ᠪᠤᠶᠠᠨ ᠪᠠᠷᠢᠯᠳᠤᠭᠤᠯᠤᠭᠴᠢ ᠬᠡᠶᠢᠳ ᠤᠨ ᠪᠤᠰᠤᠭ᠎ᠠ ᠠᠷᠴᠠ
ᠨᠡᠶᠢᠲᠡᠯᠡᠭᠰᠡᠨ ᠴᠠᠭ᠄
2023/8/2
      ᠪᠤᠶᠠᠨ ᠪᠠᠷᠢᠯᠳᠤᠭᠤᠯᠤᠭᠴᠢ ᠬᠡᠶᠢᠳ ᠤᠨ ᠪᠤᠷᠬᠠᠨ ᠤ ᠬᠠᠷᠰᠢ ᠶᠢᠨ ᠠᠷᠦ᠂ ᠯᠤᠤᠶᠧ ᠶᠢᠨ ᠰᠦᠮ᠎ᠡ ᠶᠢᠨ ᠡᠮᠦᠨ᠎ᠡ ᠤᠷᠭᠤᠵᠦ ᠪᠠᠶᠢᠳᠠᠭ᠃ ᠦᠨᠳᠦᠷ ᠨᠢ ᠰᠦᠮ᠎ᠡ ᠶᠢᠨ ᠤᠷᠤᠢ ᠶᠢᠨ ᠭᠠᠨᠵᠢᠷ᠎ᠠ ᠲᠠᠢ ᠰᠠᠴᠠᠭᠤ ᠪᠠᠶᠢᠵᠦ ᠪᠠᠷᠤᠭ 15 ᠮᠧᠲᠷ ᠪᠠᠶᠢᠳᠠᠭ ᠪᠦᠬᠡᠳ ᠪᠦᠳᠦᠭᠦᠨ ᠤ ᠬᠡᠮᠵᠢᠶ᠎ᠡ ︵ᠭᠦᠷᠢᠶᠡᠨ ᠤ ᠤᠷᠳᠦ ᠨᠢ 2.70 ᠮᠧᠲᠷ︶ ᠪᠠᠶᠢᠳᠠᠭ᠃ ᠭᠠᠷ ᠤᠨ ᠠᠯᠠᠭ᠎ᠠ ᠰᠢᠭ᠋ ᠲᠠᠪᠤᠨ ᠰᠠᠯᠠᠭ᠎ᠠ ᠲᠠᠢ ᠤᠷᠭᠤᠭᠰᠠᠨ ᠢᠶᠠᠷ ᠲᠠᠪᠤᠨ ᠬᠤᠷᠤᠭᠤᠳᠦ ᠠᠷᠴᠠ ᠴᠦ ᠬᠡᠳᠡᠭ᠃     ᠤᠯᠠᠮᠵᠢᠯᠠᠯ ᠶᠠᠷᠢᠶ᠎ᠠ ᠳᠤ ᠲᠤᠰ ᠮᠤᠳᠤᠨ ᠤ ᠦᠨᠳᠦᠷ ᠨᠢ ᠰᠦᠮ᠎ᠡ ᠶᠢᠨ ᠭᠠᠨᠵᠢᠷ᠎ᠡ ᠠᠴᠠ ᠲᠡᠬᠡᠭᠰᠢ ᠭᠠᠷᠪᠠᠯ ᠭᠦᠷᠢᠶᠡᠨ ᠰᠦᠮ᠎ᠡ ᠳᠤ ᠬᠤᠳᠤᠭᠳᠦ ᠯᠠᠮᠠ ᠡᠷᠬᠢᠵᠦ ᠢᠷᠡᠨ᠎ᠡ ᠬᠡᠵᠦ ᠲᠤᠮᠤᠭᠯᠠᠵᠠᠢ᠃ ᠵᠡᠭᠦᠨ ᠲᠠᠯ᠎ᠠ ᠳᠤᠨᠢ ᠨᠢᠬᠡ ᠰᠠᠭᠤᠷᠢ ᠭᠦᠭᠰᠢᠨ ᠨᠠᠷᠠᠰᠤᠨ ᠮᠤᠳᠦ ᠲᠠᠢ᠃ ᠡᠨᠡ ᠬᠤᠶᠠᠷ ᠮᠤᠳᠦ ᠨᠢ ᠭᠦᠷᠢᠶ᠎ᠡ ᠬᠤᠰᠢᠭᠤᠨ ᠳᠤ ᠦᠯᠡᠳᠡᠵᠦ ᠪᠠᠶᠢᠭ᠎ᠠ ᠬᠠᠮᠤᠭ ᠤᠨ ᠡᠷᠳᠡᠨ ᠤ ᠮᠤᠳᠦ ᠪᠤᠯᠬᠤ ᠶᠤᠮ᠃ ᠰᠦᠮ᠎ᠡ ᠪᠠᠶᠢᠭᠤᠯᠬᠤ ᠦᠶ᠎ᠡ ᠳᠤ ᠵᠠᠶᠢᠯᠠᠭᠰᠠᠨ ᠪᠠᠶᠢᠬ᠎ᠠ ᠬᠡᠵᠦ ᠨᠠᠰᠤᠳᠠᠶᠢᠴᠤᠳ ᠪᠠ ᠰᠦᠮ᠎ᠡ ᠶᠢᠨ ᠯᠠᠮᠠ ᠨᠠᠷ ᠤᠨ ᠬᠡᠯᠡᠭᠦ ᠪᠠᠷ ᠪᠠᠷᠤᠭ ᠭᠤᠷᠪᠠᠨ ᠵᠠᠭᠤ ᠢᠯᠡᠭᠦᠦ ᠵᠢᠯ ᠤᠨ ᠲᠡᠤᠬᠡ ᠲᠠᠢ ᠪᠤᠯᠵᠦ ᠪᠤᠢ᠃
 
ᠢᠷᠡᠯᠲᠡ᠄ ︽ᠲᠠᠯ᠎ᠠ ᠨᠤᠳᠤᠭ ᠤᠨ ᠨᠡᠭᠦᠳᠡᠯ ᠮᠠᠯᠵᠢᠯ ᠤᠨ ᠰᠤᠶᠤᠯ ᠤᠨ ᠲᠡᠮᠳᠡᠭ︾ ᠴᠤᠪᠤᠷᠠᠯ ᠪᠢᠴᠢᠭ ᠤᠨ ᠭᠦᠷᠢᠶ᠎ᠡ ᠬᠤᠰᠢᠭᠤᠨ ᠤ ᠪᠤᠳᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号