ᠠᠷᠪᠠᠨ ᠰᠠᠶᠢᠠ ᠠᠮᠢᠳᠤᠷᠡᠯ  ᠤᠨ ᠳᠠᠳᠬᠠᠯ
ᠨᠡᠶᠢᠲᠡᠯᠡᠭᠰᠡᠨ ᠴᠠᠭ᠄
2021/11/26
    ᠮᠠᠭᠤᠬᠠᠢ ᠠᠮᠢᠳᠤᠷᠠᠯ ᠤᠨ ᠳᠠᠳᠬᠠᠯ ᠨᠢ ᠡᠷᠡᠬᠦᠯ ᠮᠡᠨᠳᠦ ᠳᠤ ᠦᠯᠦ ᠮᠡᠳᠡᠭᠳᠡᠮ᠎ᠠ ᠰᠦᠷᠳᠡᠬᠦᠯᠦᠯ ᠤᠴᠠᠷᠠᠭᠤᠯᠵᠦ᠂ ᠮᠠᠰᠢ ᠤᠯᠠᠨ ᠤᠳᠠᠭᠠᠨ ᠴᠢᠨᠠᠷ ᠤᠨ ᠡᠪᠡᠳᠴᠢᠨ ᠨᠢ ᠵᠠᠯᠠᠭᠤ ᠬᠦᠮᠦᠰ ᠲᠤ ᠳᠤᠰᠬᠤ ᠬᠠᠨᠳᠤᠰᠢ ᠢᠯᠡᠷᠡᠵᠦ ᠪᠠᠶᠢᠨ᠎ᠠ᠃ ᠤᠢᠢᠷ᠎ᠠ ᠳᠤ ᠰᠤᠳᠤᠯᠭᠠᠨ ᠤ ᠪᠠᠶᠢᠭᠤᠯᠤᠮᠵᠢ ᠶᠢᠨ ᠬᠢᠨ ᠡᠯ᠎ᠠ ᠤᠯᠤᠰ ᠤᠨ ᠳᠤᠰᠬᠠᠢ ᠮᠡᠷᠬᠡᠵᠢᠯᠳᠡᠳ ᠤᠨ ᠬᠠᠮᠤᠬ ᠤᠨ ᠰᠢᠨ᠎ᠠ ᠰᠤᠳᠤᠯᠭᠠᠨ ᠤ ᠦᠷ᠎ᠠ ᠪᠦᠳᠦᠬᠡᠯ  ᠢ ᠦᠨᠳᠦᠰᠦᠯᠡᠨ᠂ ᠠᠷᠪᠠᠨ ᠰᠠᠶᠢᠠ ᠠᠮᠢᠳᠤᠷᠡᠯ ᠤᠨ ᠳᠠᠳᠬᠠᠯ ᠢ ᠳ᠋ᠦᠩᠨᠡᠨ ᠭᠠᠷᠭᠠᠵᠠᠢ᠃   ᠵᠦᠩᠳᠡᠬᠡᠨ ᠭᠠᠷ ᠢᠶᠠᠨ ᠤᠬᠢᠶᠠᠬᠤ   ᠭᠠᠷ ᠢᠶᠠᠨ ᠰᠠᠨᠠᠭᠠᠴᠢᠯᠠᠭ᠎ᠠ ᠠᠴᠠ ᠪᠠᠨ ᠠᠷᠪᠢᠨ ᠤᠬᠢᠶᠠᠳᠠᠬ ᠯᠡ ᠶᠤᠮ ᠪᠣᠯ ᠬᠠᠯᠳᠠᠪᠤᠷᠢᠳᠦ ᠡᠪᠡᠳᠴᠢᠨ ᠢ ᠪᠦᠳᠦᠮᠵᠢᠳᠡᠢ ᠰᠡᠷᠬᠡᠶᠢᠯᠡᠭᠡᠳ᠂ ᠡᠪᠡᠳᠴᠢᠨ  ᠳᠤ ᠨᠡᠷᠪᠡᠭᠳᠡᠬᠦ ᠨᠤᠷᠮ᠎ᠠ ᠶᠢ ᠪᠠᠭᠠᠰᠬᠠᠵᠦ ᠳᠠᠶᠢᠯᠬᠦ ᠶᠢ ᠭᠧᠷᠮᠠᠨ ᠤ ᠭᠷᠡᠶᠢᠹᠰᠷᠠᠯᠳ᠋ ᠶᠡᠭᠡ ᠰᠤᠷᠭᠠᠭᠤᠯᠢ ᠶᠢᠨ ᠰᠤᠳᠤᠯᠭᠠᠳᠠᠳ ᠢᠯᠡᠷᠡᠬᠦᠯᠵᠡᠢ᠃ ᠠᠮᠧᠷᠢᠺᠠ ᠶᠢᠨ ᠡᠪᠡᠳᠴᠢᠨ ᠡᠮᠬᠡᠭ ᠢ ᠡᠵᠡᠮᠳᠡᠬᠦ ᠪᠡ ᠰᠡᠷᠬᠡᠶᠢᠯᠡᠬᠦ ᠳᠦᠪ ᠤᠨ ᠬᠢᠨ᠄ ᠭᠠᠷ ᠤᠬᠢᠶᠠᠬᠤ ᠨᠢ ᠬᠦᠮᠦᠨ ᠤ ᠪᠡᠶ᠎ᠠ ᠶᠢᠨ ︽ᠠᠦ᠋ᠲ᠋ᠣ᠋ ᠦᠢᠯᠡᠳᠪᠤᠷᠢᠯᠠᠯ︾ ᠤᠨ ᠸᠠᠺᠼᠢᠨ ᠲᠠᠢ ᠠᠳᠠᠯᠢ ᠪᠠᠷ ᠡᠪᠡᠳᠴᠢᠨ ᠤ ᠪᠠᠺᠲ᠋ᠧᠷᠢ ᠶᠢ ᠪᠦᠳᠦᠮᠵᠢᠳᠡᠢ ᠰᠡᠷᠬᠡᠶᠢᠯᠡᠵᠦ᠂ ᠭᠠᠷ ᠲᠠᠬᠢ ᠡᠪᠡᠳᠴᠢᠨ ᠤ ᠪᠠᠺᠲ᠋ᠧᠷᠢ ᠶᠢ ᠪᠦᠳᠦᠮᠵᠢᠳᠡᠢ ᠠᠷᠢᠯᠭᠠᠵᠦ᠂ ᠰᠠᠭᠤᠯᠭᠠᠬᠤ ᠪᠠ ᠠᠮᠢᠰᠬᠤᠯ ᠤᠨ ᠵᠠᠮ ᠤᠨ ᠡᠪᠡᠳᠴᠢᠨ ᠤᠯᠬᠤ ᠠᠶᠤᠯ ᠢ ᠪᠠᠭᠠᠰᠬᠠᠵᠦ ᠴᠢᠳᠠᠳᠠᠭ᠃    ᠪᠤᠰᠤᠳ ᠢ ᠳᠤᠰᠠᠯᠠᠬᠤ ᠪᠠᠷ ᠪᠠᠶᠠᠷ ᠵᠢᠷᠭᠠᠯ ᠢᠶᠠᠨ ᠪᠤᠯᠭᠠᠬᠤ   ᠪᠤᠰᠤᠳ ᠢ ᠴᠢᠩ ᠦᠨᠡᠨᠴᠢ ᠪᠠᠷ ᠬᠠᠪᠰᠤᠷᠤᠨ ᠳᠤᠰᠠᠯᠠᠬᠤ ᠨᠢ ᠬᠦᠮᠦᠨ ᠤ ᠠᠮᠢ ᠨᠠᠰᠤ ᠶᠢ 4 ᠵᠢᠯ ᠤᠷᠳᠤᠳᠬᠠᠵᠦ ᠳᠡᠶᠢᠯᠬᠦ ᠶᠢ ᠠᠮᠧᠷᠢᠺᠠ ᠶᠢᠨ ᠮᠢᠰᠢᠭᠠᠨ ᠶᠡᠭᠡ ᠰᠤᠷᠭᠠᠭᠤᠯᠢ ᠶᠢᠨ ᠰᠡᠳᠬᠢᠴᠡ ᠶᠢᠨ ᠵᠦᠢ ᠶᠢᠨ ᠡᠷᠳᠡᠮᠳᠡᠨ ᠰᠠᠯᠠ · ᠺᠠᠩᠯᠠᠰᠧ ᠳ᠋ᠤᠺᠲ᠋ᠤᠷ ᠢᠯᠡᠷᠡᠬᠦᠯᠵᠡᠢ᠃ ᠬᠡᠪᠡᠴᠤ ᠠᠩᠬᠠᠷᠤᠭᠤᠰᠢᠳᠠᠢ  ᠨᠢ᠂ ᠬᠡᠷᠪᠡ ᠬᠤᠪᠢ ᠪᠡᠶ᠎ᠠ  ᠶᠢᠨ ᠠᠰᠢᠬ ᠳᠤᠰᠠ ᠶᠢᠨ ᠡᠬᠦᠳᠡᠨ ᠠᠴᠠ ᠪᠤᠰᠤᠳ ᠢ ᠬᠠᠪᠰᠤᠷᠤᠬᠰᠠᠨ ᠪᠠᠶᠢᠪᠠᠯ ᠠᠮᠢ ᠨᠠᠰᠤ ᠶᠢ ᠤᠷᠳᠤᠳᠬᠠᠵᠦ ᠳᠡᠶᠢᠯᠬᠦ ᠦᠬᠡᠢ ᠶᠤᠮ᠃ ᠪᠤᠰᠤᠳ ᠲᠤ ᠬᠠᠷᠠᠮᠴᠢ ᠦᠬᠡᠢ  ᠪᠠᠷ ᠬᠠᠪᠰᠤᠷᠤᠯᠭ᠎ᠠ ᠳᠤᠰᠠᠯᠠᠮᠵᠢ ᠦᠵᠡᠬᠦᠯᠬᠦ ᠨᠢ ᠬᠦᠮᠦᠨ ᠤ ᠪᠡᠶ᠎ᠠ ᠮᠠᠬᠠᠪᠤᠳ ᠤᠨ ᠳᠤᠳᠤᠷᠠᠬᠢ ︽ᠰᠤᠪᠢᠯᠠᠬᠤ ᠠᠵᠢᠯᠯᠠᠭᠠᠨ ᠤ ᠰᠢᠰᠲ᠋ᠧᠮ︾ ᠢ ᠬᠦᠭᠵᠢᠬᠡᠵᠦ᠂ ᠡᠬᠦᠨ ᠤ ᠤᠯᠠᠮ ᠠᠴᠠ ᠳᠠᠷᠤᠯᠳᠠ ᠶᠢᠨ ᠬᠤᠷᠮᠤᠨ ᠢ ᠪᠠᠭᠤᠷᠠᠭᠤᠯᠵᠦ ᠂ ︽ᠨᠢᠭᠳᠠ ᠳᠤᠳᠤᠨᠤ ᠬᠤᠷᠮᠤᠨ︾ ᠵᠡᠷᠬᠡ ᠪᠡᠶ᠎ᠠ ᠮᠠᠬᠠᠪᠤᠳ ᠤᠨ ᠰᠡᠷᠬᠦᠯᠳᠡ ᠳᠤ ᠳᠤᠰᠠᠳᠠᠢ ᠬᠤᠷᠮᠤᠨ ᠤ ᠱᠦᠬᠦᠷᠡᠯᠳᠡ ᠶᠢ ᠠᠬᠢᠭᠤᠯᠵᠤ ᠴᠢᠳᠠᠨ᠎ᠠ ᠬᠡᠵᠦ ᠺᠠᠩᠯᠠᠰᠧ ᠳ᠋ᠤᠺᠲ᠋ᠤᠷ ᠢᠯᠡᠳᠬᠡᠪᠡ᠃    ᠨᠡᠶᠢᠭᠡᠮ ᠲᠠᠢ ᠬᠠᠷᠢᠴᠠᠬᠤ   ᠨᠡᠶᠢᠭᠡᠮ ᠤᠨ ᠬᠠᠷᠢᠯᠴᠠᠭ᠎ᠠ ᠤᠯᠠᠨᠳᠠᠢ ᠬᠦᠮᠦᠨ ᠤ ᠴᠡᠬᠡᠵᠢᠯᠡᠬᠦᠢ ᠨᠢ ᠨᠡᠩ ᠰᠠᠶᠢᠨ ᠪᠠᠶᠢᠳᠠᠬ᠂ ᠶᠡᠷᠦ ᠳᠤ ᠪᠠᠨ ᠬᠡᠷ ᠤᠨ ᠢᠶᠠᠨ ᠬᠦᠮᠦᠨ ᠪᠡ ᠨᠠᠶᠢᠵᠠ ᠨᠦᠬᠦᠳ ᠲᠠᠢ  ᠪᠠᠨ ᠨᠢᠭᠳᠠ ᠳᠤᠳᠤᠨᠤ ᠪᠠᠶᠢᠳᠠᠬ ᠬᠦᠮᠦᠨ ᠦᠳᠡᠯᠦᠭᠰᠡᠨ ᠤ ᠳᠠᠷᠠᠭ᠎ᠠ ᠴᠡᠬᠡᠵᠢᠯᠡᠬᠦᠢ ᠨᠢ ᠮᠠᠭᠤᠳᠠᠬᠤ ᠪᠤᠯᠤᠮᠵᠢ ᠪᠠᠷ ᠨᠡᠩ ᠪᠠᠭ᠎ᠠ ᠪᠠᠶᠢᠳᠠᠬ ᠢ ᠠᠮᠧᠷᠢᠺᠠ  ᠶᠢᠨ ᠬᠠᠹᠧ ᠶᠡᠭᠡ ᠰᠤᠷᠭᠠᠭᠤᠯᠢ  ᠶᠢᠨ ᠤᠯᠠᠨ ᠨᠡᠶᠢᠳᠡ ᠶᠢᠨ ᠡᠷᠡᠬᠦᠯ ᠬᠠᠮᠠᠭᠠᠯᠠᠯ ᠤᠨ ᠳᠡᠬᠡᠳᠦ ᠰᠤᠷᠭᠠᠭᠤᠯᠢ ᠶᠢᠨ ᠬᠦᠮᠦᠨ ᠳᠦᠷᠦᠯᠬᠢᠳᠡᠨ ᠤ ᠬᠦᠭᠵᠢᠯᠳᠡ ᠬᠢᠬᠡᠳ ᠡᠷᠡᠬᠦᠯ ᠮᠡᠨᠳᠦ ᠶᠢᠨ ᠰᠠᠯᠪᠤᠷᠢ ᠶᠢᠨ ᠨᠢᠬᠡᠨ ᠰᠤᠳᠤᠯᠭᠠᠨ ᠢᠯᠡᠷᠡᠬᠦᠯᠵᠡᠢ᠃ ᠡᠨᠡ ᠬᠦ ᠰᠤᠳᠤᠯᠭᠠᠨ ᠤ ᠦᠷ᠎ᠠ ᠪᠦᠳᠦᠬᠡᠯ ᠨᠢ ︽ᠠᠮᠧᠷᠢᠺᠠ ᠶᠢᠨ ᠤᠯᠠᠨ ᠨᠡᠶᠢᠳᠡ ᠶᠢᠨ ᠡᠷᠡᠬᠦᠯ ᠬᠠᠮᠠᠭᠠᠯᠠᠯ ᠰᠡᠳᠬᠦᠯ︾ ᠳᠤ ᠨᠡᠶᠢᠳᠡᠯᠡᠭᠳᠡᠪᠠ᠃ ᠺᠠᠯᠢᠹᠤᠷᠨᠢᠶ᠎ᠠ ᠵᠸᠦ ᠶᠢᠨ ᠶᠡᠭᠡ ᠰᠤᠷᠭᠠᠭᠤᠯᠢ᠂ ᠺᠠᠯᠢᠹᠦᠷᠨᠢᠶ᠎ᠠ ᠵᠸᠦ  ᠶᠢᠨ ᠶᠡᠭᠡ ᠰᠤᠷᠭᠠᠭᠤᠯᠢ ᠶᠢᠨ ᠪᠧᠺᠯᠢ ᠬᠤᠪᠢᠶᠠᠷᠢ ᠰᠤᠷᠭᠠᠭᠤᠯᠢ᠂ ᠰᠠᠨ ᠹᠷᠠᠨᠰᠢᠰᠺᠦ  ᠶᠢᠨ ᠬᠠᠮᠳᠤᠷᠠᠬᠰᠠᠨ ᠡᠮᠴᠢᠯᠡᠬᠡᠨ ᠤ ᠳᠦᠷᠦᠯ ᠵᠦᠢᠯ ᠤᠨ ᠨᠢᠬᠡᠨ ᠰᠢᠨ᠎ᠠ ᠰᠤᠳᠤᠯᠭᠠᠨ ᠨᠢ ᠨᠡᠶᠢᠬᠡᠮ ᠳᠤ ᠳᠤᠰᠠᠭᠠᠷᠯᠠᠬᠳᠠᠬᠰᠠᠨ ᠡᠮᠡᠭᠳᠡᠢ ᠬᠦᠮᠦᠨ ᠨᠢ ᠨᠡᠶᠢᠭᠡᠮ ᠤᠨ ᠬᠠᠷᠢᠯᠴᠠᠭ᠎ᠠ ᠰᠠᠶᠢᠳᠠᠢ ᠡᠮᠡᠭᠳᠡᠢ ᠬᠦᠮᠦᠨ ᠢ ᠪᠤᠳᠤᠪᠠᠯ᠂ ᠳᠡᠬᠦᠨ ᠤ ᠦᠬᠦᠬᠦ ᠠᠶᠤᠯ ᠨᠢ 75% ᠰᠢᠬᠠᠮ ᠦᠨᠳᠦᠷ ᠪᠠᠶᠢᠳᠠᠬ᠂ ᠨᠡᠶᠢᠭᠡᠮ  ᠳᠤ ᠳᠤᠰᠠᠭᠠᠷᠯᠠᠬᠳᠠᠬᠰᠠᠨ ᠡᠷᠡᠭᠳᠡᠢ ᠬᠦᠮᠦᠨ ᠨᠢ ᠨᠡᠶᠢᠭᠡᠮ ᠤᠨ ᠬᠠᠷᠢᠯᠴᠠᠭ᠎ᠠ ᠦᠷᠬᠡᠨ ᠡᠷᠡᠭᠳᠡᠢ ᠬᠦᠮᠦᠨ ᠢ ᠪᠤᠳᠤᠪᠠᠯ᠂ ᠳᠡᠬᠦᠨ ᠤ ᠦᠬᠦᠬᠦ ᠠᠶᠤᠯ ᠨᠢ 62% ᠰᠢᠬᠠᠮ ᠦᠨᠳᠦᠷ ᠪᠠᠶᠢᠳᠠᠬ ᠢ ᠢᠯᠡᠷᠡᠬᠦᠯᠵᠡᠢ᠃    ᠬᠦᠭᠵᠢᠮ ᠰᠤᠨᠤᠰᠬᠤ   ᠶᠠᠫᠤᠨ ᠤ ᠤᠤᠰᠠᠺᠠ ᠶᠡᠭᠡ ᠰᠤᠷᠭᠠᠭᠤᠯᠢ ᠶᠢᠨ ᠰᠤᠳᠤᠯᠭᠠᠳᠠᠳ ᠰᠤᠳᠤᠯᠭᠠᠨ ᠢᠶᠠᠷ ᠳᠠᠮᠵᠢᠨ ᠢᠯᠡᠷᠡᠭᠦᠯᠦᠭᠰᠡᠨ ᠢᠶᠠᠷ᠂ ᠳᠠᠭᠤᠤ ᠬᠦᠭᠵᠢᠮ ᠰᠤᠨᠤᠰᠬᠤ ᠨᠢ ᠬᠦᠮᠦᠰ ᠤᠨ ᠪᠡᠶ᠎ᠠ  ᠶᠢᠨ ᠠᠷᠠᠰᠤᠨ ᠤ ᠠᠯᠺᠦᠦᠯ ᠤᠨ ᠲᠦᠪᠰᠢᠨ ᠢ ᠪᠠᠭᠤᠷᠠᠭᠤᠯᠬᠤ ᠦᠢᠯᠡᠳᠦᠯ ᠲᠠᠢ᠂ ᠡᠭᠦᠨ ᠤ ᠤᠯᠠᠮ ᠠᠴᠠ ᠴᠢᠰᠤᠨ ᠳᠠᠷᠤᠯᠳᠠ ᠶᠢ ᠪᠠᠭᠤᠷᠠᠭᠤᠯᠳᠠᠭ᠃ ᠠᠷᠠᠰᠤᠨ ᠤ ᠠᠯᠺᠦᠦᠯ ᠪᠤᠯ ᠦᠨᠳᠦᠰᠦᠨ ᠴᠢᠨᠠᠷᠲᠠᠢ ᠰᠡᠷᠡᠯᠵᠢᠭᠦ ᠬᠤᠷᠮᠤᠨ ᠪᠤᠯᠤᠨ᠎ᠠ᠂ ᠳᠠᠷᠤᠯᠳᠠ  ᠶᠢᠨ ᠳᠤᠤᠷ᠎ᠠ᠂ ᠬᠦᠮᠦᠨ ᠤ ᠪᠡᠶ᠎ᠠ ᠳᠤ ᠴᠢᠬᠤᠯᠠᠳᠠᠢ ᠪᠠᠶᠢᠬᠤ ᠠᠷᠠᠰᠤᠨ ᠤ ᠠᠯᠺᠦᠦᠯ ᠪᠤᠯ ᠶᠡᠷᠦ ᠶᠢᠨ ᠹᠢᠽᠢᠤᠯᠤᠬᠢ  ᠶᠢᠨ ᠴᠢᠳᠠᠪᠬᠢ ᠶᠢ ᠪᠠᠳᠤᠯᠠᠳᠠᠭ᠂ ᠭᠡᠳᠡᠯ᠎ᠠ ᠤᠷᠳᠤ ᠬᠤᠭᠤᠴᠠᠭᠠᠨ ᠤ ᠬᠡᠳᠦ ᠶᠡᠭᠡ ᠳᠠᠷᠤᠯᠳᠠ ᠳᠤᠤᠷ᠎ᠠ ᠠᠷᠠᠰᠤᠨ ᠤ ᠠᠯᠺᠦᠦᠯ ᠤᠨ ᠲᠦᠪᠰᠢᠨ ᠨᠢ ᠤᠷᠳᠤ ᠬᠤᠭᠤᠴᠠᠭᠠᠨ ᠳᠤ ᠦᠨᠳᠦᠷ ᠪᠠᠶᠢᠪᠠᠯ᠂ ᠴᠢᠰᠤᠨ ᠳᠠᠷᠤᠯᠳᠠ ᠶᠢ ᠦᠨᠳᠦᠷ ᠪᠤᠯᠭᠠᠳᠠᠭ  ᠃   ᠡᠷᠳᠡ ᠤᠡᠳᠠᠬᠤ   ᠠᠮᠧᠷᠢᠺᠠ ᠶᠢᠨ ᠺᠠᠯᠢᠹᠤᠷᠨᠢᠶ᠎ᠠ ᠶᠡᠭᠡ ᠰᠤᠷᠭᠠᠭᠤᠯᠢ ᠶᠢᠨ ᠪᠧᠺᠯᠢ ᠬᠤᠪᠢᠶᠠᠷᠢ ᠰᠤᠷᠭᠠᠭᠤᠯᠢ ᠶᠢᠨ ᠰᠤᠳᠤᠯᠭᠠᠨ ᠳᠤ ᠢᠯᠡᠷᠡᠭᠦᠯᠦᠭᠰᠡᠨ ᠢᠶᠠᠷ᠂ ᠬᠡᠳᠦᠢ ᠤᠷᠤᠢ ᠤᠨᠳᠠᠪᠠᠯ ᠳᠡᠳᠦᠢ ᠠᠷᠪᠢᠨ ᠢᠳᠡᠨ᠎ᠠ᠃ ᠤᠷᠤᠢ ᠶᠢᠨ 8 ᠴᠠᠭ ᠠᠴᠠ ᠰᠡᠭᠦᠯᠴᠢ ᠳᠤ ᠬᠦᠮᠦᠰ ᠳᠠᠪᠤᠰᠤ ᠤᠯᠠᠨᠳᠠᠢ᠂ ᠦᠭᠡᠭᠦ ᠤᠯᠠᠨᠳᠠᠢ ᠪᠦᠭᠡᠳ ᠰᠢᠬᠢᠷ ᠤᠯᠠᠨᠳᠠᠢ ᠢᠳᠡᠭᠡᠨ ᠢᠳᠡᠭᠦ ᠳᠤᠷᠠᠳᠠᠢ ᠪᠤᠯᠳᠠᠭ᠃ ᠠᠮᠧᠷᠢᠺᠠ ᠶᠢᠨ ᠤᠨᠳᠠᠯᠭ᠎ᠠ ᠶᠢᠨ ᠠᠨᠠᠭᠠᠬᠤ ᠤᠬᠠᠭᠠᠨ ᠤ ᠨᠡᠶᠢᠭᠡᠮᠯᠢᠭ  ᠤᠨ ᠳᠠᠷᠤᠭ᠎ᠠ ᠳ᠋ᠢᠮᠥᠱᠢ · ᠮᠤᠷᠭᠧᠨᠲ᠋ᠠᠶᠢᠯᠧᠷ ᠢᠯᠡᠷᠭᠡᠶᠢᠯᠡᠭᠰᠡᠨ ᠨᠢ᠂ ᠡᠷᠳᠡ ᠤᠨᠳᠠᠵᠤ ᠡᠷᠳᠡ ᠪᠤᠰᠪᠠᠯ ᠡᠪᠡᠳᠴᠢᠨ ᠡᠰᠡᠷᠭᠦᠴᠡᠭᠦ ᠴᠢᠳᠠᠪᠤᠷᠢ ᠶᠢ ᠳᠡᠭᠡᠭᠰᠢᠯᠡᠭᠦᠯᠵᠤ᠂ ᠬᠢᠮᠤᠷᠠᠭ᠎ᠠ ᠶᠢ ᠡᠰᠡᠷᠭᠦᠴᠡᠭᠦ ᠵᠡᠷᠭᠡ ᠡᠪᠡᠳᠴᠢᠨ ᠤ ᠬᠤᠤᠷ ᠬᠠᠯᠳᠠᠪᠤᠷᠢᠯᠠᠬᠤ ᠠᠴᠠ ᠵᠠᠶᠢᠯᠠᠰᠬᠢᠳᠡᠭ᠃ ᠡᠭᠦᠨ ᠤ ᠬᠠᠮᠳᠤ᠂ ᠬᠦᠢᠴᠡᠳ ᠤᠨᠳᠠᠯᠭ᠎ᠠ ᠨᠢ ᠵᠢᠷᠦᠭᠡᠨ ᠤ ᠡᠪᠡᠳᠴᠢᠨ᠂ ᠪᠦᠭᠡᠷ᠎ᠠ ᠶᠢᠨ ᠡᠪᠡᠳᠴᠢᠨ᠂ ᠴᠢᠰᠤᠨ ᠳᠠᠷᠤᠯᠳᠠ ᠦᠨᠳᠦᠷ ᠪᠤᠯᠬᠤ ᠪᠠ ᠰᠢᠬᠢᠷ ᠰᠢᠵᠢᠩ ᠡᠪᠡᠳᠴᠢᠨ᠂ ᠰᠠ ᠡᠪᠡᠳᠴᠢᠨ ᠵᠡᠷᠭᠡ ᠤᠳᠠᠭᠠᠨ ᠴᠢᠨᠠᠷᠳᠠᠢ ᠡᠪᠡᠳᠴᠢᠨ ᠤ ᠲᠦᠭᠰᠢᠭᠦᠷᠢ ᠶᠢ ᠰᠡᠷᠭᠡᠶᠢᠯᠡᠳᠡᠭ ᠪᠠᠶᠢᠨ᠎ᠠ᠃ ᠡᠪᠡᠳᠴᠢᠯᠡᠭᠰᠡᠨ ᠴᠦ ᠡᠷᠡᠭᠦᠯᠵᠢᠭᠦ  ᠨᠢ ᠡᠩ ᠤᠨ ᠬᠦᠮᠦᠰ ᠠᠴᠠ ᠨᠡᠩ ᠲᠦᠷᠭᠡᠨ ᠪᠠᠶᠢᠳᠠᠭ᠃   ᠠᠯᠬᠤᠬᠤ    ᠬᠠᠹᠧ ᠶᠡᠭᠡ ᠰᠤᠷᠭᠠᠭᠤᠯᠢ  ᠶᠢᠨ ᠰᠤᠳᠤᠯᠭᠠᠨ ᠳᠤ ᠢᠯᠡᠷᠡᠭᠦᠯᠦᠭᠰᠡᠨ ᠢᠶᠠᠷ᠂ ᠳᠤᠮᠳᠠ ᠨᠠᠰᠤᠨ ᠤ ᠪᠠ ᠨᠠᠰᠤ ᠠᠭᠢᠭᠰᠠᠨ ᠡᠮᠡᠭᠳᠠᠶᠢᠴᠤᠳ ᠡᠳᠦᠷ ᠪᠦᠷᠢ 45 ᠮᠢᠨᠦ᠋ᠲ ᠠᠴᠠ 1 ᠴᠠᠭ ᠲᠦᠷᠭᠡᠨ ᠠᠯᠬᠤᠪᠠᠯ᠂ ᠰᠠ ᠡᠪᠡᠳᠴᠢᠨ ᠤᠯᠬᠤ ᠨᠤᠷᠮ᠎ᠠ ᠨᠢ 40% ᠪᠠᠷ ᠪᠠᠭᠤᠷᠠᠳᠠᠭ᠃ ᠠᠮᠧᠷᠢᠺᠠ ᠶᠢᠨ ᠫᠢᠼᠪᠦᠷᠡᠭ ᠶᠡᠭᠡ ᠰᠤᠷᠭᠠᠭᠤᠯᠢ ᠶᠢᠨ ᠨᠢᠭᠡᠨ ᠤᠷᠳᠤ ᠬᠤᠭᠤᠴᠠᠭᠠᠨ ᠤ ᠪᠠᠶᠢᠴᠠᠭᠠᠯᠳᠠ  ᠳᠤ ᠬᠠᠷᠠᠭᠤᠯᠤᠭᠰᠠᠨ ᠢᠶᠠᠷ᠂ ᠶᠡᠷᠦ ᠳᠤ ᠪᠠᠨ ᠤᠯᠠᠨ ᠠᠯᠬᠤᠳᠠᠭ ᠬᠦᠮᠦᠨ ᠤ ᠡᠮᠤᠨ᠎ᠠ ᠳᠠᠷᠢᠬᠢ᠂ ᠬᠤᠶᠢᠨ᠎ᠠ ᠳᠠᠷᠢᠬᠢ ᠵᠢᠴᠢ ᠳᠠᠷᠢᠬᠢᠨ ᠬᠦᠩᠭᠦᠷ ᠤᠨ ᠤᠷᠤᠨ ᠤ ᠳᠠᠷᠢᠬᠢᠨ ᠤ ᠳᠠᠯᠠᠪᠠᠢ  ᠨᠢ ᠨᠡᠩ ᠶᠡᠭᠡ ᠪᠠᠶᠢᠵᠤ᠂ ᠳᠠᠨᠢᠯᠳᠠ ᠶᠢᠨ ᠰᠠᠭᠠᠳ ᠤᠨ ᠬᠡᠮ ᠤᠯᠬᠤ ᠬᠠᠷᠢᠴᠠᠯ ᠨᠢ ᠨᠡᠩ ᠳᠤᠤᠷ᠎ᠠ ᠪᠤᠯᠳᠠᠭ᠃   ᠴᠠᠢ ᠤᠤᠭᠤᠬᠤ   ︽ᠴᠠᠢ ᠳᠠᠬᠢ ᠦᠮᠠᠨ ᠡᠪᠡᠳᠴᠢᠨ ᠢ ᠰᠡᠷᠭᠡᠶᠢᠯᠡᠭᠦ ᠳᠤ ᠠᠰᠢᠭᠳᠠᠢ ᠪᠦᠷᠢᠯᠳᠦᠭᠦᠨ ᠵᠢᠴᠢ ᠳᠡᠭᠦᠨ ᠤ ᠦᠢᠯᠡᠳᠦᠯ ᠵᠢᠮ᠎ᠠ ᠬᠠᠤᠯᠢ ᠶᠢᠨ ᠰᠤᠳᠤᠯᠤᠯ︾ ᠲᠦᠷᠦᠯ ᠵᠦᠢᠯ ᠪᠤᠯ ᠳᠤᠮᠳᠠᠳᠤ ᠤᠯᠤᠰ ᠤᠨ ᠪᠠᠶᠢᠭᠠᠯᠢ  ᠶᠢᠨ ᠰᠢᠨᠵᠢᠯᠡᠭᠦ ᠤᠬᠠᠭᠠᠨ ᠤ ᠰᠠᠭᠤᠷᠢ ᠮᠦᠩᠭᠦᠨ ᠤ ᠵᠦᠪᠯᠡᠯ ᠠᠴᠠ ᠳᠡᠳᠭᠦᠭᠰᠡᠨ ᠭᠤᠤᠯᠳᠠᠯᠭ᠎ᠠ ᠲᠠᠢ ᠲᠦᠷᠦᠯ ᠵᠦᠢᠯ ᠪᠤᠯᠤᠨ᠎ᠠ᠃ 17 ᠵᠢᠯ ᠤᠨ ᠳᠤᠷᠰᠢ ᠴᠠᠢ ᠶᠢᠨ ᠦᠮᠠᠨ ᠡᠪᠡᠳᠴᠢᠨ ᠢ ᠰᠡᠷᠭᠡᠶᠢᠯᠡᠭᠦ ᠦᠢᠯᠡᠳᠦᠯ ᠵᠢᠮ᠎ᠠ ᠬᠠᠤᠯᠢ  ᠶᠢᠨ ᠰᠤᠳᠤᠯᠭᠠᠨ ᠪᠤᠯᠤᠨ ᠤᠢᠢᠷ᠎ᠠ ᠶᠢᠨ ᠵᠢᠯ ᠳᠠᠬᠢ ᠬᠦᠮᠦᠰ ᠤᠨ ᠤᠷᠢᠳᠴᠢᠯᠠᠨ ᠰᠡᠷᠭᠡᠶᠢᠯᠡᠭᠦ ᠳᠤᠷᠰᠢᠯᠳᠠ ᠬᠢᠵᠤ ᠮᠡᠳᠡᠭᠰᠡᠨ ᠢᠶᠠᠷ᠂ ᠳᠤᠳᠠᠭᠤ ᠳᠠᠷᠤᠭᠰᠠᠨ ᠴᠠᠢ᠂ ᠨᠤᠭᠤᠭᠠᠨ ᠴᠠᠢ᠂ ᠬᠠᠷ᠎ᠠ ᠴᠠᠢ ᠳᠤᠮᠳᠠᠭᠢ ᠤᠯᠠᠨ ᠪᠦᠷᠢᠯᠳᠦᠭᠦᠨ ᠨᠢ ᠠᠮᠠᠨ ᠬᠦᠨᠳᠡᠢ ᠶᠢᠨ ᠦᠮᠡᠨ ᠢ ᠰᠡᠷᠭᠡᠶᠢᠯᠡᠭᠦ᠂ ᠠᠭᠤᠰᠬᠢᠨ ᠤ ᠦᠮᠡᠨ ᠢ ᠰᠡᠷᠭᠡᠶᠢᠯᠡᠭᠦ ᠵᠡᠷᠭᠡ ᠬᠤᠤᠷᠳᠤ ᠬᠠᠪᠤᠳᠠᠷ ᠢ ᠰᠡᠷᠭᠡᠶᠢᠯᠡᠭᠦ ᠦᠢᠯᠡᠳᠦᠯ ᠲᠠᠢ ᠪᠠᠶᠢᠳᠠᠭ᠃ ᠴᠠᠢ ᠳᠠᠬᠢ ᠴᠠᠢ ᠶᠢᠨ ᠤᠯᠠᠨ ᠹᠧᠨᠤᠯ᠂ ᠴᠠᠢ ᠶᠢᠨ ᠦᠩᠭᠡᠨ ᠤ ᠡᠳ᠋ ᠪᠤᠯᠤᠨ ᠨᠢᠯᠬ᠎ᠠ ᠴᠠᠢ ᠶᠢᠨ ᠡᠳ᠋ ᠵᠡᠷᠭᠡ ᠪᠦᠷᠢᠯᠳᠦᠭᠦᠨ  ᠨᠢ ᠢᠰᠦᠯᠳᠦᠭᠦ ᠶᠢ ᠡᠰᠡᠷᠭᠦᠴᠡᠭᠦ ᠤᠢᠢᠯᠡᠳᠤᠯ ᠲᠠᠢ ᠪᠠᠶᠢᠵᠤ᠂ ᠪᠡᠶ᠎ᠠ ᠳᠤᠳᠤᠷᠠᠬᠢ ᠦᠮᠡᠨ ᠤ ᠬᠧᠨ ᠢ ᠡᠰᠡᠷᠭᠦᠴᠡᠨ᠂ ᠦᠮᠡᠨ ᠤ ᠡᠰ ᠤᠯᠠᠰᠢᠷᠠᠬᠤ ᠶᠢ ᠬᠤᠷᠢᠬᠯᠠᠬᠤ ᠦᠢᠯᠡᠳᠦᠯ  ᠲᠠᠢ ᠶᠤᠮ᠃    ᠨᠠᠮ ᠰᠠᠭᠤᠵᠤ ᠭᠦᠨ ᠪᠤᠳᠤᠯᠭᠠᠰᠢᠷᠠᠬᠤ    ᠠᠮᠧᠷᠢᠺᠠ ᠶᠢᠨ ᠬᠠᠹᠧ ᠡᠮᠨᠡᠯᠭᠡ ᠶᠢᠨ ᠳᠡᠭᠡᠳᠦ ᠰᠤᠷᠭᠠᠭᠤᠯᠢ ᠶᠢᠨ ᠵᠢᠷᠤᠬᠡᠨ ᠡᠪᠡᠳᠴᠢᠨ ᠤ ᠲᠤᠰᠬᠠᠢ ᠮᠡᠷᠭᠡᠵᠢᠯᠲᠡᠨ ᠡᠾᠧᠪᠧᠷᠲ ᠪᠧᠨ᠋ᠰᠧᠨ ᠤ ᠵᠢᠭᠠᠨ ᠭᠠᠷᠭᠠᠭᠰᠠᠨ ᠢᠶᠠᠷ᠂ ᠨᠠᠮ ᠰᠠᠭᠤᠵᠤ ᠭᠦᠨ ᠪᠤᠳᠤᠯᠭᠠᠰᠢᠷᠠᠬᠤ ᠨᠢ ᠪᠤᠯᠴᠢᠩ ᠢ ᠰᠤᠯᠠᠷᠠᠭᠤᠯᠵᠤ᠂ ᠰᠡᠳᠬᠢᠯ ᠵᠤᠪᠠᠭ᠋ᠤ ᠶᠢ ᠪᠠᠭᠠᠰᠬᠠᠵᠤ᠂ ᠪᠠᠴᠢᠮᠳᠠᠬᠤ ᠬᠤᠷᠮᠤᠨ ᠤ ᠢᠳᠡᠪᠬᠢ ᠴᠢᠨᠠᠷ ᠢ ᠳᠤᠷᠤᠭᠰᠢᠯᠠᠭᠤᠯᠵᠤ ᠴᠢᠳᠠᠨ᠎ᠠ᠃ ᠠᠮᠧᠷᠢᠺᠠ ᠶᠢᠨ ᠨᠢᠭᠡᠨ ᠶᠡᠭᠡ ᠰᠤᠷᠭᠠᠭᠤᠯᠢ ᠶᠢᠨ ᠰᠤᠳᠤᠯᠭᠠᠲᠠᠳ ᠤᠨ ᠢᠯᠡᠷᠡᠭᠦᠯᠦᠭᠰᠡᠨ ᠢᠶᠠᠷ᠂ ᠨᠠᠮ ᠰᠠᠭᠤᠵᠤ ᠭᠦᠨ ᠪᠤᠳᠤᠬᠤ  ᠨᠢ ᠵᠢᠷᠤᠬᠡᠨ ᠴᠢᠰᠤᠨ ᠰᠤᠳᠠᠯ ᠤᠨ ᠡᠪᠡᠳᠴᠢᠲᠡᠳ ᠤᠨ ᠵᠢᠷᠤᠬᠡᠨ ᠤ ᠡᠪᠡᠳᠴᠢᠨ ᠬᠦᠳᠡᠯᠬᠦ ᠨᠤᠷᠮ᠎ᠠ ᠶᠢ ᠬᠠᠭᠠᠰ ᠢᠶᠠᠷ ᠪᠠᠭᠠᠰᠬᠠᠵᠤ ᠳᠡᠶᠢᠯᠦᠨ᠎ᠡ᠃    ᠮᠢᠬ᠎ᠠ ᠪᠠᠭ᠎ᠠ ᠢᠳᠡᠭᠦ    ︽ᠨᠡᠶᠢᠲᠡ ᠶᠢᠨ ᠡᠷᠡᠭᠦᠯ ᠴᠢᠬᠢᠷᠠᠭ ᠤᠨ ᠰᠢᠮ᠎ᠡ ᠲᠡᠵᠢᠭᠡᠯ ᠤᠨ ᠰᠤᠳᠤᠯᠤᠯ ᠤᠨ ᠰᠡᠳᠬᠦᠯ︾ ᠳᠡᠭᠡᠷ᠎ᠡ ᠨᠡᠶᠢᠲᠡᠯᠡᠭᠳᠡᠭᠰᠡᠨ ᠨᠢᠭᠡᠨ ᠰᠤᠳᠤᠯᠭᠠᠨ ᠤ ᠦᠷ᠎ᠡ ᠳ᠋ᠦᠩ ᠤᠨ ᠢᠯᠡᠷᠬᠡᠶᠢᠯᠡᠭᠰᠡᠨ ᠢᠶᠠᠷ᠂ ᠰᠠᠶᠤᠤ ᠬᠤᠭᠤᠯᠠ ᠢᠳᠡᠳᠡᠭ ᠬᠦᠮᠦᠰ ᠤᠨ ᠴᠢᠰᠤᠨ ᠳᠠᠷᠤᠯᠲᠠ ᠦᠨᠳᠦᠷ ᠪᠤᠯᠬᠤ ᠨᠤᠷᠮ᠎ᠠ ᠨᠢ ᠮᠢᠬ᠎ᠠ ᠢᠳᠡᠳᠡᠭ ᠬᠦᠮᠦᠰ  ᠠᠴᠠ ᠳᠤᠤᠷ᠎ᠠ ᠪᠠᠶᠢᠳᠠᠭ᠃ ᠡᠨᠡ ᠨᠢ ᠰᠠᠶᠤᠤ ᠬᠤᠭᠤᠯᠠ ᠢᠳᠡᠳᠡᠭ ᠬᠦᠮᠦᠰ ᠤᠨ ᠳᠤᠮᠳᠠᠴᠢ ᠪᠡᠶ᠎ᠡ ᠶᠢᠨ ᠬᠦᠨᠳᠦ ᠨᠢ ᠬᠦᠩᠬᠡᠨ ᠮᠦᠷᠲᠡᠭᠡᠨ ᠶᠡᠭᠡ ᠬᠡᠮᠵᠢᠶᠡᠨ ᠤ ᠵᠢᠮᠢᠰ ᠨᠤᠭᠤᠭ᠎ᠠ ᠢᠳᠡᠳᠡᠭ ᠤᠨ ᠤᠴᠢᠷ ᠪᠤᠯᠤᠨ᠎ᠠ᠃ ᠠᠮᠧᠷᠢᠺᠠ ᠶᠢᠨ ᠰᠢᠬᠢᠷ ᠰᠢᠵᠢᠩ ᠡᠪᠡᠳᠴᠢᠨ ᠤ ᠨᠡᠶᠢᠭᠡᠮᠯᠢᠭ ᠤᠨ ᠨᠢᠭᠡᠨ ᠰᠤᠳᠤᠯᠭᠠᠨ ᠢ ᠦᠨᠳᠦᠰᠦᠯᠡᠪᠡᠯ᠂ ᠮᠢᠬ᠎ᠠ ᠪᠠᠭ᠎ᠠ ᠢᠳᠡᠪᠡᠯ ᠬᠦᠮᠦᠰ ᠤᠨ ᠰᠤᠯᠢᠯᠴᠠᠭᠠᠨ ᠤ ᠬᠠᠮ ᠰᠢᠨᠵᠢ ᠳᠤ ᠨᠡᠷᠪᠡᠭᠳᠡᠬᠦ ᠠᠶᠤᠯ  ᠢ ᠪᠠᠭᠠᠰᠬᠠᠵᠤ ᠴᠢᠳᠠᠳᠠᠭ᠃    ᠨᠠᠷᠠᠨ ᠳᠤ ᠡᠭᠡᠭᠡᠬᠦ    ᠨᠠᠷᠠᠲᠤ ᠠᠨᠠᠭᠠᠬᠤ ᠤᠬᠠᠭᠠᠨ ᠤ ᠰᠡᠳᠬᠦᠯ ︽ᠦᠮᠠᠨ ᠤ ᠰᠤᠳᠤᠯᠤᠯ︾ ᠳᠤ ᠨᠡᠶᠢᠲᠡᠯᠡᠭᠳᠡᠭᠰᠡᠨ ᠰᠤᠳᠤᠯᠭᠠᠨ ᠤ ᠦᠭᠦᠯᠡᠯ ᠤᠨ ᠢᠯᠡᠷᠬᠡᠶᠢᠯᠡᠭᠰᠡᠡ ᠢᠶᠠᠷ᠂ ᠦᠷᠬᠦᠯᠵᠢ ᠨᠠᠷᠠᠨ ᠳᠤ ᠡᠬᠡᠬᠡᠳᠡᠭ ᠡᠷᠡᠭᠲᠡᠢ  ᠶᠢᠨ ᠤᠷᠢᠳᠤ ᠪᠤᠯᠴᠢᠷᠬᠠᠢ ᠶᠢᠨ ᠦᠮᠡᠨ ᠳᠤ ᠨᠡᠷᠪᠡᠭᠳᠡᠬᠦ ᠨᠤᠷᠮ᠎ᠠ ᠨᠢ ᠦᠷᠬᠦᠯᠵᠢ ᠨᠠᠷᠠᠨ ᠳᠤ ᠡᠬᠡᠬᠡᠳᠡᠭ ᠦᠭᠡᠢ ᠡᠷᠡᠭᠲᠡᠢ ᠶᠢᠨ ᠬᠢ ᠠᠴᠠ ᠬᠠᠭᠠᠰ ᠢᠶᠠᠷ ᠳᠤᠤᠷ᠎ᠠ᠂ ᠨᠡᠩ ᠴᠢᠨᠠᠭᠰᠢᠲᠠ 65% ᠪᠠᠷ ᠳᠤᠤᠷ᠎ᠠ᠃ ᠨᠠᠷᠠᠨ ᠤ ᠭᠡᠷᠡᠯ ᠤᠷᠢᠳᠤ ᠪᠤᠯᠴᠢᠷᠬᠠᠢ ᠶᠢᠨ ᠦᠮᠠᠨ ᠳᠤ ᠨᠡᠷᠪᠡᠭᠳᠡᠬᠦ ᠨᠤᠷᠮ᠎ᠠ ᠶᠢ ᠪᠠᠭᠠᠰᠬᠠᠬᠤ ᠳᠤ ᠠᠰᠢᠭᠲᠠᠢ᠂ ᠨᠠᠷᠠᠨ ᠳᠤ ᠡᠭᠡᠭᠡᠬᠦ  ᠪᠠᠷ ᠳᠠᠮᠵᠢᠨ ᠬᠦᠮᠦᠨ ᠤ ᠪᠡᠶ᠎ᠡ ᠨᠢᠭᠡ ᠵᠦᠢᠯ ᠤᠨ ᠸᠢᠲ᠋ᠠᠮᠢᠨ D ᠤᠨ ᠢᠳᠡᠪᠬᠢ ᠪᠦᠷᠢᠯᠳᠦᠭᠦᠨ ᠢ ᠡᠭᠦᠰᠭᠡᠵᠦ ᠴᠢᠳᠠᠨ᠎ᠠ᠃ ᠸᠢᠲ᠋ᠠᠮᠢᠨ D  ᠨᠢ ᠤᠷᠢᠳᠤ ᠪᠤᠯᠴᠢᠷᠬᠠᠢ ᠶᠢᠨ ᠡᠰ ᠤᠨ ᠬᠡᠪ ᠢᠶᠠᠷ ᠦᠰᠦᠨ ᠪᠤᠶᠢᠵᠢᠬᠤ ᠶᠢ ᠠᠬᠢᠭᠤᠯᠵᠤ᠂ ᠤᠷᠢᠳᠤ ᠪᠤᠯᠴᠢᠷᠬᠠᠢ  ᠶᠢᠨ ᠦᠮᠡᠨ ᠤ ᠡᠰ ᠤᠨ ᠬᠠᠯᠳᠠᠬᠤ ᠪᠠ ᠳᠠᠷᠬᠠᠬᠤ ᠶᠢ ᠬᠤᠷᠢᠬᠯᠠᠵᠤ ᠳᠡᠶᠢᠯᠦᠨ᠎ᠡ᠃
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号