ᠬᠡᠤᠬᠡᠳ ᠢ ᠦᠯᠦᠬᠡᠢ ᠳᠤ ᠤᠷᠤᠭᠤᠯᠬᠤ
ᠨᠡᠶᠢᠲᠡᠯᠡᠭᠰᠡᠨ ᠴᠠᠭ᠄
2023/8/1
    ᠬᠡᠤᠬᠡᠳ ᠤᠨ ᠦᠯᠦᠬᠡᠢ ᠶᠢ ᠶᠡᠷᠦᠳᠡᠬᠡᠨ ᠨᠠᠭᠠᠴᠦ ᠶᠢᠨ ᠲᠠᠯ᠎ᠠ ᠠᠴᠠ ᠨᠢ ᠪᠡᠯᠡᠳᠬᠡᠵᠦ ᠦᠭᠳᠡᠭ᠃ ᠭᠦᠷᠢᠶᠡᠴᠤᠳ ᠶᠡᠷᠦ ᠳᠡᠭᠡᠨ ᠬᠡᠤᠬᠡᠳ ᠲᠦᠷᠦᠬᠡᠳ ᠭᠤᠷᠪᠠ ᠬᠤᠨᠤᠪᠠᠯ ᠦᠯᠦᠬᠡᠢ ᠳᠤ ᠤᠷᠤᠭᠤᠯᠳᠠᠭ᠃ ᠪᠠᠰᠠ ᠵᠠᠷᠢᠮ ᠨᠢ ᠲᠤᠯᠤᠭ᠎ᠠ ᠬᠤᠨᠤᠭ ᠲᠡᠬᠡᠷ᠎ᠡ ᠨᠢ ᠦᠯᠦᠬᠡᠢ ᠳᠤ ᠤᠷᠤᠭᠤᠯᠳᠠᠭ ᠴᠦ ᠪᠤᠢ᠃ ᠬᠡᠤᠬᠡᠳ ᠢ ᠦᠯᠦᠬᠡᠢ ᠳᠤ ᠤᠷᠤᠭᠤᠯᠬᠤ ᠳᠤ ᠭᠤᠤᠯᠳᠠᠭᠤ ᠬᠡᠤᠬᠡᠳ ᠤᠨ ᠡᠮᠡᠭᠡ ᠨᠢ ᠪᠤᠶᠦ ᠨᠠᠭᠠᠴᠦ ᠡᠮᠡᠭᠡ᠂ ᠨᠠᠭᠠᠴᠦ ᠡᠬᠡᠴᠢ ᠵᠡᠷᠬᠡ ᠴᠢᠰᠦᠨ ᠲᠦᠷᠦᠯ ᠤᠨ ᠬᠢᠨ ᠤᠷᠤᠯᠴᠠᠳᠠᠭ᠃ ᠡᠳᠡᠨᠤᠰ ᠨᠢᠬᠡ ᠰᠢᠷᠡᠭᠡ ᠴᠤᠭᠯᠠᠷᠠᠵᠦ᠂ ᠬᠡᠤᠬᠡᠳ ᠢᠶᠠᠨ ᠦᠯᠦᠬᠡᠶᠢᠳᠡᠵᠦ ᠪᠠᠷᠠᠭᠰᠠᠨ ᠤ ᠲᠠᠷᠠᠭ᠎ᠠ ᠲᠦᠭᠦᠮ ᠨᠠᠶᠢᠷ ᠪᠤᠯᠳᠠᠭ᠂ ᠭᠦᠷᠦᠯᠴᠡᠨ ᠢᠷᠡᠭᠰᠡᠨ ᠬᠡᠶᠢᠴᠢᠨ ᠵᠤᠴᠢᠳ ᠨᠢ ᠪᠦᠷ ᠨᠢᠯᠬ᠎ᠠ ᠬᠡᠤᠬᠡᠳ ᠲᠤ ᠲᠠᠪᠠᠯ᠂ ᠮᠠᠯᠠᠭᠠᠢ᠂ ᠱᠠᠬᠠᠢ᠂ ᠭᠤᠳᠤᠯ ᠪᠠ ᠪᠢᠴᠢᠬᠠᠨ ᠭᠦᠨᠵᠢᠯᠡ ᠵᠡᠷᠬᠡ ᠪᠡᠯᠡᠭ ᠰᠠᠯᠳᠠ ᠠᠪᠴᠢᠷᠠᠳᠠᠭ ᠪᠦᠬᠡᠳ ᠡᠬᠡ ᠳᠤᠨᠢ ᠰᠢᠷ᠎ᠠ ᠲᠤᠰᠤ᠂ ᠲᠠᠬᠢᠶᠠᠨ ᠦᠨᠳᠡᠭᠡ᠂ ᠪᠤᠤᠪᠤ ᠪᠤᠭᠤᠷᠰᠤᠭ ᠵᠡᠷᠬᠡ ᠰᠢᠮ᠎ᠡ ᠲᠡᠵᠢᠬᠡᠯ ᠲᠠᠢ ᠢᠳᠡᠬᠡᠨ ᠤ ᠵᠦᠢᠯ ᠠᠪᠴᠢᠷᠠᠵᠦ ᠦᠭᠳᠡᠭ᠃    ᠦᠯᠦᠬᠡᠢ ᠲᠠᠢ ᠬᠡᠤᠬᠡᠳ ᠢ ᠦᠯᠦᠬᠡᠢ ᠠᠴᠠ ᠨᠢ ᠲᠠᠶᠢᠯᠵᠦ ᠠᠪᠬᠤ ᠪᠤᠯᠭᠠᠨ ᠲᠠᠷ᠎ᠠ ᠶᠢ ᠨᠢ ᠵᠠᠪᠠᠯ ᠭᠦᠳᠡᠯᠬᠡᠵᠦ ᠲᠠᠯᠪᠢᠬᠤ ᠶᠤᠰᠤ ᠲᠠᠢ᠃
 
ᠢᠷᠡᠯᠲᠡ᠄ ︽ᠲᠠᠯ᠎ᠠ ᠨᠤᠳᠤᠭ ᠤᠨ ᠨᠡᠭᠦᠳᠡᠯ ᠮᠠᠯᠵᠢᠯ ᠤᠨ ᠰᠤᠶᠤᠯ ᠤᠨ ᠲᠡᠮᠳᠡᠭ︾ ᠴᠤᠪᠤᠷᠠᠯ ᠪᠢᠴᠢᠭ ᠤᠨ ᠭᠦᠷᠢᠶ᠎ᠡ ᠬᠤᠰᠢᠭᠤᠨ ᠤ ᠪᠤᠳᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号