᠭᠦ

ᠲᠤᠬᠠᠢ ᠠᠷᠭ᠎ᠠ ᠤᠬᠠᠭᠠᠨ ᠢ ᠲᠤᠰ ᠨᠤᠮ ᠠᠴᠠ ᠤᠬᠠᠭᠠᠵᠦ ᠤᠶᠢᠯᠠᠭᠠᠭᠰᠠᠨ ᠪᠠᠶᠢᠨ᠎ᠠ᠃

  ᠨᠢᠬᠡ᠂ ︽ᠭᠦᠮᠦᠨ ᠪᠤᠯᠬᠤ ᠶᠢ ᠵᠢᠭᠠᠬᠤ ᠨᠢ ᠰᠤᠷᠭᠠᠨ ᠭᠦᠮᠦᠵᠢᠯ ᠤᠨ ᠲᠠᠷᠢᠭᠦᠨ ᠴᠢᠬᠤᠯᠠ ᠡᠭᠦᠷᠬᠡ ᠮᠥᠨ︾

ᠬᠡᠳᠡᠭ ᠢ ᠭᠦᠨᠵᠡᠬᠡᠢ ᠤᠶᠢᠯᠠᠭᠠᠭᠰᠠᠨ ᠪᠠᠶᠢᠨ᠎ᠠ᠃

   ᠯᠢ ᠺᠧ ᠴᠢᠶᠠᠩ ᠶᠡᠷᠦᠩᠬᠡᠢ ᠰᠠᠶᠢᠳ ᠲᠤᠮᠳᠠᠳᠦ ᠤᠯᠤᠰ ᠤᠨ ᠰᠤᠷᠭᠠᠨ ᠭᠦᠮᠦᠵᠢᠯ ᠤᠨ ᠤᠳᠤᠬᠠᠨ ᠤ ᠪᠠᠶᠢᠳᠠᠯ

 ᠢ ᠦᠭᠦᠯᠡᠭᠦ ᠲᠡᠭᠡᠨ᠄ ︽ᠰᠤᠷᠭᠠᠨ ᠭᠦᠮᠦᠵᠢᠯ ᠤᠨ ᠠᠰᠠᠭᠤᠳᠠᠯ ᠨᠢ ᠬᠠᠮᠢᠭ᠎ᠠ ᠪᠠᠶᠢᠭ᠎ᠠ ᠪᠤᠢ︖ ᠰᠤᠷᠭᠠᠨ ᠭᠦᠮᠦᠵᠢᠯ

 ᠤᠨ ᠭᠤᠤᠯ ᠠᠰᠠᠭᠤᠳᠠᠯ ᠨᠢ ᠮᠠᠨ ᠤ ᠮᠡᠷᠬᠡᠵᠢᠯ ᠤᠨ ᠲᠠᠯ᠎ᠠ ᠲᠡᠬᠡᠷ᠎ᠡ ᠪᠠᠶᠢᠭ᠎ᠠ ᠪᠢᠰᠢ᠂ ᠮᠠᠨ ᠤ ᠰᠤᠷᠤᠭᠴᠢᠳ ᠤᠨ

ᠴᠢᠳᠠᠪᠦᠷᠢ ᠲᠡᠬᠡᠷ᠎ᠡ ᠪᠠᠶᠢᠭ᠎ᠠ ᠪᠢᠰᠢ᠂ ᠦᠬᠡᠷᠡᠴᠢᠯᠠᠯᠳᠠ ᠬᠢᠵᠦ ᠪᠠᠶᠢᠭ᠎ᠠ ᠲᠡᠬᠡᠷ᠎ᠡ ᠪᠠᠶᠢᠭ᠎ᠠ ᠪᠢᠰᠢ᠂ ᠬᠠᠷᠢᠨ ᠮᠠᠨ ᠤ

ᠰᠤᠷᠭᠠᠨ ᠭᠦᠮᠦᠵᠢᠯ ᠳᠤ ᠲᠤᠳᠠᠭᠳᠠᠵᠦ ᠪᠠᠶᠢᠭ᠎ᠠ ᠵᠦᠢᠯ ᠪᠤᠯ ᠤᠶᠤᠨ ᠰᠦᠨᠡᠰᠦᠨ ᠤ ᠵᠦᠢᠯ ᠪᠤᠯᠤᠨ᠎ᠠ᠃ ᠲᠠᠷᠤᠢ

ᠲᠤᠮᠳᠠᠳᠦ ᠤᠯᠤᠰ ᠤᠨ ᠰᠤᠷᠭᠠᠨ ᠭᠦᠮᠦᠵᠢᠯ ᠳᠤ ᠮᠡᠷᠬᠡᠵᠢᠯ ᠤᠨ ᠲᠠᠯ᠎ᠠ ᠲᠡᠬᠡᠷᠡᠬᠢ ᠮᠠᠨ ᠤ ᠠᠯᠬᠤᠴᠠ ᠲᠡᠩᠳᠡᠭᠦᠦ

ᠬᠤᠷᠳᠤᠨ ᠪᠤᠯᠤᠭᠠᠳ ᠤᠶᠤᠨ ᠰᠦᠨᠡᠰᠦ ᠨᠢ ᠲᠠᠭᠠᠵᠦ ᠠᠮᠵᠢᠬᠤ ᠦᠬᠡᠢ ᠪᠤᠯᠤᠭᠰᠠᠨ ᠪᠠᠶᠢᠨ᠎ᠠ︾ ᠬᠡᠵᠡᠢ᠃ ᠡᠨᠡ ᠨᠢ

ᠰᠤᠷᠭᠠᠨ ᠭᠦᠮᠦᠵᠢᠯ ᠤᠨ ᠠᠰᠠᠭᠤᠳᠠᠯ ᠢ ᠤᠨᠢᠨ ᠲᠡᠬᠡᠷ᠎ᠠ ᠨᠢ ᠲᠤᠰᠬᠠᠵᠦ ᠶᠠᠷᠢᠭᠰᠠᠨ ᠪᠠᠶᠢᠨ᠎ᠠ᠃

   ᠮᠠᠨ ᠤ ᠤᠯᠤᠰ ᠤᠷᠴᠢᠮ ᠤᠨ ᠵᠢᠯ ᠤᠳ ᠲᠤ ᠮᠡᠷᠬᠡᠵᠢᠯ ᠤᠨ ᠲᠠᠯ᠎ᠠ ᠳᠤ᠂ ᠲᠠᠷᠤᠢ ᠵᠢᠭᠠᠨ ᠰᠤᠷᠭᠠᠯᠳᠠ ᠦᠬᠡᠷ᠎ᠡ

 ᠪᠠᠷ ᠬᠡᠯᠡᠪᠡᠯ ᠰᠤᠷᠤᠭᠴᠢ ᠶᠢᠨ ᠦᠵᠡᠯ ᠰᠠᠨᠠᠭ᠎ᠠ ᠶᠤᠰᠤ ᠰᠤᠷᠳᠠᠬᠤᠨ ᠤ ᠲᠠᠯ᠎ᠠ ᠳᠤ ᠴᠡᠪᠡᠷᠰᠢᠭᠦᠯᠵᠦ᠂

ᠪᠤᠯᠪᠠᠰᠤᠷᠠᠭᠤᠯᠵᠦ᠂ ᠢᠳᠡᠪᠬᠢᠵᠢᠭᠦᠯᠵᠦ ᠭᠦᠮᠦᠵᠢᠭᠦᠯᠭᠦ ᠲᠠᠯ᠎ᠠ ᠪᠠᠷ ᠲᠤᠷᠭᠤᠨ ᠠᠳᠬᠤᠭᠰᠠᠨ ᠠᠴᠠ ᠲᠠᠩᠴᠠᠭᠦᠷᠢ ᠪᠠᠨ

ᠠᠯᠳᠠᠭᠰᠠᠨ ᠦᠵᠡᠭᠳᠡᠯ ᠤᠷᠤᠰᠢᠵᠦ ᠪᠠᠶᠢᠨ᠎ᠠ᠃ ᠵᠢᠭᠠᠨ ᠰᠤᠷᠭᠠᠯᠳᠠ ᠶᠢᠨ ᠲᠤᠬᠠᠢ ᠦᠬᠡᠷᠡᠴᠢᠯᠠᠯᠳᠠ ᠶᠢ ᠯᠡ

ᠴᠢᠬᠤᠯᠠᠴᠢᠯᠠᠭᠠᠳ᠂ ᠰᠤᠷᠤᠭᠴᠢ ᠶᠢᠨ ᠮᠡᠳᠡᠯᠬᠡ ᠴᠢᠳᠠᠪᠤᠷᠢ ᠨᠢ ᠲᠡᠬᠡᠭᠰᠢᠯᠡᠴᠢᠭᠡᠪᠡᠯ ᠶᠤᠰᠤ ᠰᠤᠷᠳᠠᠬᠤᠨ ᠤ ᠲᠠᠨᠢᠯᠳᠠ

 ᠨᠢ ᠠᠶᠠᠨᠳᠠᠭᠠᠨ ᠲᠡᠬᠡᠭᠰᠢᠯᠡᠴᠢᠬᠡᠭᠦ ᠶᠢ ᠪᠤᠳᠤᠵᠦ᠂ ᠰᠤᠷᠤᠭᠴᠢ ᠶᠢᠨ ᠦᠵᠡᠯ ᠰᠠᠨᠠᠭ᠎ᠠ ᠦᠢᠯᠡ ᠠᠵᠢᠯᠯᠠᠭ᠎ᠠ ᠶᠢ

ᠲᠦᠷᠢᠮᠵᠢᠭᠦᠯᠵᠦ᠂ ᠰᠡᠳᠬᠢᠴᠡ ᠶᠢᠨ ᠬᠡᠪ ᠴᠢᠨᠠᠷ᠂ ᠭᠦᠮᠦᠨ ᠮᠦᠰᠦ ᠶᠢ ᠲᠦᠯᠦᠪᠰᠢᠭᠦᠯᠭᠦ ᠶᠢ ᠤᠮᠳᠠᠭᠠᠶᠢᠯᠠᠭᠰᠠᠨ

ᠠᠰᠠᠭᠤᠳᠠᠯ ᠤᠷᠤᠰᠢᠵᠦ ᠪᠠᠶᠢᠨ᠎ᠠ᠃ ᠢᠩᠬᠢᠭᠰᠡᠨ ᠠᠴᠠ ᠰᠡᠳᠬᠢᠴᠡ ᠶᠢᠨ ᠲᠠᠯ᠎ᠠ ᠪᠠᠷ ᠡᠮᠵᠡᠭ ᠲᠠᠢ᠂ ᠭᠦᠴᠢᠷ ᠢ  

ᠲᠡᠰᠪᠦᠷᠢᠯᠡᠵᠦ ᠲᠡᠶᠢᠯᠭᠦ ᠦᠬᠡᠢ ᠰᠤᠷᠤᠭᠴᠢ ᠤᠯᠠᠨ ᠢᠯᠡᠷᠡᠵᠦ᠂ ᠪᠡᠶ᠎ᠡ ᠪᠠᠨ ᠬᠤᠤᠷᠯᠠᠬᠤ ᠦᠵᠡᠭᠳᠡᠯ ᠭᠠᠷᠴᠦ ᠪᠠᠶᠢᠨ᠎ᠠ

᠃ ᠲᠠᠷᠤᠢ ᠠᠰᠠᠭᠤᠳᠠᠯ ᠲᠠᠢ ᠬᠡᠤᠬᠡᠳ ᠲᠠᠰᠤᠷᠠᠯᠳᠠ ᠦᠬᠡᠢ ᠢᠯᠡᠷᠡᠵᠦ ᠪᠠᠶᠢᠨ᠎ᠠ᠃ ᠲᠠᠶᠢᠮᠦ ᠠᠴᠠ ᠲᠤᠰ ᠨᠤᠮ ᠢ

ᠤᠩᠰᠢᠭᠠᠳ ᠪᠤᠳᠠᠳᠠᠢ ᠦᠢᠯᠡᠳᠦᠯᠬᠡ ᠶᠢᠨ ᠶᠠᠪᠤᠴᠠ ᠲᠤᠮᠳᠠ ᠰᠤᠷᠤᠭᠴᠢ ᠶᠢᠨ ᠭᠦᠮᠦᠨ ᠮᠦᠰᠦ ᠶᠢᠨ ᠭᠦᠮᠦᠵᠢᠯ᠂

ᠲᠠᠷᠤᠢ ᠬᠡᠷᠬᠢᠨ ᠬᠢᠷᠢ ᠲᠠᠩᠴᠡᠭᠰᠡᠨ ᠭᠦᠮᠦᠨ ᠪᠤᠯᠬᠤ ᠭᠦᠮᠦᠵᠢᠯ ᠢ ᠰᠠᠶᠢᠳᠦᠷ ᠬᠢᠬᠦ ᠶᠢ ᠵᠢᠭᠠᠨ ᠰᠤᠷᠭᠠᠯᠳᠠ ᠶᠢᠨ

ᠪᠤᠳᠠᠳᠠᠢ ᠲᠠᠢ ᠪᠠᠨ ᠠᠮᠢᠳᠤᠯᠢᠭ ᠤᠶᠠᠯᠳᠤᠭᠤᠯᠤᠨ ᠤᠶᠤᠨᠴᠢ ᠪᠠᠷ ᠦᠷᠭᠦᠯᠵᠢ ᠶᠢᠨ ᠴᠢᠨᠠᠷᠳᠠᠢ ᠴᠢᠩᠭ᠎ᠠ ᠠᠳᠬᠤᠵᠦ

ᠬᠢᠭᠦ ᠶᠢ ᠵᠤᠷᠢᠵᠦ ᠪᠠᠶᠢᠨ᠎ᠠ᠃

   ᠬᠤᠶᠠᠷ᠂ ᠲᠤᠰ ᠨᠤᠮ ᠨᠢ ︽ᠰᠤᠷᠭᠠᠨ ᠭᠦᠮᠦᠵᠢᠯ ᠤᠨ ᠠᠵᠢᠯᠳᠠᠨ ᠤ ᠨᠡᠪᠳᠡᠷᠬᠡᠢ ᠲᠤᠯᠢ ᠪᠤᠯᠬᠤ ᠪᠠᠷ ᠪᠠᠷᠠᠬᠤ

ᠦᠬᠡᠢ ᠬᠡᠷ ᠤᠨ ᠠᠬᠠᠮᠠᠳ ᠤᠨ ᠬᠡᠤᠬᠡᠳ ᠢᠶᠠᠨ ᠭᠦᠮᠦᠵᠢᠭᠦᠯᠭᠦ ᠭᠠᠷ ᠠᠪᠤᠯᠭ᠎ᠠ︾ ᠪᠤᠯᠬᠤ ᠶᠢ ᠤᠶᠢᠯᠠᠭᠠᠭᠰᠠᠨ

ᠪᠠᠶᠢᠨ᠎ᠠ᠃

   ᠰᠢ ᠶᠢᠨ ᠫᠢᠩ ᠲᠠᠷᠢᠭᠦᠯᠡᠭᠴᠢ ᠰᠤᠷᠭᠠᠨ ᠭᠦᠮᠦᠵᠢᠯ ᠤᠨ ᠠᠵᠢᠯ ᠲᠤᠬᠠᠢ ᠦᠭᠦᠯᠡᠭᠦ ᠳᠡᠭᠡᠨ᠄ ︽ᠨᠢᠬᠡᠨ ᠰᠡᠳᠬᠢᠯ

 ᠢᠶᠠᠷ ᠭᠦᠮᠦᠨ ᠢ ᠭᠦᠮᠦᠵᠢᠭᠦᠯᠭᠦ ᠬᠡᠷᠡᠭᠳᠡᠢ︾ ᠬᠡᠰᠡᠨ ᠪᠢᠯᠡ᠃ ᠭᠦᠮᠦᠨ ᠢ ᠭᠦᠮᠦᠵᠢᠭᠦᠯᠭᠦ ᠪᠤᠯ ᠮᠠᠨ ᠤ ᠰᠤᠷᠭᠠᠨ

ᠭᠦᠮᠦᠵᠢᠯ ᠤᠨ ᠲᠡᠷᠢᠭᠦᠨ ᠴᠢᠬᠤᠯᠠ ᠠᠰᠠᠭᠤᠳᠠᠯ ᠪᠤᠯᠤᠨ᠎ᠠ᠂ ᠵᠠᠯᠭᠠᠮᠵᠢ ᠬᠤᠶᠢᠴᠢ ᠦᠶ᠎ᠡ ᠶᠢᠨ ᠬᠡᠪ ᠴᠢᠨᠠᠷ

ᠲᠡᠬᠡᠭᠰᠢᠯᠡᠭᠦ ᠦᠬᠡᠢ ᠪᠤᠯ ᠪᠦᠭᠦ ᠠᠷᠠᠳ ᠤᠨ ᠬᠡᠪ ᠴᠢᠨᠠᠷ ᠲᠡᠬᠡᠭᠰᠢᠯᠡᠭᠦ ᠶᠢᠨ ᠠᠷᠭ᠎ᠠ ᠦᠬᠡᠢ ᠶᠤᠮ᠃ ᠲᠡᠬᠡᠭᠦ ᠳᠡᠭᠡᠨ

ᠮᠠᠨ ᠤᠯᠤᠰ ᠤᠨ ᠰᠤᠷᠭᠠᠨ ᠭᠦᠮᠦᠵᠢᠯ ᠤᠨ ᠴᠢᠭᠯᠡᠯᠳᠠ ᠳᠤ ᠶᠤᠰᠤ ᠰᠤᠷᠳᠠᠬᠤᠨ ᠤ ᠭᠦᠮᠦᠵᠢᠯ ᠬᠠᠮᠤᠭ ᠤᠨ

ᠲᠠᠷᠢᠭᠦᠨ ᠳᠤ ᠪᠠᠶᠢᠳᠠᠭ᠂ ᠶᠠᠭ ᠡᠨᠡᠭᠦ ᠵᠤᠷᠢᠯᠳᠠ ᠠᠴᠠ ᠮᠢᠩᠭᠠᠨᠪᠤᠤ ᠲᠤᠰ ᠨᠤᠮ ᠳᠠᠭᠠᠨ ᠰᠤᠷᠭᠠᠭᠤᠯᠢ ᠶᠢᠨ ᠪᠠᠭᠰᠢ᠂

ᠬᠡᠷ ᠤᠨ ᠠᠬᠠᠮᠠᠳ ᠲᠤ ᠵᠤᠷᠢᠭᠤᠯᠤᠨ ᠠᠰᠠᠭᠤᠳᠠᠯ ᠲᠠᠢ ᠰᠤᠷᠤᠭᠴᠢ᠂ ᠠᠨᠠᠢ ᠰᠤᠷᠤᠭᠴᠢ ᠶᠢ ᠭᠦᠮᠦᠵᠢᠭᠦᠯᠭᠦ ᠲᠠᠯ᠎ᠠ

 ᠪᠠᠷ ᠠᠮᠢᠳᠤᠯᠢᠭ ᠦᠯᠢᠬᠡᠷ ᠵᠢᠱᠢᠶ᠎ᠡ ᠲᠠᠢ ᠤᠶ᠋ᠯᠠᠳᠤᠭᠤᠯᠤᠨ ᠭᠦᠮᠦᠨ ᠢ ᠭᠦᠮᠦᠵᠢᠭᠦᠯᠭᠦ ᠤᠷᠠᠨ ᠠᠷᠭ᠎ᠠ ᠶᠢ ᠰᠤᠳᠤᠯᠵᠦ

ᠦᠭᠦᠯᠡᠭᠰᠡᠨ ᠪᠠᠶᠢᠨ᠎ᠠ᠃

   ᠰᠤᠷᠭᠠᠨ ᠭᠦᠮᠦᠵᠢᠯ ᠨᠢ ᠵᠦᠪᠬᠡᠨ ᠪᠠᠭᠰᠢ ᠨᠠᠷ ᠤᠨ ᠡᠭᠦᠷᠬᠡ ᠲᠠᠳᠤᠢ ᠪᠢᠰᠢ᠃ ᠬᠡᠷ ᠤᠨ ᠠᠬᠠᠮᠠᠳ᠂ ᠪᠠᠭᠰᠢ᠂

ᠨᠡᠶᠢᠬᠡᠮ ᠲᠡᠬᠡᠷᠡᠬᠢ ᠭᠦᠮᠦᠨ ᠨᠢᠬᠡᠪᠦᠷᠢ ᠶᠢᠨ ᠵᠠᠶᠢᠯᠠᠭᠤᠯᠵᠦ ᠪᠤᠯᠬᠤ ᠦᠬᠡᠢ ᠲᠠᠷᠬᠠᠨ ᠡᠭᠦᠷᠬᠡ ᠬᠠᠷᠢᠭᠤᠴᠯᠭ᠎ᠠ ᠮᠥᠨ᠃

ᠡᠶᠢᠮᠦ ᠠᠴᠠ ᠬᠡᠤᠬᠡᠳ ᠤᠨ ᠭᠦᠮᠦᠵᠢᠯ ᠳᠤ ᠵᠤᠷᠢᠯᠭ᠎ᠠ ᠲᠤᠳᠤᠷᠬᠠᠢ᠂ ᠠᠷᠭ᠎ᠠ ᠵᠦᠪ ᠪᠠᠶᠢᠬᠤ ᠪᠤᠯ ᠲᠦᠢᠯ ᠤᠨ

ᠴᠢᠬᠤᠯᠠ᠃ ᠤᠳᠤᠬᠢ ᠬᠡᠪ ᠴᠢᠨᠠᠷ ᠤᠨ ᠰᠤᠷᠭᠠᠨ ᠭᠦᠮᠦᠵᠢᠯ ᠤᠨ ᠭᠦᠴᠢᠷᠳᠠᠯ ᠪᠤᠯ ᠬᠡᠤᠬᠡᠳ ᠢ ᠬᠡᠷᠬᠢᠨ

ᠭᠦᠮᠦᠵᠢᠭᠦᠯᠭᠦ ᠠᠰᠠᠭᠤᠳᠠᠯ ᠪᠤᠯᠤᠨ᠎ᠠ᠃ ᠲᠤᠰ ᠨᠤᠮ ᠳᠤ ᠠᠰᠠᠭᠤᠳᠠᠯ ᠲᠠᠢ ᠬᠡᠤᠬᠡᠳ ᠪᠤᠢ ᠪᠤᠯᠤᠭᠰᠠᠨ ᠰᠢᠯᠳᠠᠭᠠᠨ᠂

ᠠᠰᠠᠭᠤᠳᠠᠯ ᠲᠠᠢ ᠬᠡᠤᠬᠡᠳ ᠤᠨ ᠢᠯᠡᠷᠡᠯ᠂ ᠠᠰᠠᠭᠤᠳᠠᠯ ᠲᠠᠢ ᠬᠡᠤᠬᠡᠳ ᠢ ᠬᠡᠷᠬᠢᠨ ᠭᠦᠮᠦᠵᠢᠭᠦᠯᠭᠦ᠂ ᠶᠠᠮᠠᠷ ᠠᠷᠭ᠎ᠠ ᠪᠠᠷ

ᠶᠠᠭᠠᠬᠢᠵᠦ ᠭᠦᠮᠦᠵᠢᠭᠦᠯᠦᠭᠰᠡᠨ ᠲᠤᠬᠠᠢ ᠲᠤᠷᠰᠢᠯᠭ᠎ᠠ ᠪᠠᠨ ᠨᠠᠷᠢᠨ ᠬᠢᠨᠠᠮᠠᠭᠠᠢ ᠲᠠᠨᠢᠯᠴᠠᠭᠤᠯᠤᠭᠰᠠᠨ ᠪᠠᠶᠢᠨ᠎ᠠ᠃ ᠬᠡᠭᠦ

 ᠳᠡᠭᠡᠨ ᠬᠡᠤᠬᠡᠳ ᠢ ᠭᠦᠮᠦᠵᠢᠭᠦᠯᠭᠦ ᠭᠤᠴᠢᠨ ᠵᠢᠷᠭᠤᠭᠠᠨ ᠠᠷᠭ᠎ᠠ ᠪᠦᠷᠢ ᠨᠢ ᠤᠨᠤᠯ᠂ ᠰᠢᠨᠵᠢᠯᠡᠭᠡ᠂ ᠦᠢᠯᠡᠳᠦᠯᠬᠡ ᠶᠢ

ᠨᠢᠭᠳᠠ ᠤᠶᠠᠯᠳᠤᠭᠤᠯᠤᠭᠰᠠᠨ ᠪᠠᠶᠢᠨ᠎ᠠ᠃ ᠠᠷᠭ᠎ᠠ ᠪᠦᠷᠢ ᠶᠢᠨ ᠪᠤᠳᠠᠳᠠᠢ ᠵᠢᠱᠢᠶ᠎ᠡ ᠨᠢ ᠠᠳᠠᠯᠢ ᠪᠤᠰᠤ ᠶᠢᠨ ᠴᠠᠭ

ᠦᠶ᠎ᠡ᠂ ᠠᠳᠠᠯᠢ ᠪᠤᠰᠤ ᠶᠢᠨ ᠠᠬᠤᠢ ᠪᠠᠶᠢᠳᠠᠯ ᠳᠤ᠂ ᠠᠳᠠᠯᠢ ᠪᠤᠰᠤ ᠶᠢᠨ ᠦᠯᠢᠬᠡᠷ ᠢᠶᠠᠷ ᠰᠠᠳᠤᠪᠯᠠᠵᠦ᠂ ᠠᠳᠠᠯᠢ

ᠪᠤᠰᠤ ᠶᠢᠨ ᠬᠡᠷᠡᠭ ᠤᠴᠢᠷ ᠲᠤ᠂ ᠠᠳᠠᠯᠢ ᠪᠤᠰᠤ ᠶᠢᠨ ᠰᠤᠷᠤᠭᠴᠢ ᠶᠢᠨ ᠪᠠᠶᠢᠳᠠᠯ ᠳᠤᠨᠢ ᠲᠤᠬᠢᠷᠠᠭᠤᠯᠤᠨ ᠰᠤᠷᠭᠠᠨ

ᠭᠦᠮᠦᠵᠢᠭᠦᠯᠭᠦ ᠠᠷᠭ᠎ᠠ ᠡᠷᠳᠡᠮ ᠪᠤᠯᠤᠨ᠎ᠠ᠃ ᠡᠭᠦᠨ ᠳᠤ ᠤᠨᠴᠠᠭᠠᠶᠢᠯᠠᠨ ᠤᠷᠢᠳᠴᠢᠯᠠᠨ ᠰᠡᠷᠬᠡᠶᠢᠯᠡᠭᠦ ᠠᠷᠭ᠎ᠠ ᠪᠤᠯ

ᠠᠰᠠᠭᠤᠳᠠᠯ ᠢᠯᠡᠷᠡᠭᠦ ᠶᠢ ᠰᠡᠷᠬᠡᠶᠢᠯᠡᠭᠦ ᠪᠠ ᠴᠠᠭ ᠢᠮᠠᠭᠳᠠ ᠠᠰᠠᠭᠤᠳᠠᠯ ᠲᠠᠢ ᠬᠡᠤᠬᠡᠳ ᠪᠤᠢ ᠪᠤᠯᠬᠤ ᠶᠢ ᠰᠠᠷᠬᠡᠶᠢᠯᠡᠭᠦ

ᠬᠠᠮᠤᠭ ᠤᠨ ᠪᠦᠷᠢᠨ ᠪᠦᠳᠦᠨ᠂ ᠬᠠᠮᠤᠭ ᠤᠨ ᠲᠤᠬᠢᠳᠠᠢ᠂ ᠬᠠᠮᠤᠭ ᠤᠨ ᠰᠠᠭᠤᠷᠢ ᠪᠤᠯᠬᠤ ᠰᠠᠶᠢᠨ ᠠᠷᠭ᠎ᠠ ᠪᠤᠯᠤᠨ᠎ᠠ᠃

ᠡᠶᠢᠠᠭᠦ ᠠᠷᠭ᠎ᠠ ᠶᠢ ᠵᠢᠭᠠᠨ ᠰᠤᠷᠭᠠᠯᠳᠠ ᠶᠢᠨ ᠲᠤᠮᠳᠠ ᠦᠷᠭᠦᠯᠵᠢ ᠬᠡᠷᠡᠭᠯᠡᠳᠡᠭ ᠪᠤᠯᠪᠠᠴᠦ ᠲᠠᠶᠢᠮᠦ ᠵᠤᠷᠢᠯᠭ᠎ᠠ

ᠲᠤᠳᠤᠷᠬᠠᠢ᠂ ᠲᠦᠢᠯᠪᠦᠷᠢᠳᠠᠢ ᠮᠦᠷᠳᠡᠬᠡᠨ ᠡᠷᠴᠢᠮᠳᠠᠢ ᠬᠢᠭᠦ ᠲᠡᠬᠡᠷ᠎ᠡ ᠭᠦᠴᠦ ᠲᠠᠯᠪᠢᠬᠤ ᠬᠡᠷᠡᠭᠳᠡᠢ ᠬᠡᠳᠡᠭ ᠢ

ᠤᠶᠢᠯᠠᠭᠠᠭᠰᠠᠨ ᠪᠠᠶᠢᠨ᠎ᠠ᠃ ᠮᠦᠨᠴᠦ ᠬᠡᠷ ᠤᠨ ᠠᠬᠠᠮᠠᠳ ᠲᠠᠢ ᠰᠠᠶᠢᠳᠦᠷ ᠬᠠᠮᠵᠢᠯᠴᠠᠵᠦ᠂ ᠬᠡᠤᠬᠡᠳ ᠢ ᠭᠦᠮᠦᠵᠢᠭᠦᠯᠭᠦ

 ᠳᠡᠭᠡᠨ ᠬᠡᠤᠬᠡᠳ ᠤᠨ ᠵᠤᠭᠰᠤᠴᠠ ᠠᠴᠠ ᠠᠰᠠᠭᠤᠳᠠᠯ ᠢ ᠰᠡᠳᠬᠢᠨ ᠪᠤᠳᠤᠯᠬᠢᠯᠡᠵᠦ᠂ ᠵᠦᠪ ᠰᠢᠢᠳᠪᠦᠷᠢᠯᠡᠭᠦ ᠠᠷᠭ᠎ᠠ ᠶᠢ

ᠰᠤᠩᠭᠤᠨ ᠬᠡᠷᠡᠭᠯᠡᠭᠦ ᠪᠠᠷ ᠪᠠᠷᠠᠬᠤ ᠦᠬᠡᠢ᠂ ᠭᠦᠮᠦᠵᠢᠭᠦᠯᠭᠦ ᠵᠤᠷᠢᠯᠭ᠎ᠠ ᠳᠠᠭᠠᠨ ᠭᠦᠷᠭᠦ ᠶᠢᠨ ᠲᠦᠯᠦᠬᠡ ᠶᠤᠰᠤ ᠪᠠᠷ

ᠬᠡᠬᠡᠷᠡᠭᠦᠯᠵᠦ᠂ ᠬᠠᠶᠢᠷ᠎ᠠ ᠪᠠᠷ ᠤᠶᠠᠷᠠᠭᠤᠯᠵᠦ᠂ ᠡᠷᠳᠡᠮ ᠢᠶᠠᠷ ᠪᠢᠰᠢᠷᠠᠭᠦᠯᠵᠦ᠂ ᠤᠶᠤᠨᠴᠢ ᠪᠠᠷ ᠭᠦᠳᠦᠯᠵᠦ᠂ ᠪᠡᠶ᠎ᠡ

 ᠳᠡᠭᠡᠨ ᠢᠳᠡᠬᠡᠯ ᠲᠠᠢ᠂ ᠬᠠᠷᠢᠭᠤᠴᠠᠯᠭ᠎ᠠ ᠲᠠᠢ ᠭᠦᠮᠦᠨ ᠪᠤᠯᠭᠠᠨ ᠭᠦᠮᠦᠵᠢᠬᠦᠯᠦᠨ᠎ᠡ᠃

   ᠶᠠᠷᠦᠩᠬᠡᠶᠢᠯᠡᠪᠡᠯ ︽ᠬᠡᠤᠬᠡᠳ ᠢ ᠭᠦᠮᠦᠵᠢᠭᠦᠯᠭᠦ ᠭᠤᠴᠢᠨ ᠵᠢᠷᠭᠤᠭᠠᠨ ᠵᠤᠷ︾ ᠬᠡᠰᠡᠨ ᠨᠤᠮ ᠪᠤᠯ ᠰᠤᠷᠭᠠᠨ

ᠭᠦᠮᠦᠵᠢᠯ ᠤᠨ ᠰᠡᠳᠦᠪᠳᠦ ᠲᠤᠮᠤᠬᠠᠨ ᠪᠦᠳᠦᠬᠡᠯ ᠪᠤᠯᠬᠤ ᠪᠠᠷ ᠪᠠᠷᠠᠬᠤ ᠦᠬᠡᠢ ᠤᠳᠦ ᠪᠠ ᠢᠷᠡᠬᠡᠳᠦᠢ ᠳᠤ ᠦᠨ᠎ᠡ

ᠴᠠᠨ᠎ᠠ ᠲᠠᠢ᠂ ︽ᠭᠦᠮᠦᠨ ᠢ ᠭᠦᠮᠦᠵᠢᠭᠦᠯᠭᠦ ᠨᠡᠪᠳᠡᠷᠬᠡᠢ ᠲᠤᠯᠢ︾ ᠪᠤᠯᠤᠭᠰᠠᠨ ᠪᠠᠶᠢᠨ᠎ᠠ᠃ ᠡᠶᠢᠮᠦ ᠠᠴᠠ ᠰᠤᠷᠭᠠᠨ

ᠭᠦᠮᠦᠵᠢᠯ ᠤᠨ ᠦᠢᠯᠡᠰ ᠳᠡᠭᠡᠨ ᠲᠤᠯᠢ ᠪᠤᠯᠭᠠᠨ ᠬᠡᠷᠡᠭᠯᠡᠶ᠎ᠡ︕

   ᠢᠦᠢ ᠯᠠᠨ᠂ ᠭᠦᠷᠢᠶ᠎ᠡ ᠬᠤᠰᠢᠭᠤᠨ ᠳᠤ ᠨᠤᠳᠤᠭ ᠲᠠᠢ᠃ 1991 ᠤᠨ ᠳᠤ ᠠᠵᠢᠯ ᠤᠨ ᠭᠠᠷᠤᠭ᠎ᠠ ᠪᠠᠨ

ᠠᠪᠴᠦ᠂ ᠤᠳᠤᠬᠠᠨ ᠳᠤ ᠭᠦᠷᠢᠶ᠎ᠡ ᠬᠤᠰᠢᠭᠤᠨ ᠤ ᠲᠦᠷᠪᠡᠳᠦᠬᠡᠷ ᠲᠤᠮᠳᠠᠳᠦ ᠰᠤᠷᠭᠠᠭᠤᠯᠢ ᠶᠢᠨ ᠪᠠᠭᠰᠢ ᠪᠠᠷ

ᠠᠵᠢᠯᠯᠠᠵᠦ ᠪᠤᠢ᠃ ᠲᠤᠮᠳᠠᠳᠦ ᠰᠤᠷᠭᠠᠭᠤᠯᠢ ᠶᠢᠨ ᠦᠨᠳᠦᠷ ᠲᠡᠰ ᠤᠨ ᠪᠠᠭᠰᠢ᠂ ᠬᠤᠳᠠ ᠶᠢᠨ ᠲᠡᠰ ᠤᠨ ᠭᠦᠳᠡᠯᠮᠦᠷᠢ

 ᠶᠢᠨ ᠵᠢᠱᠢᠶᠡᠴᠢ᠂ ᠬᠤᠳᠠ ᠪᠠ ᠤᠷᠤᠨ ᠲᠠᠰ ᠤᠨ ᠰᠢᠯᠢᠳᠡᠭ ᠠᠩᠬᠢ ᠶᠢᠨ ᠡᠷᠬᠢᠯᠡᠭᠴᠢ᠂ ᠤᠶᠤᠨ ᠤ ᠲᠡᠰ ᠤᠨ

ᠰᠢᠯᠢᠳᠡᠭ ᠪᠠᠭᠰᠢ ᠵᠡᠷᠬᠡ ᠢᠷᠡᠭᠤ ᠠᠯᠳᠠᠷ ᠢ ᠭᠦᠷᠳᠡᠵᠦ ᠶᠠᠪᠤᠵᠠᠢ᠃ ᠲᠠᠷᠠ ᠠᠵᠢᠯ ᠤᠨ ᠴᠢᠯᠦᠬᠡᠨ ᠤ ᠰᠤᠯᠠ

ᠰᠡᠯᠡᠭᠦᠦ ᠴᠠᠭ ᠢᠶᠠᠨ ᠠᠰᠢᠭᠯᠠᠨ᠂ ᠨᠤᠮ ᠵᠤᠬᠢᠶᠠᠯ ᠢ ᠤᠶᠢᠭ᠎ᠠ ᠦᠬᠡᠢ ᠤᠩᠰᠢᠵᠦ ᠲᠡᠮᠳᠡᠭᠯᠡᠵᠦ᠂ ᠤᠬᠠᠭᠠᠨ ᠪᠢᠯᠢᠭ

 ᠢᠶᠠᠨ ᠰᠤᠶᠢᠵᠦ ᠬᠤᠷᠴᠠᠯᠠᠭᠠᠳ ᠤᠷᠤᠭᠰᠢᠯᠠᠨ ᠵᠢᠳᠭᠦᠨ᠎ᠡ᠃

 
ᠢᠷᠡᠯᠲᠡ᠄ ᠰᠠᠭᠤᠭᠳᠠᠯᠳᠦ ᠭᠦᠷᠢᠶ᠎ᠡ ᠲᠠᠪᠴᠠᠩ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号