ᠮᠠᠯᠵᠢᠯ ᠤᠨ ᠵᠠᠩ ᠦᠢᠯᠡ
ᠨᠡᠶᠢᠲᠡᠯᠡᠭᠰᠡᠨ ᠴᠠᠭ᠄
2020-01-08
    ᠭᠦᠷᠢᠶ᠎ᠡ ᠮᠤᠩᠭᠤᠯᠴᠤᠳ ᠬᠠᠭᠠᠰ ᠮᠠᠯᠵᠢᠬᠤ ᠬᠠᠭᠠᠰ ᠲᠠᠷᠢᠶᠠᠯᠠᠬᠤ ᠬᠡᠯᠪᠡᠷᠢ ᠪᠠᠷ ᠪᠠᠶᠢᠭᠠᠯᠢ ᠤᠷᠴᠢᠨ ᠲᠠᠢ ᠪᠠᠨ ᠵᠤᠬᠢᠴᠠᠭᠤᠯᠤᠨ ᠪᠠᠷᠤᠭ ᠵᠢᠯ ᠪᠦᠷᠢ ᠶᠢᠨ ᠪᠢᠯᠢᠭ ᠤᠨ ᠤᠯᠠᠷᠢᠯ ᠤᠨ 4 ᠳ᠋ᠤᠬᠡᠷ ᠰᠠᠷ᠎ᠠ ᠶᠢᠨ ᠡᠬᠢᠨ ᠠᠴᠠ ᠲᠠᠷᠢᠶ᠎ᠠ ᠲᠠᠷᠢᠵᠦ ᠡᠬᠢᠯᠡᠭᠦ ᠠᠴᠠ ᠪᠢᠯᠢᠭ ᠤᠨ ᠤᠯᠠᠷᠢᠯ ᠤᠨ 10 ᠳ᠋ᠤᠭᠠᠷ ᠰᠠᠷ᠎ᠠ ᠶᠢᠨ ᠰᠡᠭᠦᠯᠴᠢ ᠪᠤᠯᠳᠠᠯ᠎ᠠ ᠲᠠᠷᠢᠶ᠎ᠠ ᠲᠦᠮᠦᠰᠦ ᠬᠤᠷᠢᠶᠠᠵᠦ ᠲᠠᠭᠤᠰᠳᠠᠯ᠎ᠠ ᠠᠳᠤᠭᠤ᠂ ᠦᠬᠡᠷ᠂ ᠲᠡᠮᠡᠭᠡ ᠵᠡᠷᠬᠡ ᠪᠤᠳᠠ ᠮᠠᠯ ᠢ ᠲᠤᠰᠬᠠᠢ ᠠᠳᠤᠭᠤᠴᠢᠨ᠂ ᠮᠠᠯᠴᠢᠨ᠂ ᠲᠡᠮᠡᠬᠡᠴᠢᠨ ᠡᠳᠦᠷᠵᠢᠨ ᠲᠠᠭᠠᠵᠦ ᠬᠠᠷᠢᠭᠤᠯᠤᠨ᠎ᠠ᠃ ᠪᠢᠯᠢᠭ ᠤᠨ ᠤᠯᠠᠷᠢᠯ ᠤᠨ 10 ᠳ᠋ᠤᠭᠠᠷ ᠰᠠᠷ᠎ᠠ ᠶᠢᠨ ᠡᠬᠢᠨ ᠠᠴᠠ ᠲᠠᠷᠠᠭ᠎ᠠ ᠵᠢᠯ ᠤᠨ ᠬᠢᠨᠢ 4 ᠳ᠋ᠤᠬᠡᠷ ᠰᠠᠷ᠎ᠠ ᠶᠢᠨ ᠡᠬᠢ ᠭᠦᠷᠳᠡᠯ᠎ᠡ ᠪᠤᠳᠠ ᠮᠠᠯ ᠢᠶᠠᠨ ᠨᠤᠳᠤᠭ ᠤᠨ ᠢᠶᠠᠨ ᠪᠡᠯᠴᠢᠬᠡᠷ ᠲᠤ ᠰᠤᠯᠠ ᠲᠠᠯᠪᠢᠵᠦ ᠪᠡᠯᠴᠢᠬᠡᠷᠯᠡᠭᠦᠯᠦᠨ᠎ᠡ᠃ ᠬᠡᠭᠦ ᠳᠤ ᠪᠠᠨ ᠲᠤᠭᠳᠠᠮᠠᠯ ᠬᠤᠭᠤᠴᠠᠭ᠎ᠠ ᠪᠤᠶᠦ 5 —7 ᠡᠳᠦᠷ ᠲᠤ ᠵᠠᠪᠠᠯ ᠮᠠᠯ ᠤᠨᠤᠭ᠎ᠠ ᠪᠠᠨ ᠲᠤᠰᠬᠠᠢ ᠭᠦᠮᠦᠨ ᠲᠤᠮᠢᠯᠠᠨ ᠤᠰᠤᠯᠠᠵᠦ ᠡᠪᠡᠰᠦᠯᠡᠭᠰᠡᠨ ᠪᠠᠶᠢᠬᠤ ᠬᠡᠷᠡᠭᠲᠡᠢ᠃ ᠬᠠᠷᠢᠨ ᠬᠤᠨᠢ᠂ ᠢᠮᠠᠭ᠎ᠠ ᠵᠡᠷᠬᠡ ᠪᠤᠭ ᠮᠠᠯ ︵ᠪᠠᠭ᠎ᠠ ᠮᠠᠯ︶ ᠢ ᠵᠢᠯ ᠤᠨ ᠲᠦᠷᠪᠡᠨ ᠤᠯᠠᠷᠢᠯ ᠤᠨ ᠲᠤᠷᠰᠢᠳᠠ ᠬᠤᠨᠢᠴᠢᠨ᠂ ᠢᠮᠠᠭᠠᠴᠢᠨ  ᠲᠠᠭᠠᠨ ᠬᠠᠷᠢᠭᠤᠯᠵᠦ ᠬᠠᠰᠢᠶᠠᠯᠠᠨ ᠬᠤᠷᠢᠳᠠᠭ᠃
 
ᠢᠷᠡᠯᠲᠡ᠄ ᠭᠦᠷᠢᠶ᠎ᠡ ᠲᠡᠤᠬᠡ ᠰᠤᠶᠤᠯ ᠰᠤᠳᠤᠯᠤᠯ ᠤᠨ ᠴᠤᠪᠤᠷᠠᠯ ᠪᠢᠴᠢᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号