ᠲᠢᠶᠠᠨᠴᠢ ᠶᠢᠨ ᠭᠤᠤ ᠶᠢᠨ ᠲᠤᠮᠤᠭ
ᠨᠡᠶᠢᠲᠡᠯᠡᠭᠰᠡᠨ ᠴᠠᠭ᠄
2023/10/18
     ᠲᠢᠶᠠᠨᠴᠢ ᠶᠢᠨ ᠭᠤᠤ ᠪᠤᠯ ᠭᠦᠷᠢᠶ᠎ᠡ ᠬᠤᠰᠢᠭᠤᠨ ᠤ ᠶᠢᠰᠦᠨ ᠮᠢᠩᠭ᠎ᠠ ᠶᠢᠰᠦᠨ ᠵᠠᠭᠤ ᠶᠡᠷᠡ ᠶᠢᠰᠦᠨ ᠭᠤᠤ  ᠶᠢᠨ ᠲᠦᠯᠦᠬᠡᠯᠡᠭᠴᠢ ᠴᠢᠨᠠᠷ ᠲᠠᠢ ᠭᠤᠤ ᠶᠢᠨ ᠨᠢᠬᠡ ᠨᠢ ᠪᠤᠯᠤᠨ᠎ᠠ᠃ ᠲᠡᠷᠡ ᠨᠢ ᠭᠦᠷᠢᠶ᠎ᠡ ᠬᠤᠰᠢᠭᠤᠨ ᠤ ᠭᠦᠷᠢᠶ᠎ᠡ ᠪᠠᠯᠭᠠᠰᠤᠨ ᠤ ᠵᠡᠭᠦᠨ ᠬᠤᠶᠢᠳᠦ ᠲᠠᠯ᠎ᠠ ᠪᠠᠷ ᠪᠠᠶᠢᠷᠢᠯᠠᠵᠦ᠂ ᠶᠡᠭᠡ ᠲᠦᠯᠦᠪ ᠪᠠᠷᠠᠭᠤᠨ ᠬᠤᠶᠢᠨ᠎ᠠ ᠵᠡᠭᠦᠨ ᠡᠮᠦᠨ᠎ᠡ ᠴᠢᠭᠯᠡᠯ ᠲᠠᠢ ᠶᠡᠭᠡ ᠭᠤᠤ ᠪᠤᠯᠤᠨ᠎ᠠ᠃ ᠲᠤᠰ ᠭᠤᠤ ᠨᠢ ᠤᠷᠭᠤᠮᠠᠯ ᠬᠤᠴᠢᠯᠭ᠎ᠠ ᠢᠭ᠌ᠴᠦ ᠰᠠᠬᠤᠯᠢᠭ᠂ ᠵᠢᠯ ᠤᠨ ᠲᠦᠷᠪᠡᠨ ᠤᠯᠠᠷᠢᠯ ᠳᠤ ᠤᠷᠬᠢᠯᠵᠦ ᠪᠠᠶᠢᠭ᠎ᠠ ᠪᠤᠯᠠᠭ ᠲᠠᠢ ᠲᠤᠯᠠ ᠠᠯᠢ ᠡᠷᠳᠡ ᠳᠡᠭᠡᠨ ᠦᠨᠡᠭᠡ ᠴᠢᠨ᠋ᠸ᠎ᠠ᠂ ᠪᠤᠭᠤ ᠰᠤᠭᠤ᠂ ᠬᠡᠬᠡᠷ᠎ᠡ ᠶᠢᠨ ᠭᠠᠭ᠋ᠠᠢ ᠭᠦᠷᠳᠡᠯ᠎ᠡ ᠪᠠᠶᠢᠭᠰᠠᠨ ᠪᠦᠬᠡᠳ ᠤᠳᠦ ᠪᠤᠯᠬᠤ ᠳᠤ ᠬᠡᠬᠡᠷ᠎ᠡ ᠶᠢᠨ ᠠᠮᠢᠳᠠᠨ᠂ ᠵᠢᠭᠦᠷᠳᠡᠨ ᠰᠢᠪᠠᠭᠤᠳ ᠤᠨ ᠵᠢᠷᠭᠠᠯ ᠤᠨ ᠤᠷᠤᠨ ᠪᠤᠯᠵᠠᠢ᠃ ᠭᠤᠤ ᠶᠢᠨ ᠦᠷᠬᠡᠨ ᠨᠢ ᠪᠠᠷᠤᠭ ᠨᠢᠬᠡ ᠭᠠᠵᠠᠷ᠂ ᠤᠷᠳᠦ ᠨᠢ ᠠᠷᠪᠠᠨ ᠭᠠᠵᠠᠷ ᠪᠠᠶᠢᠳᠠᠭ᠃ ᠲᠡᠬᠡᠭᠦ ᠳᠡᠭᠡᠨ ᠲᠢᠶᠠᠨᠴᠢ ᠶᠢᠨ ᠭᠤᠤ ᠪᠤᠯ ᠭᠦᠷᠢᠶ᠎ᠡ ᠬᠤᠰᠢᠭᠤ ᠪᠤᠢ ᠪᠤᠯᠬᠤ  ᠲᠠᠢ ᠰᠢᠭᠤᠳ ᠬᠤᠯᠪᠤᠭᠳᠠᠬᠤ ᠲᠤᠮᠤᠭ ᠲᠠᠢ ᠭᠤᠤ ᠪᠠᠶᠢᠵᠦ᠂ ᠮᠦᠨ ᠴᠦ ᠦᠨᠦᠴᠢᠨ ᠭᠠᠭᠴᠠ ᠡᠷᠦᠬᠡ ᠰᠠᠭᠤᠵᠦ ᠤᠳᠤᠭ᠎ᠠ ᠰᠤᠭᠤᠨᠠᠭᠯᠠᠭᠤᠯᠳᠠᠭ ᠲᠤᠯᠠ ᠭᠠᠭᠴᠠ ᠬᠤᠶᠠᠷ ᠭᠦᠮᠦᠨ ᠠᠶᠦᠵᠦ ᠤᠷᠤᠳᠠᠭ ᠦᠬᠡᠢ ᠶᠤᠮ᠃ ᠲᠢᠶᠠᠨᠴᠢ  ᠶᠢᠨ ᠭᠤᠤ ᠶᠢᠨ ᠲᠤᠬᠠᠢ ᠲᠤᠮᠤᠭ ᠤᠯᠠᠨ ᠤᠯᠠᠨ ᠪᠠᠶᠢᠳᠠᠭ ᠴᠦ ᠠᠳᠠ ᠨᠢᠬᠡ ᠶᠢ ᠰᠤᠩᠭᠤᠵᠦ ᠰᠤᠨᠢᠷᠬᠠᠭᠤᠯᠤᠶ᠎ᠠ᠃     ᠡᠷᠳᠡ ᠤᠷᠢᠳᠦ ᠶᠢᠨ ᠴᠠᠭ ᠲᠤ᠂ ᠽᠦᠩᠺᠠᠸ᠎ᠠ ᠪᠤᠷᠬᠠᠨ ᠵᠡᠭᠦᠨ ᠭᠠᠵᠠᠷ ᠱᠠᠰᠢᠨ ᠤ ᠶᠤᠰᠤ ᠶᠢ ᠤᠯᠠᠮᠵᠢᠯᠠᠬᠤ  ᠪᠠᠷ ᠱᠠᠪᠢ ᠨᠠᠷ ᠤᠨ ᠲᠤᠳᠤᠷ᠎ᠠ ᠠᠴᠠ ᠪᠠᠨ ᠰᠤᠩᠭᠤᠭᠰᠠᠭᠠᠷ ᠪᠠᠶᠢᠵᠦ᠂ ᠠᠷᠪᠠᠨ ᠲᠠᠪᠤᠳᠠᠢ ᠨᠢᠬᠡᠨ ᠱᠠᠪᠢ ᠪᠠᠨ ᠲᠤᠮᠢᠯᠠᠬᠤ ᠪᠠᠷ ᠪᠤᠯᠵᠠᠢ᠃ ᠱᠠᠪᠢ ᠪᠠᠨ ᠮᠤᠷᠳᠠᠬᠤ ᠦᠶ᠎ᠡ ᠳᠤ᠂ ︽ᠴᠢᠨᠦ ᠤᠴᠢᠬᠤ ᠭᠠᠵᠠᠷ ᠪᠤᠯ ᠠᠷᠵᠠᠭ ᠮᠠᠩᠭᠤᠰ ᠲᠠᠷᠤᠭᠳᠠᠭᠠᠳ ᠤᠳᠠᠭᠠᠳᠤᠢ᠂ ᠠᠷᠠᠳ ᠢᠷᠬᠡᠳ ᠨᠢ ᠲᠡᠭᠷᠢ ᠪᠤᠷᠬᠠᠨ ᠳᠤ ᠰᠦᠰᠦᠭᠯᠡᠯᠳᠠᠢ ᠲᠤᠯᠠ ᠱᠠᠰᠢᠨ ᠶᠤᠰᠤ ᠶᠢ ᠲᠡᠯᠬᠡᠷᠡᠭᠦᠯᠭᠦ ᠰᠠᠶᠢᠬᠠᠨ ᠤᠷᠤᠨ ᠶᠤᠮ᠃ ᠲᠠᠨᠳᠠ ᠨᠤᠮ ᠤᠨ ᠶᠤᠰᠤ ᠶᠢ ᠰᠦᠰᠦᠭᠯᠡᠨ ᠭᠦᠢᠴᠡᠳᠬᠡᠵᠦ ᠡᠷᠳᠡᠮᠳᠡᠨ ᠱᠠᠪᠢ ᠭᠦᠮᠦᠵᠢᠭᠦᠯᠦᠨ ᠡᠭᠦᠷᠢᠳᠠ ᠨᠤᠳᠤᠭᠰᠢᠬᠤ ᠬᠡᠷᠡᠭᠳᠡᠢ᠂ ᠵᠠᠮ ᠭᠤᠳᠤᠰ ᠲᠤ ᠴᠢᠨᠢ ᠦᠭᠢᠨ ᠲᠡᠭᠷᠢ ᠵᠠᠮ ᠤᠳᠤᠷᠢᠳᠤᠨ᠎ᠠ︾ ᠬᠡᠵᠦ ᠵᠠᠬᠢᠵᠠᠢ᠃ ᠪᠢᠴᠢᠬᠠᠨ ᠱᠠᠪᠢ ᠨᠢ ᠵᠡᠭᠦᠨ ᠵᠦᠭ ᠭᠤᠷᠪᠠᠨ ᠵᠢᠯ ᠪᠠᠳᠢᠷᠴᠢᠯᠠᠨ ᠶᠠᠪᠤᠵᠦ᠂ ᠨᠢᠬᠡᠨ ᠡᠳᠦᠷ ᠭᠦᠪᠡᠭᠡ ᠬᠢᠵᠠᠭᠠᠷ ᠨᠢ ᠦᠵᠡᠭᠳᠡᠭᠦ ᠦᠬᠡᠢ ᠡᠯᠡᠰᠦᠨ ᠴᠦᠯ ᠳᠤ ᠤᠷᠤᠵᠦ ᠬᠤᠭᠤᠯᠠ ᠤᠮᠳᠠ ᠲᠠᠰᠤᠷᠠᠨ᠂ ᠬᠤᠭᠤᠯᠠᠢ ᠠᠮᠠ ᠨᠢ ᠬᠠᠳᠠᠭᠠᠳ ᠨᠢᠬᠡ ᠠᠯᠬᠤᠮ ᠴᠦ ᠶᠠᠪᠤᠵᠦ ᠲᠠᠶᠢᠯᠭᠦ ᠦᠬᠡᠢ ᠪᠤᠯᠪᠠ᠃ ᠦᠳᠡᠰᠢ ᠶᠢᠨ ᠭᠦᠨ ᠳᠤ ᠬᠡᠨᠡᠳᠳᠠ ᠵᠢᠵᠢᠭ ᠬᠡᠷᠡᠯ ᠬᠠᠷᠠᠭᠳᠠᠬᠤ ᠳᠤ᠂ ᠠᠶᠢᠯ ᠡᠷᠦᠬᠡ ᠪᠠᠶᠢᠬᠤ ᠶᠤᠮ ᠪᠠᠶᠢᠨ᠎ᠠ ᠬᠡᠵᠦ ᠲᠡᠷᠡ ᠵᠦᠭ ᠮᠦᠯᠭᠦᠵᠦ ᠶᠤᠭᠤᠭᠰᠠᠭᠠᠷ ᠭᠦᠷᠪᠡᠯ ᠬᠠᠷᠢᠨ ᠮᠠᠩᠬᠠᠨ ᠬᠤᠳᠤᠭᠤᠷ ᠤᠨ ᠵᠢᠵᠢᠭ ᠬᠤᠩᠬᠢᠯ ᠳᠤ ᠲᠤᠨᠤᠭᠰᠠᠨ ᠤᠰᠤᠨ᠎ᠠ ᠲᠤᠰᠤᠭᠰᠠᠨ ᠤᠳᠤᠨ ᠤ ᠬᠡᠷᠡᠯ ᠪᠠᠶᠢᠯ᠎ᠠ᠃ ᠲᠡᠷᠡ ᠪᠢᠳᠡᠭᠦᠯᠡᠨ ᠠᠪᠴᠦ ᠴᠠᠳᠳᠠᠯ᠎ᠠ ᠤᠤᠭᠤᠭᠰᠠᠨ ᠴᠢᠨᠢ ᠴᠠᠩᠭᠠᠭ᠎ᠠ ᠲᠠᠶᠢᠯᠤᠭᠳᠠᠵᠦ ᠪᠡᠶ᠎ᠡ ᠨᠢ ᠭᠦᠩᠬᠡᠷᠡᠪᠡ᠃ ᠲᠡᠷᠡ ᠲᠤᠩ ᠪᠠᠶᠠᠷᠯᠠᠵᠦ ᠵᠠᠮ ᠭᠤᠳᠤᠰ ᠲᠠᠭᠠᠨ ᠤᠤᠭᠤᠶ᠎ᠠ ᠬᠡᠮᠡᠨ ᠤᠰᠤᠨ ᠬᠠᠪᠳᠠᠭ᠎ᠠ ᠪᠠᠨ ᠭᠠᠷᠭᠠᠵᠦ ᠪᠠᠭᠪᠤᠷ ᠠᠶᠠᠭ᠎ᠠ ᠪᠠᠷ ᠢᠶᠠᠨ ᠲᠦᠷᠪᠡᠨ ᠬᠤᠩᠬᠢᠯ ᠤᠨ ᠤᠰᠦ ᠶᠢ ᠰᠢᠷᠬᠢᠳᠡᠯ᠎ᠡ ᠤᠳᠬᠤᠭᠠᠳ ᠰᠠᠶ᠋ᠢ ᠬᠠᠭᠠᠰ ᠠᠶᠠᠭ᠎ᠠ ᠯᠠ ᠤᠯᠤᠭᠠᠳ ᠲᠠᠬᠢᠨ ᠤᠰᠤ ᠭᠠᠷᠤᠭᠰᠠᠨ ᠪᠤᠯᠪᠠ ᠤᠤ ᠬᠡᠵᠦ ᠰᠠᠶᠢᠳᠦᠷ ᠯᠠᠪᠯᠠᠨ ᠦᠵᠡᠪᠡᠯ ᠡᠨᠡ ᠬᠤᠩᠬᠢᠯ  ᠨᠢ ᠮᠤᠷᠢᠨ ᠤ ᠮᠦᠷ ᠠᠴᠠ ᠪᠠᠭ᠎ᠠ ᠰᠢᠭ᠋ ᠲᠤᠭᠤᠷᠠᠢ ᠶᠢᠨ ᠤᠷᠤᠮ ᠪᠠᠶᠢᠯ᠎ᠠ᠃     ᠪᠢᠴᠢᠬᠠᠨ ᠯᠠᠮᠠ ᠰᠡᠬᠡᠰᠬᠢᠵᠦ ︽ᠦᠬᠢᠨ ᠲᠡᠭᠷᠢ ᠪᠤᠯ ᠭᠤᠷᠪᠠᠨ ᠨᠢᠳᠦᠳᠠᠢ ᠬᠠᠷ᠎ᠠ ᠯᠠᠭᠤᠰᠠ ᠭᠦᠯᠬᠡᠯᠡᠵᠦ ᠶᠠᠪᠤᠳᠠᠭ ᠬᠡᠵᠦ ᠪᠠᠭᠰᠢ ᠮᠢᠨᠢ ᠰᠤᠷᠭᠠᠭᠰᠠᠨ ᠪᠢᠯᠡ᠂ ᠯᠠᠪ ᠮᠢᠨᠤ ᠡᠮᠦᠨ᠎ᠡ ᠵᠠᠮ ᠲᠠᠭᠠᠭᠤᠯᠵᠦ ᠪᠠᠶᠢᠨ᠎ᠠ︾ ᠬᠡᠮᠡᠨ ᠪᠤᠳᠤᠭᠠᠳ ᠮᠠᠩᠬᠠᠨ ᠤᠷᠤᠢ ᠳᠤ ᠮᠠᠴᠤᠨ ᠭᠠᠷᠴᠦ ᠡᠶᠢᠰᠢ ᠲᠠᠶᠢᠰᠢ ᠠᠵᠢᠭᠯᠠᠪᠠᠯ ᠲᠠᠮᠠᠢ ᠬᠤᠯᠠ ᠦᠬᠡᠢ ᠭᠠᠵᠠᠷ ᠬᠡᠷᠡᠯ ᠰᠠᠴᠤᠷᠠᠨ ᠬᠠᠷᠠᠭᠳᠠᠨ᠎ᠠ᠃ ᠲᠡᠷᠡ ᠮᠠᠰᠢ ᠪᠠᠶᠠᠷᠯᠠᠵᠦ ᠬᠡᠷᠡᠯ ᠢ ᠲᠠᠭᠠᠵᠦ ᠭᠦᠶᠦᠭᠰᠡᠬᠡᠷ ᠤᠶᠢᠷᠠᠳᠤᠪᠠᠯ ᠦᠨᠡᠬᠡᠷ ᠦᠭᠢᠨ ᠲᠡᠭᠷᠢ ᠮᠦᠨ ᠪᠦᠬᠡᠳ ᠲᠡᠷᠡ ᠭᠦ ᠬᠡᠷᠡᠯ ᠨᠢ ᠯᠠᠭᠤᠰᠠ ᠶᠢᠨ ᠰᠡᠭᠦᠯ ᠤᠨ ᠤᠭ ᠤᠨ ᠲᠡᠭᠷᠢ ᠶᠢᠨ ᠨᠢᠳᠦ ᠪᠠᠶᠢᠯ᠎ᠠ᠃ ᠵᠢᠭᠠᠯ ᠯᠠᠮᠠ ᠲᠠᠷᠤᠢ ᠲᠦᠷᠬᠡᠨ ᠰᠦᠭᠦᠳᠴᠦ᠄ ︽ᠪᠤᠷᠬᠠᠨ ᠪᠠᠭᠰᠢ ᠲᠠᠢ ᠤᠷᠤᠢ ᠵᠤᠯᠭᠠᠭᠰᠠᠨ ᠢ ᠠᠭᠤᠴᠢᠯᠠᠮᠤ︾ ᠬᠡᠵᠦ ᠮᠦᠷᠭᠦᠭᠦ ᠳᠤ ᠦᠬᠢᠨ ᠲᠡᠭᠷᠢ ᠭᠦᠯᠦᠭ ᠢᠶᠠᠨ ᠵᠤᠭᠰᠤᠭᠠᠵᠦ᠄ ︽ᠭᠦᠷᠭᠦ ᠭᠠᠵᠠᠷ ᠴᠢᠨᠢ ᠬᠤᠯᠠ ᠦᠬᠡᠢ ᠪᠤᠯᠪᠠ᠂ ᠠᠳᠠ ᠠᠴᠠ ᠵᠡᠭᠦᠨ ᠡᠮᠦᠨᠡᠰᠢ  ᠶᠠᠪᠤᠪᠠᠯ ᠠᠷᠦ ᠲᠠᠯ᠎ᠠ   ᠳᠠᠭᠠᠨ ᠠᠷᠴᠠ ᠽᠠᠨᠳᠠᠨ  ᠪᠦᠷᠭᠦᠭᠰᠡᠨ ᠰᠠᠶᠢᠬᠠᠨ ᠠᠭᠤᠯᠠ   ᠲᠠᠢ᠂ ᠡᠮᠦᠨ᠎ᠡ ᠪᠡᠶ᠎ᠡ ᠳᠡᠭᠡᠨ ᠡᠪᠡᠰᠦ ᠪᠡᠯᠴᠢᠬᠡᠷ ᠰᠠᠬᠤᠯᠢᠭ ᠦᠷᠬᠡᠨ ᠰᠢᠯᠢ ᠲᠠᠢ᠂ ᠠᠯᠳᠠᠨ ᠰᠢᠷ᠎ᠠ ᠡᠷᠬᠢ ᠲᠠᠢ ᠤᠩᠭᠤᠴᠠ ᠬᠡᠮᠡᠷᠬᠡᠨ ᠭᠠᠩᠭ᠎ᠠ ᠪᠠᠶᠢᠬᠤ ᠶᠤᠮ᠂ ᠲᠡᠨᠳᠠ ᠮᠠᠩᠵᠠᠨ ᠲᠤᠭᠤᠭ᠎ᠠ ᠪᠠᠷ ᠮᠠᠩᠭᠤᠰ ᠤᠨ ᠲᠤᠯᠤᠭᠠᠢ ᠶᠢ ᠭᠦᠮᠦᠷᠢᠵᠦ ᠲᠠᠯᠪᠢᠭᠰᠠᠨ ᠲᠤᠯᠠ ᠭᠦᠮᠦᠰ ᠲᠡᠬᠡᠷ᠎ᠡ ᠨᠢ ᠰᠦᠮ᠎ᠡ ᠴᠤᠭᠴᠠᠯᠠᠭᠠᠳ ᠪᠤᠢ᠂ ᠲᠡᠷᠡ ᠪᠤᠯ ᠴᠢᠨᠦ ᠦᠨᠢᠳᠠ ᠰᠠᠭᠤᠬᠤ ᠤᠷᠤᠨ ᠶᠤᠮ᠃ ᠬᠡᠪᠡᠴᠦ ᠮᠠᠩᠭᠤᠰ ᠤᠨ ᠰᠡᠭᠦᠯ ᠨᠢ ᠦᠭᠦᠬᠡᠳᠦᠢ᠂ ᠴᠢ ᠲᠡᠨᠳᠠ ᠭᠦᠷᠦᠮᠡᠭᠴᠡ ᠮᠠᠩᠭᠤᠰ  ᠤᠨ ᠰᠡᠭᠦᠯ ᠲᠡᠬᠡᠷ᠎ᠡ ᠲᠦᠴᠢ ᠶᠢᠰᠦᠨ ᠬᠤᠨᠤᠭ ᠪᠤᠷᠬᠠᠨ ᠤ ᠨᠤᠮ ᠢ ᠪᠢᠰᠢᠯᠭᠠᠭᠳᠤᠨ᠂ ᠢᠩᠬᠢᠪᠠᠯ ᠲᠡᠷᠡ ᠭᠠᠵᠠᠷ ᠦᠨᠢᠳᠠ ᠡᠩᠬᠡ ᠠᠮᠤᠭᠤᠯᠠᠩ ᠪᠤᠯᠤᠨ᠎ᠠ᠂ ᠬᠤᠵᠢᠮ ᠭᠠᠴᠢᠭᠳᠠᠯ ᠲᠤᠯᠭᠠᠷᠠᠪᠠᠯ ᠡᠭᠦᠨ ᠢ ᠵᠠᠳᠠᠯᠵᠦ ᠦᠵᠡᠭᠳᠦᠨ︾ ᠬᠡᠵᠦ ᠨᠢᠬᠡᠨ ᠰᠢᠷ᠎ᠠ ᠪᠠᠭᠯᠠᠭ᠎ᠠ ᠶᠢ ᠭᠠᠷᠳᠠᠭᠤᠯᠤᠮᠠᠭᠴᠠ ᠭᠦᠯᠦᠭ ᠡᠵᠡᠨ ᠲᠠᠢ ᠪᠠᠨ ᠠᠯᠠᠭ᠎ᠠ ᠪᠤᠯᠵᠠᠢ᠃     ᠪᠢᠴᠢᠬᠠᠨ ᠯᠠᠮᠠ᠂ ᠵᠢᠭᠠᠭᠰᠠᠨ  ᠶᠤᠰᠤᠭᠠᠷ   ᠨᠢ ᠵᠠᠮᠨᠠᠭᠠᠳ ᠦᠨᠡᠬᠡᠷ  ᠠᠭᠤᠯᠠ ᠠᠷᠤᠤᠬᠠᠨ  ᠂ ᠤᠰᠤᠨ  ᠲᠤᠩᠭᠠᠯᠠᠭ᠂ ᠠᠭᠯᠠᠭ ᠤᠢ ᠪᠦᠷᠭᠦᠵᠦ ᠠᠮᠢᠳᠠᠨ ᠵᠢᠭᠦᠷᠳᠡᠨ ᠰᠦᠯᠵᠢᠯᠳᠦᠭᠰᠡᠨ ᠠᠷᠰᠢ ᠶᠢᠨ ᠤᠷᠤᠨ ᠮᠠᠳᠦ ᠭᠠᠩᠭ᠎ᠠ ᠲᠤᠳᠤᠷ᠎ᠠ ᠠᠴᠠ ᠤᠨᠴᠠ ᠰᠠᠶᠢᠬᠠᠨ ᠪᠠᠷᠢᠯᠭ᠎ᠠ ᠲᠠᠢ ᠦᠬᠢᠨ ᠲᠡᠭᠷᠢ ᠶᠢᠨ ᠰᠦᠮ᠎ᠡ ᠶᠢ ᠤᠯᠵᠦ ᠠᠪᠴᠠᠢ᠃ ᠬᠡᠪᠡᠴᠦ ᠨᠤᠮ ᠪᠢᠰᠢᠯᠭᠠᠬᠤ ᠭᠠᠵᠠᠷ ᠢᠶᠠᠨ ᠤᠯᠬᠤ ᠦᠬᠡᠢ ᠶᠢᠰᠦᠨ ᠮᠢᠩᠭ᠎ᠠ ᠶᠢᠰᠦᠨ ᠵᠠᠭᠤ ᠶᠡᠷᠡ ᠶᠢᠰᠦᠨ ᠭᠤᠤ ᠭᠠᠩᠭ᠎ᠠ ᠶᠢ ᠪᠠᠷᠠᠳᠠᠯ᠎ᠠ ᠲᠤᠭᠤᠷᠢᠭᠠᠳ ᠮᠠᠩᠭᠤᠰ ᠤᠨ ᠰᠡᠭᠦᠯ ᠨᠢ ᠬᠠᠮᠢᠭ᠎ᠠ ᠪᠠᠶᠢᠬᠤ ᠶᠢ ᠮᠡᠳᠡᠭᠦ ᠦᠬᠡᠢ ᠭᠠᠴᠢᠭᠳᠠᠬᠤ ᠳᠠᠭᠠᠨ ᠰᠢᠷ᠎ᠠ ᠪᠠᠭᠯᠠᠭ᠎ᠠ ᠶᠢ ᠰᠠᠨᠠᠭᠠᠯᠵᠠᠵᠦ ᠡᠪᠦᠷ ᠠᠴᠠ ᠪᠠᠨ ᠭᠠᠷᠭᠠᠳᠠᠯ᠎ᠠ ᠰᠠᠯᠬᠢ ᠢᠷᠡᠵᠦ ᠬᠡᠶᠢᠰᠬᠡᠨ ᠠᠪᠠᠴᠢᠪᠠ᠃ ᠪᠠᠯᠢᠳᠠᠨ ᠰᠠᠨᠳᠤᠷᠠᠭᠰᠠᠨ ᠯᠠᠮᠠ ᠪᠠᠶᠢᠳᠠᠭ ᠭᠦᠴᠦ ᠪᠠᠷ ᠢᠶᠠᠨ ᠨᠡᠬᠡᠮᠵᠢᠯᠡᠨ ᠪᠠᠶᠢᠳᠠᠯ᠎ᠠ᠂ ᠲᠡᠷᠡ ᠨᠢ ᠭᠦᠨ ᠬᠡᠭᠴᠢ ᠭᠠᠩᠭ᠎ᠠ ᠶᠢᠨ ᠡᠷᠬᠢ ᠶᠢᠨ ᠲᠤᠮᠳᠠ ᠤᠷᠭᠤᠭᠰᠠᠨ ᠵᠢᠵᠢᠭ ᠮᠤᠳᠤᠨ᠎ᠠ ᠲᠤᠷᠪᠠ᠃ ᠪᠢᠴᠢᠬᠠᠨ ᠯᠠᠮᠠ ᠭᠠᠩᠭ᠎ᠠ ᠤᠷᠤᠭᠤ ᠭᠤᠯᠭᠤᠨ ᠤᠷᠤᠪᠠᠯ ᠡᠷᠬᠢ ᠨᠢ ᠠᠰᠬ᠎ᠠ ᠦᠨᠳᠦᠷ ᠲᠤᠯᠠ ᠭᠠᠩᠭ᠎ᠠ ᠶᠢᠨ ᠢᠷᠦᠭᠠᠷ ᠲᠤᠨᠢ ᠤᠨᠠᠴᠢᠬᠠᠪᠠ᠃ ᠲᠡᠷᠡ ᠠᠬᠢᠨ ᠲᠠᠬᠢᠨ ᠮᠠᠴᠤᠵᠦ ᠮᠠᠭᠠᠵᠢᠨ ᠪᠠᠶᠢᠵᠦ ᠰᠠᠶ᠋ᠢ ᠮᠤᠳᠤᠨ ᠰᠠᠯᠠᠭᠠᠨ ᠠᠴᠠ ᠵᠢᠭᠤᠷᠠᠨ ᠪᠠᠭᠯᠠᠭ᠎ᠠ ᠶᠢ ᠠᠪᠴᠦ ᠦᠵᠡᠪᠡᠯ ᠬᠠᠷᠢᠨ ᠦᠬᠢᠨ ᠲᠡᠭᠷᠢ ᠶᠢᠨ ᠭᠦᠷᠦᠭ ᠪᠠᠶᠢᠯ᠎ᠠ᠃ ᠪᠢᠴᠢᠬᠠᠨ ᠯᠠᠮᠠ ᠲᠤᠳᠤᠷ᠎ᠠ ᠪᠠᠨ ︽ᠡᠨᠡ ᠪᠤᠯ ᠮᠢᠨᠤ ᠪᠢᠰᠢᠯᠭᠠᠯ ᠬᠢᠭᠦ ᠭᠠᠵᠠᠷ ᠮᠦᠨ︾ ᠬᠡᠵᠦ ᠰᠡᠳᠬᠢᠬᠡᠳ ᠡᠷᠬᠢ ᠶᠢ ᠨᠦᠬᠡᠯᠡᠨ ᠪᠢᠰᠢᠯᠭᠠᠵᠦ ᠰᠠᠭᠤᠵᠠᠢ᠃     ᠶᠠᠭ ᠡᠨᠡ ᠦᠶ᠎ᠡ ᠳᠤ᠂ ᠮᠠᠨᠵᠦ ᠤᠭᠰᠠᠭᠠᠳᠠᠨ ᠤ ᠲᠦᠷᠦᠭᠦᠦ ᠬᠠᠭᠠᠨ᠂ ᠮᠢᠩᠭᠠᠨ ᠡᠷ᠎ᠡ ᠶᠢ ᠲᠠᠶᠢᠴᠢᠯᠠᠨ ᠠᠷᠪᠠᠨ ᠬᠤᠨᠤᠭ ᠤᠨ ᠠᠪᠠ ᠲᠠᠯᠪᠢᠭᠠᠳ᠂ ᠡᠨᠡ ᠤᠷᠴᠢᠮ ᠭᠦᠷᠴᠦ ᠢᠷᠡᠭᠦᠯᠡᠷ ᠲᠤᠭᠠᠯᠠᠰᠢ ᠦᠬᠡᠢ ᠠᠩ ᠠᠷᠢᠶᠠᠳᠠᠨ ᠪᠠᠶᠢᠪᠠᠴᠦ ᠰᠢᠳᠠᠮ᠂ ᠵᠡᠪᠡ ᠳᠤ ᠤᠨᠤᠭᠳᠠᠬᠤ ᠦᠬᠡᠢ᠂ ᠰᠢᠪᠠᠭᠤ ︵ᠬᠠᠷᠴᠠᠭᠠᠢ︶ ᠨᠤᠬᠠᠢ ᠳᠤ ᠪᠠᠷᠢᠭᠳᠠᠬᠤ ᠦᠬᠡᠢ ᠲᠤᠯᠠ ᠬᠤᠶᠠᠷ ᠡᠳᠦᠷ ᠠᠩᠨᠠᠭᠠᠳ ᠦᠨᠦᠴᠢᠨ ᠪᠦᠳᠦᠨ᠎ᠠ ᠴᠦ ᠤᠯᠵᠦ ᠠᠯᠠᠭᠰᠠᠨ ᠦᠬᠡᠢ ᠮᠦᠷᠳᠡᠬᠡᠨ ᠦᠯᠦᠰᠴᠦ ᠤᠮᠳᠠᠭᠠᠰᠬᠤ ᠶᠢᠨ ᠲᠦᠢᠯ ᠪᠤᠯᠤᠭᠰᠠᠨ ᠬᠡᠨ᠎ᠡ᠃ ᠮᠠᠨᠵᠦ ᠬᠠᠭᠠᠨ ᠠᠪᠠ ᠶᠢᠨ ᠭᠦᠮᠦᠰ ᠢᠶᠠᠷ ᠢᠶᠠᠨ ᠠᠶᠢᠯ ᠬᠡᠷ ᠡᠷᠢᠭᠦᠯᠵᠦ ᠶᠠᠪᠤᠳᠠᠯ᠎ᠠ ᠬᠠᠭᠠᠨ ᠤ ᠬᠤᠶᠠᠷ ᠵᠠᠷᠤᠴᠠ ᠬᠠᠷᠢᠨ ᠪᠢᠰᠢᠯᠭᠠᠯ ᠬᠢᠵᠦ ᠪᠠᠶᠢᠭᠰᠠᠨ ᠪᠢᠴᠢᠬᠠᠨ ᠯᠠᠮᠠ ᠲᠠᠢ ᠠᠭᠤᠯᠵᠠᠵᠦ ᠬᠤᠶᠠᠭᠤᠯᠠ ᠤᠮᠳᠠ ᠭᠤᠶᠤᠬᠤ ᠳᠤ ᠬᠠᠵᠠᠭᠤ ᠳᠠᠬᠢ ᠬᠠᠭᠠᠰ ᠪᠤᠤᠪᠤ᠂ ᠲᠤᠮᠳᠠᠭᠤᠷ ᠤᠰᠤ ᠲᠠᠢ ᠪᠠᠭᠪᠤᠷ ᠠᠶᠠᠭ᠎ᠠ ᠪᠠᠨ ᠵᠢᠭᠠᠵᠦ ᠦᠭᠴᠠᠢ᠃ ᠲᠠᠳᠠ ᠬᠤᠶᠠᠭᠤᠯᠠ ︽ᠨᠢᠬᠡ ᠭᠦᠮᠦᠨ ᠳᠤ ᠬᠡᠷᠡᠭᠯᠡᠵᠦ ᠭᠦᠢᠴᠡᠭᠦ ᠶᠠᠭᠤᠮ᠎ᠠ ᠪᠠᠷ ᠶᠠᠭᠠᠬᠢᠨ ᠮᠢᠩᠭᠠᠨ ᠠᠩᠴᠢᠨ ᠢ ᠲᠡᠵᠢᠬᠡᠭᠦ ᠪᠤᠢ︖︾ ᠬᠡᠵᠦ ᠡᠮᠢᠶᠡᠵᠦ ᠪᠠᠶᠢᠭᠰᠠᠨ ᠢᠶᠠᠨ ᠶᠠᠭᠤ ᠪᠤᠯᠤᠭᠰᠠᠨ ᠴᠦ ᠤᠷᠢᠳ ᠢᠶᠠᠷ ᠪᠡᠶ᠎ᠡ ᠪᠠᠨ ᠲᠡᠵᠢᠬᠡᠶ᠎ᠡ ᠬᠡᠮᠡᠨ ᠬᠤᠶᠠᠭᠤᠯᠠ ᠪᠠᠨ ᠬᠤᠪᠢᠶᠠᠵᠦ ᠢᠳᠡᠵᠦ ᠤᠤᠭᠤᠬᠤ ᠳᠤ ᠪᠤᠤᠪᠤ᠂ ᠤᠰᠦ  ᠨᠢ ᠲᠡᠷᠡ ᠬᠡᠪ ᠢᠶᠠᠷ ᠢᠶᠠᠨ ᠪᠠᠶᠢᠵᠦ᠂ ᠬᠤᠷᠤᠭᠳᠠᠬᠤ ᠦᠬᠡᠢ ᠲᠤᠯᠠ ᠶᠡᠬᠡᠳᠠ ᠭᠠᠶᠢᠬᠠᠵᠦ ᠪᠠᠶᠠᠷᠯᠠᠨ᠂ ᠲᠡᠷᠡ ᠲᠠᠷᠤᠢ ᠬᠠᠭᠠᠨ ᠳᠠᠭᠠᠨ ᠭᠦᠷᠬᠡᠵᠡᠢ᠃ ᠬᠠᠭᠠᠨ ᠪᠤᠯᠤᠨ ᠮᠢᠩᠭᠠᠨ ᠠᠩᠴᠢᠳ ᠨᠢ ᠬᠡᠷᠡᠭᠰᠡᠬᠡᠳ ᠮᠦᠨ ᠯᠡ ᠪᠠᠷᠠᠭᠰᠠᠨ ᠦᠬᠡᠢ ᠲᠤᠯᠠ ᠬᠠᠭᠠᠨ ᠴᠦ ᠮᠠᠰᠢ ᠰᠤᠨᠢᠷᠬᠠᠵᠦ᠂ ᠲᠠᠷᠠ ᠯᠠᠮᠠ ᠶᠢ ᠦᠵᠡᠶ᠎ᠡ ᠬᠡᠮᠡᠨ ᠬᠠᠳᠤᠨ ᠢᠶᠠᠨ ᠲᠠᠭᠠᠭᠤᠯᠵᠦ ᠪᠤᠤᠪᠤ᠂ ᠤᠰᠦ ᠶᠢ ᠪᠡᠶ᠎ᠡ ᠪᠠᠷ ᠢᠶᠠᠨ ᠭᠦᠷᠬᠡᠵᠦ ᠢᠷᠡᠭᠦ ᠳᠤ᠂ ᠪᠢᠴᠢᠬᠠᠨ ᠯᠠᠮᠠ ᠤᠷᠤᠨ ᠠᠴᠠ ᠪᠠᠨ ᠭᠦᠳᠡᠯᠤᠯ ᠦᠬᠡᠢ ᠦᠬᠡ ᠴᠦ ᠲᠤᠤᠭᠠᠷᠤᠯ ᠦᠬᠡᠢ ᠪᠠᠷ ᠰᠤᠳᠤᠷ ᠤᠨ ᠮᠤᠳᠤᠷ ᠲᠠᠯᠪᠢᠵᠦ ᠦᠭᠭᠦᠬᠡᠳ ︽ᠲᠡᠨᠳᠠ ᠲᠠᠯᠪᠢ︾ ᠬᠡᠭᠦ‍ ᠰᠢᠭ ᠬᠠᠵᠠᠭᠤ ᠲᠡᠶᠢᠰᠢ ᠪᠠᠨ ᠵᠢᠭᠠᠵᠠᠢ᠃ ᠮᠠᠨᠵᠦ ᠬᠠᠭᠠᠨ ᠪᠠᠭ᠋ᠠᠨ ᠠᠭᠤᠷᠯᠠᠭᠰᠠᠨ ᠪᠤᠯᠪᠠᠴᠦ ︽ᠬᠤᠪᠢᠯᠭᠠᠨ ᠤᠮᠳᠠ ᠬᠠᠩᠭᠠᠭᠰᠠᠨ ᠡᠷᠳᠡᠮᠳᠡᠨ ᠯᠠᠮᠠ ᠳᠤ ᠲᠠᠯᠠᠷᠬᠠᠯ᠎ᠠ᠂ ᠡᠷᠬᠢᠨ ᠤ ᠠᠯᠳᠠᠷ ᠨᠠᠷ᠎ᠠ ᠬᠡᠨ ᠬᠡᠳᠡᠭ ᠪᠤᠢ︖︾ ᠬᠡᠵᠦ ᠠᠰᠠᠭᠤᠬᠤ ᠳᠤ ᠪᠢᠴᠢᠬᠠᠨ ᠯᠠᠮᠠ ᠰᠠᠶ᠋ᠢ ᠠᠮᠠ ᠨᠡᠬᠡᠬᠡᠵᠦ᠄ ︽ᠡᠭᠦᠨ ᠢ ᠠᠰᠠᠭᠤᠬᠤ ᠬᠡᠷᠡᠭ ᠦᠬᠡᠢ᠂ ᠬᠤᠷᠳᠤᠨ ᠪᠤᠴᠠᠵᠦ ᠡᠵᠡᠨ ᠬᠠᠭᠠᠨ ᠤ ᠤᠷᠦ ᠡᠵᠡᠯᠡᠭᠦ ᠶᠢ ᠪᠡᠯᠡᠳᠬᠡᠭᠳᠦᠨ︾ ᠬᠡᠵᠦ ᠬᠡᠯᠡᠵᠦ ᠪᠠᠶᠢᠳᠠᠯ᠎ᠠ ᠬᠠᠭᠠᠨ ᠤ ᠬᠠᠳᠤᠨ ᠤᠷᠤᠵᠦ ᠢᠷᠡᠪᠡ᠃ ᠡᠭᠦᠨ ᠳᠤ ᠪᠢᠴᠢᠬᠠᠨ ᠯᠠᠮᠠ ᠰᠠᠨᠳᠤᠷᠤᠨ ᠪᠤᠰᠤᠭᠠᠳ᠂ ᠡᠪᠤᠳᠦᠭ ᠲᠠᠷᠤᠨ ᠵᠤᠯᠭᠠᠬᠤ ᠬᠡᠰᠡᠨ ᠬᠠᠳᠤᠨ ᠤ ᠰᠤᠭᠤ ᠠᠴᠠ ᠡᠷᠭᠦᠵᠦ ᠭᠠᠪᠬ᠎ᠠ ᠮᠤᠳᠤᠷ ︵ᠯᠠᠮᠠ ᠶᠢᠨ ᠭᠦᠨᠳᠦᠳᠬᠡᠨ ᠵᠤᠯᠭᠠᠬᠤ ᠶᠤᠰᠤᠨ︶ ᠲᠠᠯᠪᠢᠭᠰᠠᠨ᠎ᠠ  ᠮᠠᠨᠵᠦ  ᠬᠠᠭᠠᠨ ᠨᠢᠬᠡᠮᠦᠰᠦᠨ ᠠᠭᠤᠷᠯᠠᠵᠦ  ᠄ ︽ᠰᠢᠷ᠎ᠠ  ᠵᠠᠩᠴᠢ ᠨᠦᠮᠦᠷᠦᠭᠰᠡᠨ ᠱᠠᠯᠢᠭ ᠰᠠᠳᠤᠷ ᠲᠠᠮᠰᠢᠭ︕︾ ᠬᠡᠵᠦ ᠬᠠᠷᠢᠶᠠᠪᠠ᠃ ᠪᠢᠴᠢᠬᠠᠨ ᠯᠠᠮᠠ ᠤᠷᠤᠨ ᠳᠠᠭᠠᠨ ᠰᠠᠭᠤᠬᠤ ᠶᠢᠨ ᠲᠠᠭᠠᠤ᠄ ︽ᠨᠢᠭᠦᠯ ᠬᠢᠯᠢᠰ᠂ ᠭᠤᠷᠪᠠᠨ ᠵᠢᠯ ᠤᠨ ᠲᠤᠳᠤᠷ᠎ᠠ ᠬᠠᠳᠤᠨ ᠠᠴᠠ ᠴᠢᠨᠢ ᠤᠯᠤᠰ ᠤᠨ ᠡᠵᠡᠨ ᠮᠠᠨᠳᠤᠯᠠᠨ᠎ᠠ᠂ ᠪᠢ ᠪᠠᠭ᠎ᠠ ᠡᠵᠡᠨ ᠢ ᠭᠦᠨᠳᠦᠯᠡᠭᠰᠡᠨ︾ ᠬᠡᠳ ᠨᠢᠳᠦ ᠪᠠᠨ ᠠᠨᠢᠭᠠᠳ ᠪᠢᠰᠢᠯᠭᠠᠵᠦ ᠡᠬᠢᠯᠡᠪᠡ᠃     ᠮᠠᠨᠵᠦ ᠬᠠᠭᠠᠨ ᠠᠭᠤᠷ ᠢᠶᠠᠨ ᠲᠠᠷᠤᠵᠦ᠄ ︽ᠴᠢ ᠦᠨᠡᠬᠡᠷ ᠮᠡᠷᠬᠡᠨ ᠪᠤᠯ ᠬᠤᠶᠠᠭᠤᠯᠠ ᠮᠠᠯᠵᠢᠶ᠎ᠡ ᠲᠠᠯᠪᠢᠶ᠎ᠡ᠂ ᠬᠡᠤᠬᠡᠨ ᠲᠦᠷᠦᠴᠢᠬᠡᠪᠡᠯ ᠶᠠᠭᠠᠬᠢᠨ᠎ᠠ︖︾ ᠬᠡᠭᠦ ᠳᠤ ᠪᠢᠴᠢᠬᠠᠨ ᠯᠠᠮᠠ ᠲᠤᠯᠤᠭᠠᠢ ᠪᠠᠨ ᠵᠢᠭᠠᠭᠠᠳ᠄ ︽ᠤᠯᠤᠰ ᠤᠨ ᠡᠵᠡᠨ ᠮᠠᠨᠳᠤᠯᠡᠪᠠᠯ ᠴᠢ ᠶᠠᠭᠠᠬᠢᠨ᠎ᠠ︖︾ ᠬᠡᠵᠦ ᠬᠠᠷᠢᠭᠤ ᠠᠰᠠᠭᠤᠪᠠ᠃ ᠮᠠᠨᠵᠦ ᠬᠠᠭᠠᠨ᠄ ︽ᠭᠦᠦ ᠲᠦᠷᠦᠪᠡᠯ ᠪᠢ ᠴᠢᠮ᠎ᠠ ᠳᠤ ᠰᠦᠮ᠎ᠡ ᠰᠤᠪᠤᠷᠭ᠎ᠠ ᠪᠦᠳᠦᠬᠡᠵᠦ ᠦᠭᠭᠦᠶ᠎ᠡ᠂ ᠡᠨᠡ ᠡᠷᠬᠢ ᠶᠢᠨ ᠨᠦᠬᠡᠨ ᠠᠴᠠ ᠲᠡᠬᠡᠷ᠎ᠡ ᠪᠢᠵᠡ︖ ᠤᠯᠤᠰ ᠤᠨ ᠡᠵᠡᠨ ᠰᠠᠭᠤᠪᠠᠯ ᠭᠠᠵᠠᠷ ᠨᠤᠳᠤᠭ ᠬᠤᠪᠢᠶᠠᠵᠦ ᠦᠭᠭᠦᠶ᠎ᠡ᠂ ᠡᠨᠡ ᠬᠠᠪᠴᠢᠯ ᠭᠤᠤ ᠠᠴᠠ ᠰᠠᠶᠢᠨ ᠦᠬᠡᠢ ᠤᠤ︖︾ ᠬᠡᠮᠡᠨ ᠪᠠᠰᠤᠮᠵᠢᠯᠠᠨ ᠬᠡᠯᠡᠭᠦ ᠳᠤ ᠪᠢᠴᠢᠬᠠᠨ ᠯᠠᠮᠠ᠄ ︽ᠲᠠᠶᠢᠮᠦ ᠪᠤᠯᠳᠤᠭᠠᠢ︾ ᠬᠡᠪᠡ᠃     ᠭᠤᠷᠪᠠᠨ ᠵᠢᠯ ᠤᠨ ᠲᠠᠷᠠᠭ᠎ᠠ ᠬᠠᠳᠤᠨ ᠨᠢ ᠦᠨᠡᠬᠡᠷ ᠭᠦᠦ ᠲᠠᠢ ᠪᠤᠯᠤᠭᠰᠠᠨ ᠪᠦᠬᠡᠳ ᠤᠳᠠᠯ ᠦᠬᠡᠢ ᠬᠠᠭᠠᠨ ᠤ ᠰᠢᠷᠡᠬᠡᠨ ᠳᠤ ᠵᠠᠯᠠᠭᠳᠠᠭᠰᠠᠨ ᠲᠤᠯᠠ ᠪᠢᠴᠢᠬᠠᠨ ᠯᠠᠮᠠ ᠶᠢᠨ ᠮᠡᠷᠬᠡᠨ ᠰᠠᠴᠡᠨ ᠢ ᠰᠡᠳᠬᠢᠯ ᠤᠨ ᠤᠭ ᠠᠴᠠ ᠪᠢᠰᠢᠷᠡᠵᠦ᠂ ᠰᠦᠮ᠎ᠡ ᠬᠡᠶᠢᠳ ᠤᠨ ᠵᠠᠷᠤᠳᠠᠯ ᠬᠡᠮᠡᠨ ᠠᠯᠳᠠ ᠮᠦᠩᠭᠦ᠂ ᠲᠤᠷᠭ᠎ᠠ ᠲᠤᠷᠳᠤᠩ᠂ ᠠᠮᠤ ᠲᠤᠰᠤ ᠶᠢ ᠬᠡᠳᠦᠨ ᠲᠡᠷᠬᠡ ᠲᠡᠬᠡᠬᠡᠵᠦ ᠲᠤᠰᠬᠠᠢ ᠡᠯᠴᠢ ᠪᠠᠷ ᠭᠦᠷᠬᠡᠯᠬᠡᠵᠦ ᠪᠠᠰᠠ ᠭᠠᠵᠠᠷ ᠨᠤᠳᠤᠭ ᠬᠤᠪᠢᠶᠠᠵᠦ ᠦᠭᠭᠦᠶ᠎ᠡ᠂ ᠬᠡᠳᠦᠢ ᠭᠠᠵᠠᠷ ᠡᠵᠡᠯᠡᠭᠦ ᠰᠠᠨᠠᠭ᠎ᠠ ᠲᠠᠢ ᠶᠢ ᠨᠢ ᠠᠰᠠᠭᠤᠯᠭᠠᠪᠠ᠃     ᠪᠢᠴᠢᠬᠠᠨ ᠯᠠᠮᠠ ᠢᠷᠡᠭᠰᠡᠨ ᠡᠯᠴᠢ ᠳᠤ᠄ ︽ᠠᠷᠪᠢᠨ ᠭᠠᠵᠠᠷ ᠠᠪᠬᠤ ᠦᠬᠡᠢ᠂ ᠤᠷᠬᠢᠮᠵᠢ ᠶᠢᠨ ᠬᠢᠷᠢ ᠭᠠᠵᠠᠷ ᠤᠯᠵᠦ ᠪᠤᠷᠬᠠᠨ ᠤ ᠨᠤᠮ ᠢ ᠤᠯᠠᠮᠵᠢᠯᠡᠶ᠎ᠡ︾ ᠬᠡᠵᠦ ᠲᠡᠬᠢᠨ᠄ ︽ᠴᠢ ᠡᠨᠡ ᠤᠷᠬᠢᠮᠵᠢ ᠶᠢ ᠲᠠᠭᠠᠵᠦ ᠶᠠᠪᠤᠭᠠᠷᠠᠢ᠂ ᠬᠠᠮᠢᠭ᠎ᠠ ᠭᠦᠷᠭᠦ ᠶᠢ ᠲᠡᠮᠳᠡᠭᠯᠡᠨ ᠢᠷᠡᠳᠦᠬᠡᠢ︾ ᠬᠡᠳ ᠤᠷᠬᠢᠮᠵᠢ ᠪᠠᠨ ᠲᠡᠬᠡᠭᠰᠢ ᠰᠢᠳᠡᠭᠰᠡᠨ ᠳᠤ ᠲᠡᠷᠪᠡᠯᠵᠡᠨ ᠬᠡᠶᠢᠰᠪᠡ ᠬᠡᠨ᠎ᠡ᠃ ᠡᠯᠴᠢ᠂ ᠲᠠᠭᠠᠭᠰᠠᠳ ᠲᠠᠢ ᠪᠠᠨ ᠬᠡᠶᠢᠰᠦᠨ ᠲᠡᠭᠳᠡᠭᠦ ᠤᠷᠬᠢᠮᠵᠢ ᠶᠢ ᠨᠡᠬᠡᠮᠵᠢᠯᠡᠨ ᠭᠤᠷᠪᠠᠳᠤᠭᠠᠷ ᠡᠳᠦᠷ ᠲᠡᠬᠡᠷ᠎ᠡ ᠪᠠᠨ ᠤᠷᠬᠢᠮᠵᠢ ᠶᠢ ᠲᠠᠭᠠᠵᠦ ᠯᠠᠮᠠ ᠶᠢᠨ ᠲᠡᠷᠬᠡᠳᠠ ᠪᠤᠴᠠᠨ ᠢᠷᠡᠵᠦ ᠵᠤᠯᠭᠠᠬᠤ ᠳᠤ ᠪᠢᠴᠢᠬᠠᠨ ᠯᠠᠮᠠ ᠲᠡᠮᠳᠡᠭᠯᠡᠵᠦ ᠠᠪᠤᠭᠰᠠᠨ ᠢᠶᠠᠨ ᠬᠠᠭᠠᠨ ᠳᠠᠭᠠᠨ ᠦᠵᠡᠭᠦᠯᠦᠬᠡᠷᠡᠢ ᠬᠡᠵᠡᠢ᠃ ᠪᠠᠭ᠎ᠠ ᠡᠵᠡᠨ᠂ ᠬᠠᠭᠠᠨ ᠤ ᠠᠶᠢᠯᠠᠳᠬᠠᠯ ᠶᠤᠰᠤᠭᠠᠷ ᠪᠢᠴᠢᠬᠠᠨ ᠯᠠᠮᠠ ᠶᠢ ︽ᠮᠠᠨᠽᠤᠰᠢᠷᠢ ᠶᠢᠨ ᠬᠤᠪᠢᠯᠭᠠᠨ ᠬᠤᠳᠤᠭᠳᠦ︾ ᠬᠡᠮᠡᠨ ᠴᠤᠯᠠᠯᠠᠵᠦ᠂ ᠤᠷᠬᠢᠮᠵᠢ  ᠶᠢᠨ ᠭᠦᠷᠢᠶᠡᠯᠡᠵᠦ ᠬᠡᠶᠢᠰᠦᠭᠰᠨ ᠭᠠᠵᠠᠷ ᠢ ᠨᠢ ᠬᠡᠰᠡᠭᠯᠡᠨ ᠦᠭᠭᠦᠬᠡᠳ ︽ᠮᠠᠨᠽᠤᠰᠢᠷᠢ ᠶᠢᠨ ᠭᠦᠷᠢᠶ᠎ᠡ ᠬᠤᠰᠢᠭᠤ︾ ᠬᠡᠵᠦ ᠨᠡᠷᠡᠯᠡᠨ᠂ ᠪᠢᠴᠢᠬᠠᠨ ᠯᠠᠮᠠ ᠳᠤ ᠵᠠᠰᠠᠭ ᠱᠠᠰᠢᠨ ᠢ ᠬᠠᠮᠳᠤᠷᠠᠭᠤᠯᠤᠨ ᠵᠠᠬᠢᠷᠬᠤ ︽ᠵᠠᠰᠠᠭ ᠳ᠋ᠠ ᠯᠠᠮᠠ︾ ᠶᠢᠨ ᠲᠠᠮᠠᠭ᠎ᠠ ᠱᠠᠩᠨᠠᠭᠰᠠᠨ ᠬᠡᠨ᠎ᠡ᠃ ᠲᠡᠷᠡ ᠦᠶ᠎ᠡ ᠠᠴᠠ ᠡᠬᠢᠯᠡᠨ ᠭᠦᠷᠢᠶ᠎ᠡ ᠬᠤᠰᠢᠭᠤᠨ ᠳᠤ ᠵᠦᠢᠯ ᠵᠢᠰᠦᠮ ᠤᠨ ᠪᠤᠷᠬᠠᠨ ᠰᠢᠳᠦᠬᠡᠨ ᠲᠠᠢ ᠲᠦᠴᠢᠬᠡᠳ ᠰᠦᠮ᠎ᠡ ᠬᠡᠶᠢᠳ ᠵᠠᠯᠭᠠᠭ᠎ᠠ ᠪᠠᠷ ᠪᠠᠶᠢᠭᠤᠯᠤᠭᠳᠠᠵᠦ ᠯᠠᠮᠠ ᠬᠤᠸᠠᠷᠠᠭ ᠨᠢ ᠤᠯᠠᠰᠢᠷᠠᠭᠰᠠᠭᠠᠷ ᠮᠢᠩᠭ᠎ᠠ ᠶᠢᠨ ᠲᠤᠭ᠎ᠠ ᠶᠢ ᠲᠠᠪᠠᠵᠠᠢ᠃ ᠭᠦᠷᠢᠶᠡᠨ ᠵᠡᠬᠡᠯᠢ ᠶᠢᠨ ᠵᠡᠭᠦᠨ ᠬᠤᠶᠢᠨ᠎ᠠ ᠪᠠᠶᠢᠭ᠎ᠠ ︽ᠲᠢᠶᠠᠨᠴᠢ ᠶᠢᠨ ᠭᠤᠤ︾ ᠢᠷᠡᠯ ᠨᠢ ᠴᠦ ᠡᠶᠢᠮᠦ ᠶᠤᠮ ᠬᠡᠨ᠎ᠡ᠃
 
ᠢᠷᠡᠯᠲᠡ᠄ ︽ᠲᠠᠯ᠎ᠠ ᠨᠤᠳᠤᠭ ᠤᠨ ᠨᠡᠭᠦᠳᠡᠯ ᠮᠠᠯᠵᠢᠯ ᠤᠨ ᠰᠤᠶᠤᠯ ᠤᠨ ᠲᠡᠮᠳᠡᠭ︾ ᠴᠤᠪᠤᠷᠠᠯ ᠪᠢᠴᠢᠭ ᠤᠨ ᠭᠦᠷᠢᠶᠡᠨ ᠬᠤᠰᠢᠭᠤᠨ ᠤ ᠪᠤᠳᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号