ᠪᠦᠬᠡ ᠶᠢᠨ ᠪᠦᠵᠢᠭ
ᠨᠡᠶᠢᠲᠡᠯᠡᠭᠰᠡᠨ ᠴᠠᠭ᠄
2023/8/7
    ᠪᠦᠬᠡ ᠬᠡᠭᠴᠢ ᠮᠤᠩᠭᠤᠯ ᠤᠨ ᠢᠵᠡᠭᠤᠷ ᠱᠠᠰᠢᠨ ᠰᠢᠳᠦᠯᠬᠡ ᠪᠤᠯᠬᠤ ᠪᠦᠬᠡᠳ ᠲᠡᠭᠦᠨ ᠳᠤ ᠦᠪᠡᠷ ᠤᠨ ᠬᠡᠭᠦ ᠦᠪᠡᠷᠮᠢᠴᠡ ᠰᠢᠳᠦᠯᠬᠡ ᠶᠢᠨ ᠠᠷᠭ᠎ᠠ ᠬᠡᠯᠪᠡᠷᠢ ᠲᠠᠢ ᠪᠠᠶᠢᠳᠠᠭ᠃ ᠪᠦᠬᠡ ᠶᠢᠨ ᠵᠠᠩ ᠦᠢᠯᠡ ᠪᠠᠷ ᠪᠦᠬᠡ ᠰᠠᠭᠤᠬᠤ᠂ ᠪᠦᠬᠡ ᠤᠷᠤᠰᠢᠬᠤ᠂ ᠲᠠᠬᠢᠯᠭ᠎ᠠ ᠬᠢᠭᠦ ᠵᠡᠷᠬᠡ ᠤᠯᠠᠨ ᠵᠦᠢᠯ ᠤᠨ ᠭᠦᠳᠡᠯᠬᠡᠬᠡᠨ ᠳᠡᠭᠡᠨ ᠪᠦᠷ ᠲᠠᠭᠤᠤ ᠪᠦᠵᠢᠭ ᠬᠠᠪᠰᠤᠷᠭᠠᠳᠠᠭ᠃ ᠤᠨᠴᠠᠯᠢᠭ ᠲᠠᠢ ᠲᠤᠯᠠ ᠲᠠᠳᠡᠬᠡᠷ ᠲᠠᠭᠤᠤ ᠪᠦᠵᠢᠭ ᠨᠢ ᠭᠦᠮᠦᠰ ᠤᠨ ᠰᠤᠨᠢᠷᠬᠠᠯ ᠢ ᠶᠡᠬᠡᠳᠡ ᠲᠠᠳᠠᠳᠠᠭ ᠪᠠᠶᠢᠵᠠᠢ᠃ ᠪᠦᠬᠡ ᠶᠢᠨ ᠲᠤᠳᠤᠷ᠎ᠠ ᠴᠦ ᠪᠦᠬᠡ᠂ ᠢᠳᠦᠭᠠᠨ᠂ ᠬᠤᠨᠳᠤᠨ᠂ ᠭᠦᠷᠳᠡᠮ᠂ ᠯᠠᠶᠢᠴᠢᠩ ᠬᠡᠵᠦ ᠬᠤᠪᠢᠶᠠᠬᠤ ᠶᠢᠨ ᠬᠠᠮᠳᠦ ᠴᠦᠮ ᠦᠪᠡᠷ ᠤᠨ ᠬᠡᠭᠦ ᠠᠵᠢᠯ ᠡᠭᠦᠷᠬᠡ ᠲᠠᠢ ᠪᠠᠶᠢᠭ᠎ᠠ ᠶᠤᠮ᠃ ᠡᠷᠳᠡ ᠦᠶ᠎ᠡ ᠠᠴᠠ ᠲᠡᠭᠷᠢ ᠲᠠᠬᠢᠬᠤ᠂ ᠤᠪᠤᠭ᠎ᠠ ᠰᠢᠳᠦᠬᠡᠨ ᠲᠠᠬᠢᠬᠤ᠂ ᠪᠤᠷᠤᠭᠠᠨ ᠤᠰᠦ ᠭᠤᠶᠤᠬᠤ᠂ ᠡᠪᠡᠳᠴᠢᠨ ᠵᠠᠰᠠᠬᠤ᠂ ᠦᠵᠡᠯᠬᠡ ᠲᠦᠯᠬᠡ ᠦᠵᠡᠭᠦ ᠭᠦᠷᠳᠡᠯ᠎ᠡ ᠴᠦᠮ ᠪᠦᠬᠡ ᠪᠡᠶᠡᠯᠡᠭᠦᠯᠳᠡᠭ ᠤᠴᠢᠷ ᠠᠴᠠ ᠪᠦᠬᠡ ᠬᠡᠭᠴᠢ ᠮᠤᠩᠭᠤᠯᠴᠤᠳ ᠤᠨ ᠲᠤᠮᠳᠠ ᠦᠨᠳᠦᠷ ᠰᠠᠭᠤᠷᠢ ᠲᠠᠢ ᠪᠠᠶᠢᠭ᠎ᠠ ᠶᠤᠮ᠃ ᠪᠦᠬᠡ ᠶᠢᠨ ᠪᠦᠵᠢᠭ ᠢ ᠶᠡᠷᠦ ᠳᠡᠭᠡᠨ ᠤᠩᠭᠤᠤᠨ ᠤᠷᠢᠬᠤ ᠨᠠᠶᠢᠳᠠ ᠶᠢᠨ ᠪᠦᠵᠢᠭ ᠪᠠ ᠤᠩᠭᠤᠳ ᠤᠷᠤᠰᠢᠬᠤ ᠭᠠᠭᠴᠠ ᠭᠦᠮᠦᠨ ᠤ ᠪᠦᠵᠢᠭ ᠬᠡᠵᠦ ᠬᠤᠶᠠᠷ ᠬᠤᠪᠢᠶᠠᠨ᠎ᠠ᠃ ᠡᠭᠦᠨ ᠳᠤ ᠤᠩᠭᠤᠳ ᠤᠷᠢᠬᠤ ᠨᠠᠶᠢᠳᠠ ᠶᠢᠨ ᠪᠦᠵᠢᠭ  ᠨᠢ ᠬᠤᠶᠠᠷ ᠭᠦᠮᠦᠨ᠂ ᠲᠦᠷᠪᠡᠨ ᠭᠦᠮᠦᠨ ᠪᠠ ᠤᠯᠠᠨ ᠭᠦᠮᠦᠨ ᠤᠷᠤᠯᠴᠠᠬᠤ ᠪᠦᠵᠢᠭ ᠪᠠᠶᠢᠵᠦ᠂ ᠬᠤᠶᠠᠷ ᠪᠠ ᠲᠦᠷᠪᠡᠨ ᠭᠦᠮᠦᠨ ᠤ ᠪᠦᠵᠢᠭ ᠨᠢ ᠭᠤᠤᠯᠳᠠᠭᠤ ᠪᠦᠬᠡ ᠳᠤ ᠬᠠᠪᠰᠤᠷᠴᠦ ᠤᠩᠭᠤᠤᠨ ᠤᠷᠢᠬᠤ ᠳᠤ ᠵᠤᠷᠢᠭᠤᠯᠤᠭᠳᠠᠵᠦ᠂ ᠬᠡᠷ ᠲᠤᠳᠤᠷ᠎ᠠ ᠡᠪᠡᠳᠴᠢᠨ ᠵᠠᠰᠠᠬᠤ ᠪᠠ ᠠᠳᠠ ᠴᠢᠳᠭᠦᠷ ᠦᠯᠳᠡᠭᠦ ᠬᠡᠵᠦ ᠪᠦᠵᠢᠭᠯᠡᠨ᠎ᠡ᠃ ᠲᠡᠷᠡ ᠨᠢ ᠲᠠᠭᠤᠯᠠᠬᠤ ᠪᠠᠷ ᠭᠤᠤᠯᠯᠠᠵᠦ᠂ ᠪᠦᠵᠢᠭ ᠬᠠᠪᠰᠤᠷᠭᠠᠨ᠂ ᠪᠦᠵᠢᠭ ᠤᠨ ᠭᠦᠳᠡᠯᠬᠡᠬᠡᠨ ᠨᠢ ᠠᠭᠠᠵᠢᠮ ᠢᠶᠠᠷ ᠰᠢᠷᠦᠭᠦᠰᠴᠦ᠂ ᠤᠩᠭᠤᠳ ᠰᠢᠳᠦᠬᠡᠨ ᠢᠶᠠᠨ ᠪᠠᠶᠠᠰᠬᠠᠳᠠᠭ᠃ ᠤᠩᠭᠤᠳ ᠪᠦᠬᠡ ᠶᠢᠨ ᠪᠠᠶ᠎ᠠ ᠳᠤ ᠤᠷᠤᠰᠢᠭᠰᠠᠨ ᠤ ᠲᠠᠷᠠᠭ᠎ᠠ ᠪᠦᠬᠡ ᠲᠠᠭᠤᠯᠠᠬᠤ ᠪᠠᠨ ᠵᠤᠭᠰᠤᠵᠦ᠂ ᠭᠠᠭᠴᠠᠭᠠᠷ ᠭᠦᠷᠳᠡᠨ ᠪᠦᠵᠢᠭᠯᠡᠵᠦ᠂ ᠤᠩᠭᠤᠳ ᠰᠢᠳᠦᠬᠡᠨ ᠤ ᠵᠠᠬᠢᠶ᠎ᠠ ᠲᠤᠬᠢᠯᠳᠠ ᠪᠠᠷ ᠰᠢᠷᠦᠭᠦᠨ ᠢᠶᠠᠷ ᠦᠰᠦᠷᠬᠢᠯᠠᠨ ᠡᠷᠬᠢᠨ ᠪᠦᠵᠢᠭᠯᠡᠨ᠎ᠡ᠃ ᠶᠠᠮᠠᠷ ᠤᠩᠭᠤᠳ ᠪᠠᠭᠤᠪᠠᠯ ᠲᠡᠷᠡ ᠶᠠᠩᠵᠦ ᠪᠠᠷ ᠪᠦᠵᠢᠭᠯᠡᠨ᠎ᠡ᠃ ᠲᠠᠷᠤᠢ ᠪᠠᠷᠰ᠂ ᠰᠢᠪᠠᠭᠤ᠂ ᠲᠠᠶᠢᠷᠠᠩ᠂ ᠦᠭᠢᠨ ᠵᠡᠷᠬᠡ ᠤᠩᠭᠤᠳ ᠤᠨ ᠭᠦᠳᠡᠯᠦᠯ ᠪᠠᠷᠢᠯ ᠢ ᠲᠠᠭᠤᠷᠢᠶᠠᠵᠦ ᠪᠦᠵᠢᠭᠯᠡᠳᠡᠭ᠃ ᠵᠢᠱᠢᠶᠠᠯᠡᠪᠡᠯ᠂  ᠰᠢᠪᠠᠭᠤᠨ ᠤᠩᠭᠤᠳ ᠪᠠᠭᠤᠪᠠᠯ ᠲᠤᠰ ᠪᠦᠵᠢᠭ ᠲᠤ ᠬᠡᠩᠬᠡᠷᠬᠡ᠂ ᠭᠠᠷ᠂ ᠬᠤᠷᠮᠤᠶᠢᠪᠴᠢ ᠪᠠᠷ ᠢᠶᠠᠨ ᠰᠢᠪᠠᠭᠤᠨ ᠤ ᠲᠠᠯᠠᠪᠴᠢ ᠶᠢ ᠪᠠᠯᠬᠡᠳᠡᠵᠦ᠂ ᠰᠢᠪᠠᠭᠤᠨ ᠤ ᠨᠢᠰᠤᠯᠳᠠ᠂ ᠲᠠᠪᠢᠯᠳᠠ ᠶᠢ ᠲᠠᠭᠤᠷᠢᠶᠠᠨ ᠪᠦᠵᠢᠭᠯᠡᠨ᠎ᠡ᠃ ᠡᠳᠡᠬᠡᠷ ᠤᠩᠭᠤᠳ ᠤᠨ ᠪᠦᠵᠢᠭ ᠨᠢ ᠭᠦᠳᠡᠯᠬᠡᠬᠡᠨ ᠨᠢ ᠲᠦᠷᠰᠦᠯᠢᠭ ᠪᠦᠬᠡᠳ ᠪᠠᠶᠠᠯᠢᠭ ᠪᠠᠶᠢᠵᠦ᠂ ᠤᠩᠭᠤᠳ ᠨᠢ ᠲᠤᠲ᠋ᠧᠮ ᠪᠤᠯᠬᠤ ᠤᠴᠢᠷ ᠠᠮᠢᠳᠠᠨ ᠤ ᠠᠯᠬᠤᠳᠠᠯ᠂ ᠦᠰᠦᠷᠬᠢᠯᠡᠯᠳᠠ᠂ ᠡᠷᠬᠢᠯᠳᠠ ᠵᠡᠷᠬᠡ ᠶᠢ ᠲᠠᠭᠤᠷᠢᠶᠠᠭᠰᠠᠨ ᠠᠶᠢᠵᠢᠮ ᠬᠡᠮᠨᠡᠯᠳᠦ ᠪᠦᠵᠢᠭ ᠪᠠᠶᠢᠭ᠎ᠠ ᠶᠤᠮ᠃ ᠤᠯᠠᠨ ᠭᠦᠮᠦᠨ ᠤ ᠪᠦᠵᠢᠭ ᠨᠢ ᠭᠤᠤᠯᠳᠠᠭᠤ ᠲᠡᠭᠷᠢ ᠲᠠᠬᠢᠬᠤ᠂ ᠪᠤᠷᠤᠭᠠᠨ ᠭᠤᠶᠤᠬᠤ᠂ ᠭᠠᠯ ᠲᠡᠬᠢᠬᠤ ᠵᠡᠷᠬᠡ ᠲᠠᠬᠢᠯᠭ᠎ᠠ ᠳᠤ ᠵᠤᠷᠢᠭᠤᠯᠵᠦ ᠬᠡᠷ ᠤᠨ ᠭᠠᠳᠠᠨ᠎ᠠ ᠶᠠᠪᠤᠭᠳᠠᠳᠠᠭ ᠪᠢᠯᠡ᠃     ᠭᠦᠷᠢᠶ᠎ᠡ ᠪᠦᠬᠡ ᠶᠢᠨ ᠪᠦᠵᠢᠭ ᠲᠤ ᠬᠡᠩᠬᠡᠷᠬᠡ ᠲᠦᠢᠯ ᠤᠨ ᠴᠢᠬᠤᠯᠠ ᠦᠢᠯᠡᠳᠦᠯ ᠲᠠᠢ ᠪᠠᠶᠢᠵᠦ᠂ ᠪᠦᠬᠡ ᠶᠢᠨ ᠪᠦᠭᠦᠶᠢᠯᠡ ᠪᠦᠵᠢᠭ ᠲᠠᠭᠤᠳᠠᠯᠭ᠎ᠠ ᠴᠦᠮ ᠬᠡᠩᠬᠡᠷᠬᠡ ᠠᠴᠠ ᠰᠠᠯᠵᠦ ᠴᠢᠳᠠᠬᠤ ᠦᠬᠡᠢ᠂ ᠬᠡᠩᠬᠡᠷᠬᠡ ᠶᠢᠨ ᠬᠡᠯᠡᠨ ᠤ ᠲᠤᠬᠢᠶ᠎ᠠ ᠲᠡᠮᠳᠡᠭ ᠢᠶᠠᠷ ᠲᠠᠭᠤᠳᠠᠨ ᠪᠦᠵᠢᠭᠯᠡᠳᠡᠭ ᠶᠤᠮ᠃ ᠭᠦᠷᠢᠶ᠎ᠡ ᠪᠦᠬᠡ ᠶᠢᠨ ᠪᠦᠵᠢᠭ ᠲᠤ ᠡᠮᠡᠭᠳᠡᠢ ᠪᠦᠬᠡ᠂ ᠢᠳᠦᠭᠠᠨ ᠤ ᠪᠦᠵᠢᠭ ᠤᠨ ᠭᠦᠳᠡᠯᠬᠡᠬᠡᠨ᠂ ᠲᠠᠷᠤᠢ ᠨᠢᠷᠤᠭᠤ ᠪᠠᠨ ᠰᠠᠵᠢᠯᠬᠢᠯᠠᠬᠤ ᠭᠦᠳᠡᠯᠬᠡᠬᠡᠨ ᠶᠡᠬᠡᠬᠡᠨ ᠪᠠᠶᠢᠷᠢ ᠡᠵᠡᠯᠡᠵᠦ ᠪᠠᠶᠢᠳᠠᠭ᠃ ᠡᠷᠳᠡᠮᠳᠡᠳ ᠤᠨ ᠦᠵᠡᠭᠦ ᠪᠠᠷ ᠭᠦᠷᠢᠶ᠎ᠡ ᠪᠦᠬᠡ ᠶᠢᠨ ᠡᠨᠡ ᠭᠦ ᠦᠨᠳᠦᠰᠦᠨ ᠭᠦᠳᠡᠯᠬᠡᠬᠡᠨ ᠨᠢ ᠡᠷᠳᠡᠨ ᠤ ᠡᠬᠡ ᠶᠢᠨ ᠡᠷᠬᠡᠳᠦ ᠨᠡᠶᠢᠬᠡᠮ ᠤᠨ ᠢᠳᠦᠭᠠᠨ ᠪᠦᠬᠡ ᠶᠢᠨ ᠪᠦᠵᠢᠭ ᠤᠨ ᠭᠦᠳᠡᠯᠬᠡᠬᠡᠨ ᠤ ᠤᠤᠷ ᠴᠢᠨᠠᠷ ᠭᠦᠨ ᠬᠠᠳᠠᠭᠠᠯᠠᠭᠳᠠᠵᠦ ᠪᠠᠶᠢᠭ᠎ᠠ ᠳᠤ ᠤᠷᠤᠰᠢᠨ᠎ᠡ᠃ ᠭᠦᠷᠢᠶ᠎ᠡ ᠪᠦᠬᠡ ᠶᠢᠨ ᠨᠢᠬᠡᠨ ᠰᠠᠯᠠᠭ᠎ᠠ ᠪᠤᠯᠬᠤ ᠯᠠᠶᠢᠴᠢᠩ ᠤᠨ ᠪᠦᠵᠢᠭ ᠨᠢ ᠬᠠᠷᠢᠨ ᠯᠠᠮᠠ ᠶᠢᠨ ᠱᠠᠰᠢᠨ ᠤ ᠴᠠᠮ ᠤᠨ ᠨᠦᠯᠦᠬᠡ ᠶᠢ ᠶᠡᠭᠡ ᠭᠦᠷᠳᠡᠵᠡᠢ᠃ ᠯᠠᠶᠢᠴᠢᠩ ᠪᠦᠵᠢᠭᠯᠡᠭᠦ  ᠳᠡᠭᠡᠨ ᠴᠠᠩ ᠪᠤᠶᠦ ᠫᠦᠷᠪᠤ ᠪᠠᠷᠢᠵᠦ ᠪᠦᠵᠢᠭᠯᠡᠭᠦ ᠠᠴᠠ ᠪᠢᠰᠢ ᠬᠡᠩᠬᠡᠷᠬᠡ ᠬᠡᠷᠡᠭᠯᠡᠳᠡᠭ ᠦᠬᠡᠢ ᠶᠤᠮ᠃ ᠡᠨᠡ ᠨᠢ ᠪᠦᠬᠡ ᠪᠠ ᠰᠢᠷ᠎ᠠ ᠶᠢᠨ ᠱᠠᠰᠢᠨ ᠤ ᠨᠠᠶᠢᠯᠠᠮᠠᠯ ᠰᠢᠨᠵᠢ ᠲᠠᠢ ᠪᠤᠯᠤᠭᠰᠠᠨ ᠤ ᠢᠯᠡᠷᠡᠯ ᠪᠤᠯᠤᠨ᠎ᠠ᠃     ᠭᠦᠷᠢᠶ᠎ᠡ ᠪᠦᠬᠡ ᠶᠢᠨ ᠪᠦᠵᠢᠭ ᠤᠷᠤᠨ ᠨᠤᠳᠤᠭ ᠤᠨ ᠤᠨᠴᠠᠯᠢᠭ ᠪᠠ ᠬᠡᠪ ᠨᠠᠮᠪᠠ ᠪᠠᠷ ᠢᠶᠠᠨ ᠮᠤᠩᠭᠤᠯ ᠦᠨᠳᠦᠰᠦᠳᠠᠨ ᠤ ᠪᠦᠬᠡ ᠶᠢᠨ ᠱᠠᠰᠢᠨ ᠤ ᠪᠦᠵᠢᠭ ᠤᠷᠠᠯᠢᠭ ᠤᠨ ᠴᠢᠬᠤᠯᠠ ᠨᠢᠬᠡᠨ ᠪᠦᠷᠢᠯᠳᠦᠭᠦᠨ ᠪᠤᠯᠤᠭᠰᠠᠨ ᠪᠠᠶᠢᠳᠠᠭ᠃ ᠪᠦᠬᠡ ᠨᠠᠷ ᠤᠨ ᠬᠤᠪᠢ ᠬᠤᠪᠢᠨ ᠤ ᠬᠢᠨᠢ ᠠᠪᠢᠶᠠᠰ ᠪᠢᠯᠢᠭ᠂ ᠤᠳᠤᠮᠰᠢᠯ ᠪᠠ ᠤᠯᠠᠮᠵᠢᠯᠠᠯ᠂ ᠬᠤᠪᠢᠷᠠᠯ ᠭᠦᠭᠵᠢᠯᠳᠠ ᠠᠴᠠ ᠪᠤᠯᠵᠦ ᠪᠦᠵᠢᠭᠯᠡᠭᠦ ᠪᠤᠯᠤᠨ ᠪᠦᠵᠢᠭ ᠤᠷᠠᠯᠢᠭ ᠨᠢ ᠶᠡᠬᠡᠳᠠ ᠭᠦᠭᠵᠢᠨ ᠪᠠᠶᠠᠵᠢᠭᠰᠠᠨ ᠪᠠᠶᠢᠳᠠᠭ᠃ ᠲᠡᠬᠡᠭᠦ ᠳᠡᠭᠡᠨ ᠲᠤᠰ ᠪᠦᠵᠢᠭ ᠠᠴᠠ ᠪᠢᠳᠠ ᠮᠤᠩᠭᠤᠯ ᠤᠨ ᠡᠷᠳᠡᠨ ᠤ ᠱᠠᠰᠢᠨ ᠤ ᠦᠵᠡᠯ ᠤᠬᠠᠮᠰᠠᠷ ᠬᠢᠬᠡᠳ ᠮᠤᠩᠭᠤᠯᠴᠤᠳ ᠤᠨ ᠭᠤᠸ᠎ᠠ ᠰᠠᠶᠢᠬᠠᠨ ᠤ ᠤᠬᠠᠮᠰᠠᠷ ᠤᠨ ᠤᠶᠤᠨ ᠬᠠᠳᠠᠨ ᠨᠢᠬᠡᠳᠦᠮᠡᠯ ᠴᠤᠭᠴᠠ ᠶᠢ ᠤᠯᠵᠦ ᠬᠠᠷᠠᠵᠦ ᠪᠤᠯᠤᠨ᠎ᠠ᠃ ᠮᠦᠨ ᠴᠦ ᠪᠦᠬᠡ ᠶᠢᠨ ᠪᠦᠵᠢᠭ ᠠᠴᠠ ᠪᠦᠬᠡ ᠶᠢᠨ ᠱᠠᠰᠢᠨ ᠤ ᠠᠭᠤᠯᠭ᠎ᠠ᠂ ᠶᠤᠰᠤ ᠪᠠ ᠶᠤᠰᠤᠯᠠᠯ ᠢᠶᠠᠨ ᠪᠦᠵᠢᠭ ᠤᠨ ᠤᠷᠠᠯᠢᠭ ᠬᠡᠯᠪᠡᠷᠢ ᠲᠠᠢ ᠤᠷᠭᠠᠨᠢᠭ ᠢᠶᠠᠷ ᠨᠢᠬᠡᠳᠬᠡᠵᠦ ᠦᠪᠡᠷ ᠤᠨ ᠶᠢᠷᠳᠢᠨᠴᠦ ᠶᠢᠨ ᠦᠵᠡᠯᠳᠠ᠂ ᠭᠤᠸ᠎ᠠ ᠰᠠᠶᠢᠬᠠᠨ ᠤ ᠲᠠᠨᠢᠯᠳᠠ᠂ ᠠᠮᠢᠳᠤᠷᠠᠬᠤᠢ ᠶᠢᠨ ᠤᠬᠠᠭᠠᠨ ᠵᠡᠷᠬᠡ ᠤᠯᠠᠨ ᠵᠦᠢᠯᠡᠰ ᠢ ᠢᠯᠡᠳᠬᠡᠵᠦ ᠪᠠᠶᠢᠳᠠᠭ ᠢ ᠤᠯᠵᠦ ᠬᠠᠷᠠᠵᠦ ᠴᠢᠳᠠᠨ᠎ᠠ᠃ ᠨᠦᠭᠦᠬᠡ ᠲᠠᠯ᠎ᠠ ᠪᠠᠷ ᠮᠤᠩᠭᠤᠯ ᠦᠨᠳᠦᠰᠦᠳᠠᠨ ᠤ ᠲᠡᠤᠬᠡ ᠶᠢᠨ ᠪᠦᠭᠦᠶᠢᠯᠡ ᠶᠠᠪᠤᠴᠠ  ᠳᠠᠬᠢ ᠦᠨᠡᠨ ᠮᠦᠨ᠂ ᠮᠠᠨᠳᠤᠯ ᠭᠦᠭᠵᠢᠯ ᠤᠨ ᠤᠯᠠ ᠮᠦᠷ ᠢ ᠤᠯᠵᠦ ᠬᠠᠷᠠᠵᠦ ᠪᠤᠯᠤᠨ᠎ᠠ᠃     ᠭᠦᠷᠢᠶ᠎ᠡ ᠪᠦᠬᠡ ᠶᠢᠨ ᠪᠦᠵᠢᠭ ᠤᠨ ᠬᠠᠮᠤᠭ ᠤᠨ ᠶᠡᠭᠡ ᠢᠯᠡᠷᠡᠯ ᠨᠢ ᠲᠠᠷᠤᠢ ᠭᠦᠷᠢᠶ᠎ᠡ ᠠᠨᠳᠠᠢ ᠪᠠᠶᠢᠭ᠎ᠠ ᠶᠤᠮ᠃
 
ᠢᠷᠡᠯᠲᠡ᠄ ︽ᠲᠠᠯ᠎ᠠ ᠨᠤᠳᠤᠭ ᠤᠨ ᠨᠡᠭᠦᠳᠡᠯ ᠮᠠᠯᠵᠢᠯ ᠤᠨ ᠰᠤᠶᠤᠯ ᠤᠨ ᠲᠡᠮᠳᠡᠭ︾ ᠴᠤᠪᠤᠷᠠᠯ ᠪᠢᠴᠢᠭ ᠤᠨ ᠭᠦᠷᠢᠶ᠎ᠡ ᠬᠤᠰᠢᠭᠤᠨ ᠤ ᠪᠤᠳᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号