ᠭᠦᠷᠢᠶ᠎ᠡ ᠬᠤᠰᠢᠭᠤᠨ ᠤ ᠲᠦᠪ ᠭᠦᠷᠢᠶ᠎ᠡ ᠪᠠᠯᠭᠠᠰᠦ ᠠᠴᠠ ᠡᠮᠦᠨᠡᠰᠢ 10 ᠺᠢᠯᠤᠮᠧᠲᠷ ᠲᠤ ᠪᠠᠶᠢᠭ᠎ᠠ | ᠰᠢᠶᠠᠨᠵᠢᠨ ᠰᠤᠮᠤ ᠶᠢᠨ ᠲᠠᠪᠤᠨ ᠪᠠᠶᠢᠰᠢᠩ ᠭᠠᠴᠠᠭ᠎ᠠ ᠶᠢᠨ ᠲᠤᠮᠳᠠ ᠨᠢᠬᠡ ᠰᠠᠭᠤᠷᠢ ᠰᠠᠯᠠᠭ᠎ᠠ ᠨᠠᠮᠠᠭ᠎ᠠ ᠨᠢ ᠢᠭ᠌ᠴᠦ | ᠰᠠᠬᠤᠯᠢᠭ ᠮᠢᠩᠭᠠᠨ ᠤᠨ ᠤ ᠰᠡᠯᠬᠢ ᠪᠤᠷᠤᠭᠠᠨ ᠢ ᠡᠯᠡᠬᠡᠭᠰᠡᠨ᠂ ᠪᠦᠳᠦᠭᠦᠨ ︵ᠭᠦᠷᠢᠶᠡᠨ ᠤᠷᠳᠦ︶ ᠨᠢ 6.8 | ᠮᠧᠲᠷ᠂ ᠦᠨᠳᠦᠷ ᠨᠢ 20 ᠮᠧᠲᠷ᠂ 300 ᠲᠡᠭᠰᠢ ᠲᠦᠷᠪᠡᠯᠵᠢᠨ ᠮᠧᠲᠷ ᠭᠠᠵᠠᠷ ᠡᠵᠡᠯᠡᠵᠦ ᠪᠠᠶᠢᠭ᠎ᠠ ᠪᠤᠭᠤᠷᠤᠯ | ᠬᠠᠶᠢᠯᠠᠰᠦ ᠪᠠᠶᠢᠳᠠᠭ᠃ ᠮᠢᠩᠭᠠᠨ ᠤᠨ ᠤ ᠰᠠᠯᠬᠢ ᠪᠤᠷᠤᠭᠠᠨ ᠢ ᠦᠩᠬᠡᠷᠡᠬᠡᠵᠦ ᠢᠷᠡᠭᠰᠡᠨ ᠡᠨᠡ ᠭᠦ ᠪᠤᠭᠤᠷᠤᠯ | ᠬᠠᠶᠢᠯᠠᠰᠦ ᠦᠨᠦᠳᠦᠷ ᠪᠤᠯᠬᠤ ᠳᠤ ᠡᠬᠡᠨᠡᠭᠳᠡ ᠢᠳᠡᠷᠡᠭᠦᠨ ᠢᠶᠠᠷ ᠰᠡᠭᠦᠶᠢᠵᠦ ᠠᠪᠤᠷᠭᠤ ᠲᠦᠷᠢ ᠪᠠᠨ ᠭᠠᠶᠢᠬᠠᠭᠤᠯᠤᠨ᠂ | ᠲᠠᠮᠤᠷ ᠮᠠᠳᠦ ᠬᠠᠳᠠᠨ ᠵᠤᠷᠢᠭ ᠲᠠᠢ ᠰᠦᠨᠳᠡᠷᠯᠡᠨ᠎ᠡ᠃ ᠭᠠᠴᠠᠭ᠎ᠠ ᠶᠢᠨ ᠠᠬᠠᠮᠠᠳ ᠲᠤᠮᠤᠭᠠᠳᠠᠳ ᠤᠨ ᠲᠤᠮᠤᠭᠴᠢᠯᠠᠬᠤ | ᠪᠠᠷ ᠡᠨᠡ ᠬᠠᠶᠢᠯᠠᠰᠦᠨ ᠮᠤᠳᠤᠨ ᠲᠡᠬᠡᠷ᠎ᠡ ᠤᠷᠢᠳᠦ ᠨᠢᠬᠡ ᠠᠶᠠᠭᠠᠨ ᠴᠢᠨᠡᠬᠡᠨ ᠪᠦᠳᠦᠭᠦᠨ ᠴᠠᠭᠠᠨ ᠡᠷᠢᠶᠠᠨ ᠮᠤᠭᠠᠢ | ᠤᠷᠤᠰᠢᠨ ᠠᠮᠢᠳᠤᠷᠠᠵᠦ᠂ ᠡᠨᠡ ᠨᠤᠳᠤᠭ ᠤᠰᠦ ᠶᠢ ᠲᠠᠮᠵᠢᠨ ᠲᠡᠳᠭᠦᠵᠦ᠂ ᠦᠢ ᠲᠦᠮᠡᠨ ᠢ ᠨᠢ ᠭᠠᠢ ᠵᠤᠪᠠᠯᠠᠩ | ᠠᠴᠠ ᠵᠠᠶᠢᠯᠠᠭᠤᠯᠵᠦ᠂ ᠠᠮᠤᠷ ᠵᠢᠮᠤᠷ ᠠᠵᠦ ᠲᠦᠷᠦᠭᠦᠯᠵᠦ ᠪᠠᠶᠢᠭᠰᠠᠨ ᠬᠡᠨ᠎ᠡ᠃ ᠲᠡᠬᠡᠭᠦ ᠪᠠᠷ ᠠᠳᠡᠬᠢ ᠭᠦᠮᠦᠰ ᠲᠤᠰ | ᠬᠠᠶᠢᠯᠠᠰᠦ ᠶᠢ ︽ᠡᠪᠤᠬᠡᠨ ᠬᠠᠶᠢᠯᠠᠰᠦ︾ ᠬᠡᠵᠦ ᠭᠦᠨᠳᠦᠳᠬᠡᠨ ᠲᠠᠭᠤᠳᠠᠵᠦ᠂ ᠡᠭᠦᠨ ᠠᠴᠠ ᠵᠡᠭᠦᠨ ᠡᠮᠦᠨᠡᠬᠢ ᠭᠤᠤ | ᠠᠯᠤᠰᠯᠠᠭᠰᠠᠨ ᠡᠮᠦᠨ᠎ᠡ ᠡᠷᠬᠢ ᠳᠠᠬᠢ ᠠᠳᠠᠯᠢ ᠨᠠᠰᠤᠨ ᠤ ᠬᠠᠶᠢᠯᠠᠰᠦ ᠶᠢ ᠨᠢ ︽ᠡᠮᠡᠬᠡᠨ ᠬᠠᠶᠢᠯᠠᠰᠦ︾ ᠬᠡᠳᠡᠭ ᠬᠡᠨ᠎ᠡ᠃ | ᠬᠤᠶᠠᠷ ᠬᠠᠶᠢᠯᠠᠰᠦ ᠪᠠᠷ᠎ᠠ ᠪᠠᠷ᠎ᠠ ᠪᠠᠨ ᠬᠠᠷᠠᠵᠦ᠂ ᠡᠮᠡᠬᠡᠨ ᠬᠠᠶᠢᠯᠠᠰᠦ ᠡᠳᠦᠷ ᠪᠦᠷᠢ ᠨᠢᠳᠦᠨ ᠨᠢᠯᠪᠤᠰᠦ ᠤᠷᠤᠰᠬᠠᠳᠠᠭ | ᠠᠴᠠ ᠨᠢᠯᠪᠤᠰᠦ ᠨᠢ ︽ᠵᠢᠵᠢᠭ ᠪᠤᠯᠠᠭ︾ ᠪᠤᠯᠵᠦ ᠬᠡᠳᠦᠢ ᠦᠨᠳᠦᠷᠯᠢᠭ ᠭᠠᠵᠠᠷ ᠤᠷᠭᠤᠵᠦ᠂ ᠬᠡᠳᠦᠢ ᠶᠡᠭᠡ ᠭᠠᠩ | ᠪᠤᠯᠤᠭᠰᠠᠨ ᠴᠦ ᠬᠡᠵᠢᠶᠡᠳᠠ ᠬᠤᠶᠠᠷ ᠬᠠᠶᠢᠯᠠᠰᠤᠨ ᠤ ᠤᠭ ᠢᠶᠠᠷ ᠤᠰᠦ ᠲᠤᠨᠳᠠᠭ ᠪᠤᠯᠤᠭᠰᠠᠨ ᠬᠡᠨ᠎ᠡ᠃ ᠬᠤᠶᠠᠷ | ᠬᠠᠶᠢᠯᠠᠰᠤᠨ ᠤ ᠵᠡᠭᠦᠨ ᠬᠤᠶᠢᠳᠦ ᠵᠦᠭ ᠲᠤ ᠪᠠᠶᠢᠭ᠎ᠠ 200 ᠵᠢᠯ ᠪᠤᠯᠵᠦ ᠪᠠᠶᠢᠭ᠎ᠠ ᠬᠤᠶᠠᠷ ᠬᠠᠶᠢᠯᠠᠰᠦ ᠶᠢ ᠨᠤᠳᠤᠭ | ᠤᠨ ᠭᠦᠮᠦᠰ ︽ᠦᠬᠢᠨ ᠬᠠᠶᠢᠯᠠᠰᠦ︾᠂ ︽ᠭᠦᠪᠡᠭᠦᠨ ᠬᠠᠶᠢᠯᠠᠰᠦ︾ ᠬᠡᠵᠦ ᠡᠳᠡᠬᠡᠷ ᠬᠠᠶᠢᠯᠠᠰᠦ ᠪᠠᠨ ︽ᠰᠢᠳᠦᠬᠡᠨ | ᠮᠤᠳᠦ︾ ᠪᠤᠯᠭᠠᠵᠦ ᠬᠠᠶᠢᠷᠠᠯᠠᠨ ᠬᠠᠮᠠᠭᠠᠯᠠᠵᠦ ᠪᠠᠶᠢᠭ᠎ᠠ ᠶᠤᠮ᠃ |