ᠢᠨᠢᠶᠡᠬᠦ ᠶᠢᠨ ᠠᠴᠢ ᠲᠤᠰᠠ ᠢᠨᠢᠶᠡᠬᠦ ᠪᠣᠯ ᠬᠦᠮᠦᠨ ᠤ ᠰᠡᠳᠬᠢᠯ ᠤᠨ ᠳᠤᠲᠤᠭᠠᠲᠤ ᠳᠠᠬᠢ ᠪᠠᠶᠠᠰᠤᠩᠭᠤᠢ ᠦᠢᠯᠡ | ᠬᠦᠳᠡᠯᠦᠯ ᠢ ᠨᠢᠭᠤᠷ ᠤᠨ ᠬᠡᠰᠡᠭ ᠢᠶᠠᠷ ᠢᠶᠠᠨ ᠢᠯᠡᠷᠬᠡᠶᠢᠯᠡᠵᠦ ᠪᠠᠶᠢᠭ᠎ᠠ ᠭᠠᠳᠠᠭᠠᠳᠤ ᠢᠯᠡᠷᠡᠯ ᠮᠦᠨ᠃ ᠮᠦᠨ ᠴᠤ | ᠬᠦᠮᠦᠨ ᠤ ᠳᠤᠲᠤᠭᠠᠳᠤ ᠰᠡᠳᠬᠢᠯ ᠢᠶᠠᠨ ᠢᠯᠡᠳᠭᠡᠬᠦ᠂ ᠪᠡᠶ᠎ᠡ ᠰᠡᠳᠬᠢᠯ ᠢᠶᠠᠨ ᠡᠷᠡᠭᠦᠯᠵᠢᠭᠦᠯᠬᠦ ᠲᠦᠷᠦᠯᠬᠢ ᠴᠢᠳᠠᠪᠤᠷᠢ | ᠪᠦᠭᠡᠳ ᠪᠡᠶ᠎ᠡ ᠰᠡᠳᠬᠢᠯ ᠢ ᠡᠷᠡᠭᠦᠯᠵᠢᠭᠦᠯᠬᠦ ᠬᠠᠮᠤᠭ ᠤᠨ ᠰᠠᠶᠢᠨ ᠠᠷᠭ᠎ᠠ ᠶᠢᠨ ᠨᠢᠭᠡ ᠮᠦᠨ᠃ | ᠢᠨᠢᠶᠡᠬᠦ ᠨᠢ ᠪᠠᠶᠠᠷ ᠬᠦᠷ ᠲᠠᠢ᠂ ᠢᠨᠢᠶᠡᠳᠦ ᠨᠠᠷᠭᠢᠶᠠᠨ ᠲᠠᠢ᠂ ᠬᠠᠶᠢᠷ᠎ᠠ ᠰᠡᠳᠬᠢᠯ ᠪᠢᠯᠬᠠᠮ᠎ᠠ᠂ ᠬᠠᠨᠤᠮᠵᠢᠲᠠᠢ | ᠪᠠᠶᠢᠬᠤ᠂ ᠰᠤᠭᠲᠤᠭᠤᠷᠠᠬᠤ ᠵᠡᠷᠭᠡ ᠲᠤᠲᠤᠭᠠᠳᠤ ᠰᠡᠳᠬᠢᠯ ᠢ ᠢᠯᠡᠳᠬᠡᠳᠡᠭ᠃ ᠬᠦᠮᠦᠨ ᠢᠨᠢᠶᠡᠪᠡᠯ ᠰᠡᠳᠬᠢᠯ ᠨᠢ | ᠪᠠᠶᠠᠰᠴᠤ ᠪᠣᠭᠢᠨᠢᠳᠤᠯ᠂ ᠵᠠᠩᠭᠢᠷᠠᠭ᠎ᠠ ᠨᠢ ᠲᠠᠶᠢᠯᠤᠭᠳᠠᠵᠤ᠂ ᠠᠭᠤᠷ ᠬᠢᠯᠢᠩ ᠨᠢ ᠨᠠᠮᠳᠠᠵᠤ᠂ ᠰᠠᠳᠬᠢᠯ ᠤᠨ | ᠳᠠᠷᠤᠭᠠᠰᠤ ᠨᠢ ᠠᠷᠢᠯᠤᠨ᠂ ᠠᠳᠡᠭᠦᠷᠡᠯ ᠵᠦᠷᠢᠴᠡᠯ ᠨᠢ ᠪᠠᠭᠠᠰᠴᠤ᠂ ᠬᠦᠮᠦᠰ ᠤᠨ ᠬᠤᠭᠤᠷᠤᠨᠳᠦᠬᠢ ᠬᠠᠷᠢᠴᠠᠭ᠎ᠠ | ᠰᠠᠶᠢᠨ ᠪᠣᠯᠬᠤ ᠵᠡᠷᠭᠡ ᠮᠠᠰᠢ ᠣᠯᠠᠨ ᠰᠠᠶᠢᠨ ᠲᠠᠯ᠎ᠠ ᠲᠠᠢ ᠪᠠᠷ ᠪᠠᠷᠠᠬᠤ ᠦᠭᠡᠢ ᠮᠠᠰᠢ ᠰᠠᠶᠢᠨ ᠪᠡᠶ᠎ᠡ ᠶᠢᠨ ᠲᠠᠮᠢᠷ ᠤᠨ | ᠬᠦᠳᠡᠯᠭᠡᠭᠡᠨ ᠶᠤᠮ᠃ | ᠢᠨᠢᠶᠡᠬᠦ ᠪᠠᠷ ᠳᠠᠮᠵᠢᠨ ᠨᠢᠳᠦᠨ ᠤ ᠪᠤᠯᠴᠢᠩ᠂ ᠨᠢᠭᠤᠷ ᠤᠨ ᠬᠡᠰᠡᠭ ᠤᠨ ᠪᠤᠯᠴᠢᠩ᠂ ᠠᠮᠠ ᠬᠠᠮᠠᠷ ᠬᠤᠭᠤᠯᠠᠢ | ᠳᠠᠭᠤᠨ ᠤ ᠬᠦᠪᠴᠢ ᠵᠡᠷᠭᠡ ᠶᠢᠨ ᠪᠤᠯᠴᠢᠩ ᠰᠢᠷᠪᠤᠰᠤ ᠶᠢ ᠴᠢᠩᠭᠠᠷᠠᠭᠤᠯᠤᠨ᠂ ᠪᠦᠬᠦ ᠪᠡᠶ᠎ᠡ ᠶᠢᠨ ᠠᠷᠠᠭ ᠶᠠᠰᠤ᠂ | ᠪᠤᠯᠴᠢᠩ ᠰᠢᠷᠪᠤᠰᠦ᠂ ᠲᠤᠲᠤᠷ ᠴᠤᠯᠤ ᠰᠠᠪᠠ ᠡᠷᠬᠡᠲᠡᠨ ᠨᠢ ᠢᠨᠢᠶᠡᠬᠦ ᠴᠣᠬᠢᠯᠭ᠎ᠠ ᠶᠢ ᠳᠠᠭᠠᠯᠳᠤᠨ ᠳᠣᠷᠭᠢᠯᠲᠠ᠂ | ᠴᠡᠴᠡᠷᠡᠯᠲᠠ᠂ ᠬᠦᠳᠡᠯᠭᠡᠭᠡᠨᠲᠦ ᠪᠠᠶᠢᠳᠠᠯ ᠳᠤ ᠣᠷᠤᠵᠤ᠂ ᠪᠦᠬᠦ ᠪᠡᠶ᠎ᠡ ᠶᠢᠨ ᠴᠤᠯᠤ ᠡᠷᠬᠡᠲᠡᠨ ᠳᠤ ᠢᠯᠢᠯᠭᠡ ᠪᠣᠯᠵᠤ | ᠦᠢᠯᠡ ᠠᠵᠢᠯᠯᠠᠭ᠎ᠠ ᠶᠢ ᠨᠢ ᠢᠲᠠᠪᠬᠢᠵᠢᠭᠦᠯᠦᠨ ᠡᠷᠡᠭᠦᠯᠵᠢᠭᠦᠯᠦᠨᠡ᠃ ᠣᠨᠴᠠᠭᠠᠶᠢᠯᠠᠨ ᠵᠢᠷᠦᠬᠡᠨ ᠤ ᠠᠵᠢᠯᠯᠠᠭ᠎ᠠ ᠶᠢ | ᠢᠲᠠᠪᠬᠢᠵᠢᠭᠦᠯᠵᠦ᠂ ᠬᠡᠢ ᠴᠢᠰᠦᠨ ᠤ ᠡᠷᠭᠢᠯᠲᠡ ᠶᠢ ᠰᠠᠶᠢᠵᠢᠷᠠᠭᠤᠯᠤᠨ᠂ ᠪᠣᠳᠠᠰ ᠤᠨ ᠰᠣᠯᠢᠯᠴᠠᠭ᠎ᠠ ᠶᠢ ᠠᠬᠢᠭᠤᠯᠵᠤ᠂ | ᠪᠣᠳᠠᠰ ᠤᠨ ᠰᠣᠯᠢᠯᠴᠠᠭᠠᠨ ᠠᠴᠠ ᠡᠭᠦᠰᠦᠭᠰᠡᠨ ᠠᠰᠢᠭ ᠦᠭᠡᠢ ᠪᠣᠳᠠᠰ ᠤᠨ ᠭᠠᠳᠠᠭᠰᠢᠯᠠᠭᠤᠯᠬᠤ ᠶᠢ ᠨᠢ ᠲᠦᠷᠭᠡᠳᠬᠡᠵᠦ | ᠂ ᠲᠠᠪᠤᠨ ᠴᠤᠯᠤ ᠵᠢᠷᠭᠤᠭᠠᠨ ᠰᠠᠪᠠᠨ ᠤ ᠠᠵᠢᠯᠯᠠᠭ᠎ᠠ ᠶᠢ ᠰᠠᠶᠢᠵᠢᠷᠠᠭᠤᠯᠤᠨ᠎ᠠ᠃ ᠮᠦᠨ ᠴᠤ ᠶᠡᠭᠡ ᠲᠠᠷᠢᠬᠢᠨ ᠳᠤ | ᠰᠡᠲᠦᠯᠲᠡ ᠦᠭᠴᠦ ᠰᠠᠶᠢᠨ ᠬᠤᠷᠮᠤᠨ ᠱᠦᠭᠦᠷᠡᠭᠦᠯᠵᠦ᠂ ᠲᠤᠲᠤᠭᠠᠳᠤ ᠱᠦᠭᠦᠷᠡᠯᠡᠯ ᠢ ᠳᠠᠮᠵᠢᠵᠦ ᠪᠡᠶ᠎ᠡ ᠰᠡᠳᠬᠢᠯ ᠢ | ᠠᠮᠠᠷᠠᠭᠤᠯᠤᠨ ᠡᠷᠡᠭᠦᠯᠵᠢᠭᠦᠯᠵᠦ᠂ ᠶᠠᠳᠠᠷᠠᠭ᠎ᠠ ᠶᠢ ᠲᠠᠶᠢᠯᠤᠨ᠎ᠠ᠃ ᠭᠡᠪᠡᠴᠦ ᠬᠦᠨᠳᠦ ᠡᠪᠡᠳᠴᠢᠨ ᠲᠠᠢ ᠬᠦᠮᠦᠰ ᠭᠡᠲᠦ | ᠢᠨᠢᠶᠡᠵᠦ ᠪᠣᠯᠬᠤ ᠦᠭᠡᠢ᠃ | ᠢᠨᠢᠶᠡᠬᠦ ᠶᠢ ᠠᠮᠢᠳᠦᠷᠠᠯ ᠤᠨ ᠢᠶᠠᠨ ᠡᠳᠤᠷ ᠲᠤᠲᠤᠮ ᠤᠨ ᠳᠠᠳᠬᠠᠯ ᠬᠡᠪᠰᠢᠯ ᠪᠣᠯᠭᠠᠬᠤ ᠨᠢ ᠲᠦᠢᠯ ᠤᠨ ᠴᠢᠬᠤᠯᠠ | ᠃ ᠠᠷᠠᠳ ᠤᠨ ᠦᠭᠡᠨ ᠳᠤ᠂ ᠬᠤᠯᠤ ᠲᠠᠢ ᠠᠶᠢᠷᠠᠭ ᠢ ᠴᠠᠯᠬᠢᠲᠠᠯᠠ᠂ ᠭᠠᠩᠭᠠᠷ ᠱᠠᠭᠠᠵᠠᠩ ᠢ ᠳᠣᠷᠭᠢᠲᠠᠯ᠎ᠠ᠂ ᠰᠠᠳᠬᠢᠯ | ᠪᠠᠶᠠᠰᠤᠮ᠎ᠠ ᠢᠨᠢᠶᠡᠳᠡᠭ ᠭᠡᠳᠡᠭ ᠨᠢ ᠤᠴᠢᠷ ᠤᠳᠬ᠎ᠠ ᠲᠠᠢ ᠦᠭᠡ ᠪᠠᠶᠢᠵᠡᠢ᠃ ᠢᠨᠢᠶᠡᠵᠦ ᠶᠠᠪᠤᠪᠠᠯ ᠠᠷᠪᠠᠨ ᠵᠢᠯ | ᠵᠠᠯᠠᠭᠤᠵᠢᠨ᠎ᠠ᠂ ᠠᠭᠤᠷᠯᠠᠵᠤ ᠶᠠᠪᠤᠪᠠᠯ ᠦᠰᠦ ᠭᠡᠵᠢᠭᠡ ᠴᠠᠶᠢᠨ᠎ᠠ ᠭᠡᠳᠡᠭ ᠨᠢ ᠪᠠᠰᠠ ᠯᠠ ᠤᠴᠢᠷ ᠲᠠᠢ ᠦᠭᠡ᠃ | ᠡᠶᠢᠮᠦ ᠠᠴᠠ ᠢᠨᠢᠶᠡᠬᠦ ᠪᠣᠯ ᠪᠡᠶ᠎ᠡ ᠰᠡᠳᠬᠢᠯ ᠢᠶᠠᠨ ᠡᠷᠡᠭᠦᠯᠵᠢᠭᠦᠯᠬᠦ ᠰᠠᠶᠢᠨ ᠡᠮ᠂ ᠠᠮᠢ ᠨᠠᠰᠤ ᠶᠢ ᠤᠷᠲᠤᠳᠬᠠᠬᠤ | ᠸᠢᠲ᠋ᠠᠮᠢᠨ ᠮᠦᠨ᠃ | ᠠᠩᠬᠠᠷᠠᠭᠤᠯᠬᠤ ᠨᠢ ᠬᠦᠮᠦᠨ ᠢ ᠭᠡᠳᠡᠭᠡᠯᠡᠵᠦ᠂ ᠰᠣᠴᠢᠭᠠᠵᠤ ᠢᠨᠢᠶᠡᠯᠭᠡᠵᠦ ᠪᠣᠯᠬᠤ ᠦᠭᠡᠢ᠂ ᠡᠨᠡ ᠨᠢ ᠨᠡᠩ | ᠢᠯᠡᠭᠦᠦ ᠬᠡᠤᠬᠡᠳ ᠪᠠᠭᠠᠴᠤᠳ ᠲᠤ ᠴᠡᠭᠡᠷ ᠲᠠᠢ᠃ ᠤᠴᠢᠷ ᠨᠢ ᠬᠡᠤᠬᠡᠳ ᠤᠨ ᠠᠭᠤᠰᠬᠢ᠂ ᠲᠡᠷᠢᠬᠢ᠂ ᠵᠢᠷᠦᠬᠡᠨ ᠤ | ᠠᠵᠢᠯᠯᠠᠭ᠎ᠠ ᠪᠦᠷᠢᠨ ᠬᠦᠢᠴᠡᠳ ᠪᠤᠶᠢᠵᠢᠭ᠎ᠠ ᠦᠭᠡᠢ ᠪᠠᠶᠢᠳᠠᠭ᠃ ᠠᠨᠠᠭᠠᠬᠤ ᠤᠬᠠᠭᠠᠨ ᠳᠡᠭᠡᠷ᠎ᠡ ᠡᠪᠡᠳᠴᠢᠨ ᠢ | ᠡᠮᠴᠢᠯᠡᠬᠦ ᠣᠯᠠᠨ ᠠᠷᠭ᠎ᠠ ᠪᠠᠶᠢᠳᠠᠭ᠃ ᠡᠭᠦᠨ ᠳᠤ ᠢᠨᠢᠶᠡᠬᠦ ᠡᠮᠴᠢᠯᠡᠭᠡ ᠪᠠᠰᠠ ᠪᠠᠭᠲᠠᠨ᠎ᠠ᠂ ᠭᠡᠪᠡᠴᠦ ᠦᠷᠭᠡᠨ ᠢᠶᠠᠷ | ᠬᠡᠷᠡᠭᠯᠡᠭᠳᠡᠬᠦ ᠦᠭᠡᠢ ᠪᠠᠶᠢᠨ᠎ᠠ᠃ ᠣᠶᠢᠷ᠎ᠠ ᠶᠢᠨ ᠵᠢᠯ ᠠᠴᠠ ᠵᠠᠷᠢᠮ ᠤᠯᠤᠰ ᠣᠷᠤᠨ ᠳᠤ ᠢᠨᠢᠶᠡᠬᠦ ᠨᠡᠶᠢᠬᠡᠮᠯᠢᠭ | ᠪᠠᠶᠢᠭᠤᠯᠤᠭᠳᠠᠵᠤ᠂ ᠨᠡᠶᠢᠬᠡᠮ ᠤᠨ ᠳᠤᠮᠳᠠ ᠶᠡᠭᠡ ᠪᠠᠷ ᠪᠣᠢ ᠪᠣᠯᠤᠭᠰᠠᠨ ᠭᠠᠭᠴᠠᠭᠠᠷᠳᠠᠮᠠᠯ ᠰᠡᠳᠬᠢᠯ ᠤᠨ ᠳᠠᠷᠤᠭᠠᠰᠤ᠂ | ᠪᠣᠭᠢᠨᠢᠳᠤᠯ᠂ ᠡᠭᠡᠳᠡᠷᠡᠭᠡ ᠶᠢ ᠲᠠᠶᠢᠯᠵᠤ᠂ ᠡᠪᠡᠳᠴᠢᠨ ᠡᠮᠬᠡᠭ ᠢ ᠡᠮᠴᠢᠯᠡᠬᠦ᠂ ᠴᠢᠨᠠᠭᠰᠢᠳᠠ ᠬᠤᠣᠷᠲᠤ ᠬᠠᠪᠤᠳᠠᠷ ᠢ | ᠡᠮᠴᠢᠯᠡᠬᠦ ᠳᠤ ᠬᠦᠷᠲᠡᠯ᠎ᠡ ᠡᠨᠡ ᠠᠷᠭ᠎ᠠ ᠶᠢ ᠬᠡᠷᠡᠭᠯᠡᠭᠡᠳ ᠮᠠᠰᠢ ᠶᠡᠭᠡ ᠦᠷ᠎ᠡ ᠳ᠋ᠦᠩ ᠣᠯᠤᠭᠰᠠᠨ ᠪᠠᠷᠢᠮᠲᠠ ᠵᠢᠱᠢᠶ᠎ᠡ | ᠣᠯᠠᠨ ᠪᠠᠶᠢᠳᠠᠭ᠃ | ᠢᠨᠢᠶᠡᠬᠦ ᠪᠠᠷ ᠡᠪᠡᠳᠴᠢᠨ ᠵᠠᠰᠠᠬᠤ ᠳᠠᠭᠠᠨ ᠳᠠᠷᠠᠭᠠᠬᠢ 8 ᠵᠦᠢᠯ ᠢ ᠠᠩᠬᠠᠷ᠃ | 1. ᠪᠣᠲᠠᠲᠤ ᠨᠠᠰᠤ ᠪᠠᠨ ᠮᠠᠷᠲᠠᠨ ᠵᠠᠯᠠᠭᠤᠵᠢ᠃ | 2. ᠦᠰᠢᠶ᠎ᠡ ᠬᠤᠷᠤᠰᠤᠯ ᠢᠶᠠᠨ ᠮᠡᠷᠲᠠᠵᠦ᠂ ᠪᠤᠰᠤᠳ ᠢ ᠠᠭᠤᠴᠢᠯᠠᠵᠤ ᠦᠷᠦᠰᠢᠶᠡᠵᠦ ᠲᠤᠰᠠᠯᠠ᠃ | 3. ᠭᠠᠰᠢᠭᠤᠨ ᠡᠮᠬᠡᠨᠢᠯ ᠢᠶᠠᠨ ᠮᠠᠷᠲᠠᠵᠤ᠂ ᠠᠮᠢ ᠨᠠᠰᠤᠨ ᠤ ᠵᠢᠮ᠎ᠡ ᠶᠣᠰᠤ ᠶᠢ ᠵᠦᠪ ᠢᠶᠠᠷ ᠤᠶᠢᠯᠠᠭᠠ᠃ | 4. ᠠᠭᠤᠷ ᠤᠴᠠᠭᠠᠷ ᠢ ᠮᠠᠷᠲᠠᠵᠤ᠂ ᠰᠠᠳᠬᠢᠯ ᠰᠠᠨᠠᠭ᠎ᠠ ᠪᠠᠨ ᠠᠭᠤᠵᠢᠭᠤ ᠪᠠᠶᠢᠯᠭ᠎ᠠ᠃ | 5. ᠵᠣᠪᠠᠯ ᠵᠦᠳᠡᠭᠦᠷᠢ ᠶᠢ ᠮᠠᠷᠲᠠᠵᠤ᠂ ᠰᠠᠶᠢᠨ ᠰᠠᠶᠢᠬᠠᠨ ᠢ ᠬᠦᠰᠡ᠃ | 6. ᠵᠠᠨᠤᠯ ᠭᠡᠮᠰᠢᠯ ᠢ ᠮᠠᠷᠲᠠᠵᠤ᠂ ᠦᠩᠭᠡᠷᠡᠭᠰᠡᠨ ᠢ ᠡᠭᠦᠷᠢᠳᠡ ᠣᠷᠬᠢᠨ ᠬᠠᠶᠠ᠃ | 7. ᠡᠪᠡᠳᠴᠢᠨ ᠡᠮᠬᠡᠭ ᠢᠶᠠᠨ ᠮᠠᠷᠲᠠᠵᠤ᠂ ᠬᠡᠶᠢᠮᠦᠷᠢ ᠰᠦᠯᠳᠡ ᠲᠠᠢ ᠪᠠᠢ᠃ | 8. ᠨᠡᠷ᠎ᠡ ᠠᠰᠢᠭ ᠢ ᠮᠠᠷᠲᠠᠵᠤ᠂ ᠨᠡᠶᠢᠲᠡ ᠣᠯᠠᠨ ᠲᠠᠢ ᠪᠠᠨ ᠬᠠᠮᠲᠤ ᠪᠠᠢ᠃ | ᠳᠡᠭᠡᠷᠡᠬᠢ ᠵᠦᠢᠯ ᠢ ᠠᠩᠬᠠᠷᠤᠨ ᠬᠡᠷᠡᠭᠵᠢᠭᠦᠯᠵᠦ᠂ ᠢᠨᠢᠶᠡᠵᠦ ᠵᠠᠩᠰᠢᠬᠤ ᠨᠢ ᠪᠡᠶ᠎ᠡ ᠰᠡᠳᠬᠢᠯ ᠢ | ᠡᠷᠡᠭᠦᠯᠵᠢᠬᠦᠯᠬᠦ ᠶᠢᠨ ᠡᠭᠦᠳᠡ ᠬᠠᠭᠠᠯᠭ᠎ᠠ ᠶᠢᠨ ᠨᠢᠭᠡ ᠶᠤᠮ᠃ ᠢᠨᠢᠶᠡᠬᠦ ᠳᠤ ᠣᠯᠠᠨ ᠠᠷᠭ᠎ᠠ ᠪᠠᠶᠢᠳᠠᠭ᠃ ᠵᠢᠱᠢᠶᠡᠯᠡᠪᠡᠯ | ᠂ ᠲᠣᠯᠢᠨ ᠳᠤ ᠦᠪᠡᠷ ᠢ ᠪᠠᠨ ᠬᠠᠷᠠᠵᠤ ᠢᠨᠢᠶᠡᠬᠦ᠂ ᠢᠨᠢᠶᠡᠳᠦ ᠨᠠᠷᠭᠢᠶᠠᠨ ᠲᠠᠢ ᠦᠭᠡ ᠬᠡᠯᠡᠬᠦ᠂ ᠠᠷᠠᠳ ᠤᠨ | ᠤᠯᠠᠮᠵᠢᠯᠠᠯᠲᠤ ᠬᠤᠱᠤᠩ ᠦᠭᠡ᠂ ᠦᠯᠢᠭᠡᠷ ᠣᠨᠢᠰᠤᠭ᠎ᠠ ᠶᠢ ᠰᠤᠷᠴᠤ ᠬᠡᠷᠡᠭᠯᠡᠬᠦ᠂ ᠬᠤᠱᠤᠩ ᠱᠤᠭ᠂ | ᠢᠨᠢᠶᠡᠳᠦᠮ ᠲᠠᠢ ᠺᠢᠨᠤ᠋ ᠦᠵᠡᠬᠦ᠂ ᠢᠨᠢᠶᠡᠳᠦ ᠨᠠᠷᠭᠢᠶᠠᠨ ᠢ ᠡᠭᠦᠰᠭᠡᠳᠡᠭ ᠬᠦᠮᠦᠨ ᠲᠠᠢ ᠬᠠᠮᠲᠤ ᠪᠠᠶᠢᠵᠤ᠂ ᠲᠡᠭᠦᠨ ᠠᠴᠠ | ᠰᠤᠷᠤᠯᠴᠠᠬᠤ᠂ ᠢᠨᠢᠶᠡᠬᠦ ᠨᠡᠶᠢᠬᠡᠮᠯᠢᠭ ᠲᠤ ᠣᠷᠤᠯᠴᠠᠬᠤ ᠪᠤᠶᠤ ᠲᠤᠰᠬᠠᠶᠢᠯᠠᠨ ᠬᠡᠳᠦᠭᠦᠯᠡ ᠨᠡᠶᠢᠯᠡᠵᠦ᠂ ᠢᠨᠢᠶᠡᠬᠦ | ᠠᠵᠢᠯ ᠢ ᠦᠷᠨᠢᠭᠦᠯᠬᠦ᠂ ᠦᠪᠡᠷᠲᠡᠭᠡᠨ ᠪᠡᠶ᠎ᠡ ᠪᠠᠨ ᠡᠷᠡᠭᠦᠯᠵᠢᠭᠦᠯᠬᠦ ᠬᠢᠴᠢᠶᠡᠯ ᠢ ᠳᠠᠭᠠᠵᠤ ᠢᠨᠢᠶᠡᠬᠦ ᠳᠤ | ᠵᠣᠷᠢᠭᠤᠯᠤᠭᠰᠠᠨ CD ᠶᠢ ᠰᠤᠨᠤᠰᠬᠤ ᠵᠡᠷᠭᠡ ᠪᠤᠢ᠃ ᠪᠡᠶ᠎ᠡ ᠰᠡᠳᠬᠢᠯ ᠢᠶᠠᠨ ᠲᠠᠶᠢᠪᠤᠩ ᠲᠤᠭᠲᠠᠭᠤᠨ ᠪᠠᠶᠢᠯᠭᠠᠵᠤ᠂ | ᠢᠨᠢᠶᠡᠳᠦ ᠨᠠᠷᠭᠢᠶᠠᠨ ᠲᠠᠢ ᠪᠠᠶᠢᠪᠠᠯ ᠡᠷᠡᠭᠦᠯ ᠡᠩᠬᠡ ᠪᠠᠷ ᠤᠷᠲᠤ ᠨᠠᠰᠤᠯᠠᠵᠤ᠂ ᠤᠳᠠᠭᠠᠨ ᠵᠢᠷᠭᠠᠬᠤ ᠵᠢᠮ᠎ᠡ ᠶᠤᠰᠤ ᠲᠠᠢ | ᠃ | ᠡᠷᠡᠭᠦᠯ ᠮᠡᠨᠳᠦ ᠶᠢᠨ ᠲᠤᠬᠠᠢ ᠰᠤᠷᠭᠠᠯ ᠪᠣᠯ ᠵᠢᠯᠤᠭᠤᠳᠤᠭᠴᠢ᠂ ᠣᠶᠤᠨ ᠤᠬᠠᠭᠠᠨ ᠪᠣᠯ ᠡᠷᠡᠭᠦᠯ ᠮᠡᠨᠳᠦ ᠶᠢᠨ | ᠬᠦᠲᠦᠯᠦᠭᠴᠢ᠂ ᠰᠠᠶᠢᠬᠠᠨ ᠰᠡᠳᠬᠢᠯ ᠪᠣᠯ ᠡᠷᠡᠭᠦᠯ ᠮᠡᠨᠳᠦ ᠶᠢᠨ ᠰᠠᠭᠤᠷᠢ᠂ ᠪᠠᠶᠢᠭᠠᠯᠢ ᠡᠬᠡ ᠪᠣᠯ ᠡᠷᠡᠭᠦᠯ ᠮᠡᠨᠳᠦ ᠶᠢᠨ | ᠦᠯᠦᠭᠡᠢ᠂ ᠵᠣᠬᠢᠰᠲᠠᠢ ᠬᠤᠭᠤᠯᠠ ᠤᠮᠳᠠᠭᠠᠨ ᠪᠣᠯ ᠡᠷᠡᠭᠦᠯ ᠮᠡᠨᠳᠦ ᠶᠢᠨ ᠪᠠᠲᠤᠯᠠᠭ᠎ᠠ᠂ ᠬᠦᠳᠡᠯᠭᠡᠭᠡᠨ ᠪᠣᠯ ᠡᠷᠡᠭᠦᠯ | ᠮᠡᠨᠳᠦ ᠶᠢᠨ ᠬᠦᠷᠦᠩᠭᠡ ᠣᠷᠤᠭᠤᠯᠤᠯᠲᠠ᠂ ᠡᠪᠡᠳᠴᠢᠨ ᠪᠣᠯ ᠠᠮᠢᠳᠤᠷᠠᠯ ᠤᠨ ᠵᠣᠬᠢᠰ ᠦᠭᠡᠢ ᠬᠡᠯᠪᠡᠷᠢ ᠶᠢᠨ ᠦᠷᠢ ᠶᠢᠨ | ᠪᠠᠩᠬᠢ᠂ ᠪᠡᠶ᠎ᠡ ᠪᠠᠨ ᠳᠠᠶᠢᠴᠢᠯᠠᠬᠤ ᠨᠢ ᠦᠷᠢ ᠠᠴᠠ ᠭᠠᠷᠬᠤ ᠶᠢᠨ ᠴᠣᠷ ᠤᠨ ᠭᠠᠭᠴᠠ ᠠᠷᠭ᠎ᠠ ᠵᠠᠮ᠃ ᠬᠦᠮᠦᠨ ᠪᠦᠷᠢ | ᠡᠷᠡᠭᠦᠯ ᠮᠡᠨᠳᠦ ᠶᠢᠨ ᠲᠦᠯᠬᠢᠭᠦᠷ ᠢᠶᠠᠨ ᠭᠠᠷ ᠲᠠᠭᠠᠨ ᠠᠳᠬᠤᠵᠤ ᠪᠠᠶᠢᠨ᠎ᠠ᠃ ᠦᠪᠡᠷ ᠤᠨ ᠪᠡᠶ᠎ᠡ ᠪᠠᠨ ᠵᠦᠪ ᠠᠪᠴᠤ | ᠶᠠᠪᠤᠵᠤ ᠴᠢᠳᠠᠪᠠᠯ ᠨᠢᠭᠡ ᠭᠡᠷ ᠪᠦᠯᠢ ᠶᠢ ᠵᠦᠪ ᠠᠪᠴᠤ ᠶᠠᠪᠤᠵᠤ ᠴᠢᠳᠠᠨ᠎ᠠ᠃ ᠦᠪᠡᠷ ᠤᠨ ᠪᠡᠶ᠎ᠡ ᠪᠠᠨ ᠵᠦᠪ ᠲᠠᠨᠢᠨ᠂ | ᠵᠦᠪ ᠬᠤᠭᠤᠯᠠᠯᠠᠬᠤ᠂ ᠵᠦᠪ ᠰᠡᠳᠬᠢᠴᠡ᠂ ᠵᠦᠪ ᠬᠦᠳᠡᠯᠭᠡᠭᠡᠨ᠂ ᠦᠪᠡᠷᠲᠡᠭᠡᠨ ᠪᠡᠶ᠎ᠡ ᠪᠠᠨ ᠡᠷᠡᠭᠦᠯᠵᠢᠭᠦᠯᠬᠦ ᠠᠷᠭ᠎ᠠ᠂ | ᠢᠨᠢᠶᠡᠬᠦ ᠶᠢᠨ ᠠᠴᠢ ᠲᠤᠰᠠ ᠵᠡᠷᠭᠡ 6 ᠵᠦᠢᠯ ᠢ ᠵᠦᠪ ᠡᠵᠡᠮᠰᠢᠵᠦ ᠴᠢᠳᠠᠪᠠᠯ ᠡᠷᠡᠭᠦᠯ ᠪᠠᠶᠢᠵᠤ᠂ ᠡᠪᠡᠳᠴᠢᠨ ᠲᠠᠢ | ᠪᠠᠶᠢᠭᠰᠠᠨ ᠴᠤ ᠮᠠᠰᠢ ᠬᠤᠷᠳᠤᠨ ᠡᠳᠡᠭᠡᠷᠡᠵᠦ ᠪᠤᠯᠤᠨ᠎ᠠ᠃ ᠭᠤᠶᠤ ᠰᠠᠶᠢᠬᠠᠨ ᠬᠦᠰᠡᠯ ᠡᠷᠡᠮᠡᠯᠵᠡᠯ᠂ ᠰᠡᠷᠭᠡᠭ ᠣᠶᠤᠨ | ᠤᠬᠠᠭᠠᠨ᠂ ᠡᠷᠡᠭᠦᠯ ᠤᠬᠠᠭᠠᠯᠢᠭ ᠤᠭᠤᠷᠠᠭ ᠲᠠᠷᠢᠬᠢ᠂ ᠡᠷᠡᠭᠦᠯ ᠴᠢᠭᠢᠷᠠᠭ ᠪᠡᠶ᠎ᠡ ᠰᠡᠳᠬᠢᠯ ᠲᠠᠨ ᠢ ᠬᠦᠯᠢᠶᠡᠵᠦ | ᠪᠠᠶᠢᠨ᠎ᠠ᠂ ᠰᠠᠶᠢᠨ ᠰᠠᠶᠢᠬᠠᠨ ᠠᠮᠢᠳᠦᠷᠠᠯ ᠢᠶᠠᠨ ᠣᠳᠤ ᠠᠴᠠ ᠡᠬᠢᠯᠡ︕ | |