ᠭᠦᠷᠢᠶ᠎ᠡ ᠨᠤᠳᠤᠭ ᠲᠤ ᠬᠡᠤᠬᠡᠳ ᠤᠨ ᠰᠠᠷ᠎ᠠ ᠲᠦᠭᠦᠷᠭᠦ ᠪᠠᠶᠠᠷ ᠠᠴᠠ ᠭᠠᠳᠠᠨ᠎ᠠ ᠤᠢ ᠲᠤᠯᠤᠭᠰᠠᠨ ︵ᠬᠡᠤᠬᠡᠳ | ᠨᠢᠬᠡ ᠪᠦᠭᠦᠯᠢ ᠨᠠᠰᠤᠯᠠᠭᠰᠠᠨ︶ ᠪᠠᠶᠠᠷ ᠴᠦ ᠬᠢᠳᠡᠭ᠃ ᠡᠭᠦᠨ ᠳᠤ ᠤᠷᠤᠯᠴᠠᠬᠤ ᠭᠦᠮᠦᠰ ᠤᠯᠠᠨ ᠪᠢᠰᠢ᠂ ᠬᠡᠷ | ᠵᠠᠭᠤᠷ᠎ᠠ ᠪᠠᠨ ᠪᠤᠶᠦ ᠬᠤᠶᠠᠷ ᠲᠠᠯ᠎ᠠ ᠶᠢᠨ ᠴᠢᠰᠦᠨ ᠲᠦᠷᠦᠯ ᠤᠳ ᠤᠷᠤᠯᠴᠠᠳᠠᠭ᠃ | ᠤᠢ ᠶᠢᠨ ᠨᠠᠶᠢᠷ ᠲᠡᠬᠡᠷ᠎ᠡ ᠭᠦᠦ ᠪᠤᠯᠪᠠᠯ ᠡᠮᠦᠨ᠎ᠡ ᠨᠢ ᠰᠦᠬᠡ᠂ ᠬᠠᠳᠤᠭᠤᠷ᠂ ᠪᠢᠷ᠂ ᠴᠠᠭᠠᠰᠦ᠂ ᠵᠤᠭᠤᠰ ᠵᠡᠷᠬᠡ | ᠶᠢ ᠲᠠᠯᠪᠢᠵᠦ ᠰᠤᠩᠭᠤᠭᠤᠯᠳᠠᠭ᠃ ᠨᠢᠯᠬ᠎ᠠ ᠭᠦᠦ ᠭᠠᠷ ᠰᠤᠩᠭᠠᠨ᠂ ᠰᠦᠬᠡ ᠬᠠᠳᠤᠭᠤᠷ ᠢ ᠰᠤᠩᠭᠤᠪᠠᠯ ᠠᠵᠢᠯᠴᠢ | ᠭᠦᠳᠡᠯᠮᠦᠷᠢᠴᠢ ᠶᠢ ᠢᠯᠡᠳᠬᠡᠨ᠂ ᠪᠢᠷ ᠴᠠᠭᠠᠰᠦ ᠶᠢ ᠴᠢᠩᠭᠠᠭᠠᠪᠠᠯ ᠪᠢᠴᠢᠭ ᠰᠤᠶᠤᠯ ᠲᠠᠢ ᠡᠷᠳᠡᠮᠳᠡᠨ ᠪᠤᠯᠬᠤ᠂ | ᠵᠤᠭᠤᠰ ᠢ ᠪᠠᠷᠢᠪᠠᠯ ᠬᠤᠵᠢᠮ ᠶᠡᠭᠡ ᠮᠦᠩᠭᠦ ᠲᠠᠢ ᠭᠦᠮᠦᠨ ᠪᠤᠯᠤᠨ᠎ᠠ ᠬᠡᠵᠦ ᠪᠡᠯᠬᠡᠰᠢᠶᠠᠳᠡᠭ᠃ ᠬᠡᠤᠬᠡᠨ ᠤ ᠡᠮᠦᠨ᠎ᠡ | ᠬᠤᠸᠠᠷ ᠴᠡᠴᠡᠭ᠂ ᠵᠠᠰᠠᠯ ᠵᠢᠮᠰᠡᠭ᠂ ᠪᠢᠷ ᠴᠠᠭᠠᠰᠦ᠂ ᠬᠤᠷᠤᠭᠤᠪᠴᠢ ᠵᠡᠷᠬᠡ ᠶᠢ ᠲᠠᠯᠪᠢᠳᠠᠭ᠃ ᠵᠠᠰᠠᠯ ᠴᠢᠮᠡᠭ ᠤᠨ | ᠵᠦᠢᠯ ᠢ ᠰᠤᠩᠭᠤᠪᠠᠯ ᠴᠡᠪᠡᠷ ᠴᠡᠮᠴᠡᠬᠡᠷ᠂ ᠤᠷᠠᠨ ᠦᠬᠢᠨ ᠪᠤᠯᠤᠨ᠎ᠠ ᠬᠡᠵᠦ᠂ ᠵᠡᠭᠦᠦ ᠤᠳᠠᠰᠦ ᠬᠤᠷᠤᠭᠤᠪᠴᠢ | ᠰᠤᠩᠭᠤᠪᠠᠯ ᠦᠢᠯᠡ ᠤᠳᠠᠰᠤᠨ ᠳᠠᠭᠠᠨ ᠰᠠᠶᠢᠨ ᠤᠶᠤᠳᠠᠯᠴᠢᠨ ᠪᠤᠯᠬᠤ ᠵᠡᠷᠬᠡ ᠪᠠᠷ ᠪᠡᠯᠬᠡᠰᠢᠶᠡᠬᠡᠳ ᠨᠠᠶᠢᠷ ᠢᠶᠠᠨ | ᠦᠨᠳᠦᠷᠯᠡᠭᠦᠯᠳᠡᠭ᠃ ᠬᠡᠤᠬᠡᠳ ᠦᠰᠦᠬᠡᠳ ᠬᠡᠯᠨ ᠳᠤ ᠤᠷᠤᠬᠤ ᠦᠶᠡᠰ ︽ᠠᠪᠤ︾ ᠬᠡᠳᠡᠭ ᠦᠬᠡ ᠶᠢ ᠤᠷᠢᠳ ᠢᠶᠠᠷ | ᠬᠡᠯᠡᠪᠡᠯ ᠠᠮᠠ ᠪᠠᠬᠢ ᠲᠠᠢ᠂ ᠬᠠᠳᠠᠭᠤ ᠴᠢᠩᠭ᠎ᠠ ᠭᠦᠮᠦᠨ ᠪᠤᠯᠬᠤ᠂ ︽ᠡᠵᠢ︾ ᠬᠡᠵᠦ ᠠᠮᠠ ᠨᠡᠬᠡᠬᠡᠪᠡᠯ ᠡᠶᠡᠯᠰᠡᠭ | ᠵᠦᠬᠡᠯᠡᠨ᠂ ᠤᠶᠠᠬᠠᠨ ᠡᠶᠡᠪᠡᠷᠭᠦᠦ ᠭᠦᠮᠦᠨ ᠪᠤᠯᠬᠤ ᠶᠢ ᠢᠯᠡᠳᠬᠡᠳᠡᠭ ᠬᠡᠳᠡᠭ ᠪᠢᠯᠡ᠃ | ᠨᠢᠯᠬ᠎ᠠ ᠬᠡᠤᠬᠡᠳ ᠢ ᠤᠬᠢᠶᠠᠭᠰᠠᠨ ᠤᠰᠤ ᠶᠢ ᠨᠢ ᠭᠠᠵᠠᠷ ᠨᠠᠭᠠᠯᠳᠤᠭᠤᠯᠤᠨ ᠨᠠᠮ ᠲᠦᠯᠬᠢᠨ ᠴᠢᠳᠬᠤᠳᠠᠭ᠃ | ᠡᠨᠡ ᠨᠢ ᠬᠡᠤᠬᠡᠳ ᠲᠤᠮᠤ ᠪᠤᠯᠪᠠᠯ ᠨᠠᠮ ᠲᠦᠯᠬᠡᠨ᠂ ᠤᠶᠠᠬᠠᠨ ᠵᠦᠬᠡᠯᠡᠨ ᠵᠠᠩ ᠠᠷᠠᠨᠰᠢ ᠲᠠᠢ ᠪᠤᠯᠬᠤ ᠶᠢᠨ ᠪᠡᠯᠬᠡᠳᠡᠯ᠃ | ᠬᠡᠷᠪᠡ ᠰᠢᠭᠤᠳ ᠰᠠᠴᠤᠨ ᠤᠷᠬᠢᠪᠠᠯ ᠵᠠᠩ ᠠᠭᠠᠰᠢ ᠲᠦᠷᠬᠡᠨ᠂ ᠠᠭᠤᠷ ᠤᠮᠤᠭ ᠲᠠᠢ ᠬᠡᠳᠡᠷ ᠲᠤᠭᠰᠢᠨ ᠪᠤᠯᠬᠤ | ᠪᠤᠯᠤᠮᠵᠢ ᠲᠠᠢ ᠬᠡᠳᠡᠭ ᠪᠢᠯᠡ᠃ ᠬᠡᠤᠬᠡᠳ ᠤᠨ ᠦᠰᠦ ᠶᠢ ᠠᠪᠬᠤ ᠳᠠᠭᠠᠨ ᠰᠠᠷ᠎ᠠ ᠪᠦᠷᠢ ᠶᠢᠨ ᠨᠤᠬᠠᠢ ᠡᠳᠦᠷ ᠠᠪᠤᠪᠠᠯ | ᠬᠠᠮᠤᠭ ᠤᠨ ᠰᠠᠶᠢᠨ ᠪᠠᠶᠢᠳᠠᠭ᠃ ᠨᠤᠬᠠᠢ ᠡᠳᠦᠷ ᠦᠰᠦ ᠠᠪᠤᠪᠠᠯ ᠨᠤᠶᠠᠨ ᠰᠠᠭᠤᠨ᠎ᠠ ᠬᠡᠳᠡᠭ᠃ ᠪᠠᠭ᠎ᠠ ᠬᠡᠤᠬᠡᠳ ᠤᠨ | ᠴᠢᠮᠠᠯᠠᠬᠠᠢ ᠶᠢᠨ ᠦᠰᠦ ᠶᠢ ᠤᠷᠳᠦ ᠦᠯᠡᠳᠡᠬᠡᠭᠦ ᠶᠤᠰᠤᠨ ᠴᠦ ᠪᠤᠢ᠃ ᠡᠨᠡ ᠭᠦ ᠦᠯᠡᠳᠡᠭᠰᠡᠨ ᠤᠷᠳᠦ ᠬᠡᠵᠢᠬᠡ ᠶᠢ ᠨᠢ | ᠠᠪᠬᠤ ᠳᠤ ᠨᠠᠭᠠᠴᠦ ᠶᠢᠨ ᠲᠠᠯ᠎ᠠ ᠠᠴᠠ ᠨᠢ ᠲᠤᠮᠤ ᠪᠡᠯᠡᠭ — ᠦᠬᠡᠷ᠂ ᠬᠤᠨᠢ᠂ ᠢᠮᠠᠭ᠎ᠠ ᠭᠦᠷᠬᠡᠵᠦ ᠢᠷᠡᠳᠡᠭ᠃ |