ᠠᠯᠳᠠᠠᠭᠠᠳᠠᠰᠦ(1876 — 1954)᠂ ᠭᠦᠷᠢᠶ᠎ᠡ ᠬᠤᠰᠢᠭᠤᠨ ᠤ ᠠᠯᠳᠠᠷᠳᠦ ᠬᠤᠭᠤᠷᠴᠢ᠂ ᠭᠦᠷᠢᠶ᠎ᠡ | ᠬᠤᠰᠢᠭᠤᠨ ᠤ ᠤᠤᠯ ᠤᠨ ᠬᠠᠷᠠᠭᠤᠤ ᠰᠤᠮᠤ ᠶᠢᠨ ᠲᠠᠪᠤᠨᠬᠡᠷ ᠠᠶᠢᠯ ᠤᠨ ᠭᠦᠮᠦᠨ ᠪᠤᠯᠤᠨ᠎ᠠ᠃ ᠪᠠᠭ᠎ᠠ ᠶᠢᠨ ᠦᠶ᠎ᠡ | ᠳᠡᠭᠡᠨ ᠯᠠᠮᠠ ᠪᠤᠯᠵᠦ ᠦᠩᠬᠡᠷᠡᠪᠡ᠃ ᠲᠡᠷᠡ ᠰᠦᠮ᠎ᠡ ᠶᠢᠨ ᠠᠮᠢᠳᠤᠷᠠᠯ ᠳᠤ ᠤᠶᠢᠳᠬᠤ ᠳᠠᠭᠠᠨ ᠰᠡᠮᠡᠬᠡᠷᠬᠡᠨ ᠰᠦᠮ᠎ᠡ | ᠠᠴᠠ ᠪᠠᠨ ᠰᠠᠯᠤᠭᠠᠳ ᠨᠤᠳᠤᠭ ᠲᠠᠭᠠᠨ ᠪᠤᠴᠠᠵᠦ ᠦᠪᠡᠷ ᠤᠨ ᠢᠶᠠᠨ ᠬᠠᠮᠤᠭ ᠤᠨ ᠲᠤᠷ᠎ᠠ ᠪᠠᠭ᠋ᠠᠳᠠᠢ ᠦᠯᠢᠬᠡᠷ ᠬᠡᠯᠡᠭᠦ | ᠤᠷᠠᠯᠢᠭ ᠤᠨ ᠵᠠᠮ ᠢ ᠰᠤᠩᠭᠤᠪᠠ᠃ ᠲᠡᠷᠡ ᠭᠤᠴᠢᠭᠠᠳ ᠨᠠᠰᠤᠨ ᠤ ᠦᠶ᠎ᠡ ᠳᠡᠭᠡᠨ ᠬᠠᠳᠠᠮ ᠬᠠᠷᠢ ᠪᠠᠨ ᠲᠦᠰᠢᠵᠦ | ᠭᠦᠷᠢᠶ᠎ᠡ ᠪᠠᠯᠭᠠᠰᠦ ᠶᠢᠨ ᠶᠠᠩᠰᠢᠪ ᠭᠠᠴᠠᠭ᠎ᠠ ᠶᠢᠨ ᠬᠠᠷ᠎ᠠ ᠡᠷᠬᠢ ᠠᠶᠢᠯ ᠳᠤ ᠤᠳᠠᠭᠠᠨ ᠵᠢᠯ ᠨᠤᠳᠤᠭᠰᠢᠨ ᠠᠮᠢᠳᠤᠷᠠᠪᠠ | ᠃ ᠲᠡᠭᠦᠨ ᠠᠴᠠ ᠨᠢᠬᠡ ᠭᠦᠦ᠂ ᠨᠢᠬᠡ ᠦᠬᠢᠨ ᠲᠠᠢ᠃ ᠭᠦᠦ ᠨᠢ ᠰᠧᠪᠡᠭ ᠬᠡᠵᠦ ᠭᠠᠵᠠᠷ ᠰᠢᠷᠤᠢ ᠶᠢᠨ | ᠦᠬᠡᠷᠡᠴᠢᠯᠠᠯᠳᠠ ᠶᠢᠨ ᠦᠶ᠎ᠡ ᠳᠤ ᠲᠠᠷᠢᠶᠠᠴᠢᠨ ᠤ ᠬᠤᠷᠠᠯ ᠤᠨ ᠲᠠᠷᠤᠭ᠎ᠠ ᠪᠠᠷ ᠶᠠᠪᠤᠵᠦ ᠪᠠᠶᠢᠵᠠᠢ᠃ | ᠠᠯᠳᠠᠠᠭᠠᠳᠠᠰᠦ᠂ ᠬᠠᠷᠠᠬᠠᠨ ᠪᠠᠭ᠎ᠠ ᠠᠴᠠ ᠪᠠᠨ ᠬᠤᠷᠴᠠ ᠰᠡᠷᠭᠦᠯᠡᠩ᠂ ᠠᠪᠬᠠᠯᠵᠢ ᠰᠠᠶᠢᠳᠠᠢ᠂ ᠦᠯᠢᠬᠡᠷ | ᠬᠤᠯᠪᠤᠭ᠎ᠠ᠂ ᠠᠷᠠᠳ ᠤᠨ ᠲᠠᠭᠤᠤ ᠵᠡᠷᠬᠡ ᠶᠢ ᠰᠤᠨᠤᠰᠴᠦ ᠰᠤᠨᠢᠷᠬᠠᠬᠤ ᠲᠤᠷᠠᠳᠠᠢ᠃ ᠬᠤᠷᠢᠨ ᠨᠠᠰᠤᠨ ᠤ ᠦᠶ᠎ᠡ | ᠳᠡᠭᠡᠨ ᠲᠦᠷᠪᠡᠨ ᠤᠳᠠᠰᠤᠳᠦ ᠬᠤᠭᠤᠷ ᠢ ᠬᠠᠩᠬᠢᠨᠠᠳᠠᠯ᠎ᠠ ᠰᠠᠶᠢᠬᠠᠨ ᠲᠠᠳᠠᠵᠦ ᠴᠢᠳᠠᠬᠤ ᠪᠤᠯᠪᠠ᠃ ᠢᠩᠬᠢᠬᠡᠳ ᠲᠡᠷᠡ | ᠦᠯᠢᠬᠡᠷ ᠤᠨ ᠲᠠᠪᠳᠠᠷ ᠦᠵᠡᠵᠦ ᠦᠯᠢᠬᠡᠷ ᠴᠡᠬᠡᠵᠢᠯᠠᠨ᠂ ᠦᠯᠢᠬᠡᠷ ᠬᠡᠯᠡᠵᠦ ᠴᠢᠳᠠᠬᠤ ᠬᠢᠷᠢ ᠬᠡᠮᠵᠢᠶ᠎ᠡ ᠲᠠᠢ ᠪᠤᠯᠤᠭᠠᠳ | ᠤᠶᠢᠷ᠎ᠠ ᠤᠷᠴᠢᠮ ᠳᠠᠭᠠᠨ ᠠᠯᠳᠠᠷᠳᠦ ᠬᠤᠭᠤᠴᠢ ᠬᠡᠮᠡᠨ ᠨᠠᠷᠠ ᠠᠯᠳᠠᠷᠰᠢᠪᠠ᠃ ᠠᠯᠳᠠᠠᠭᠠᠳᠠᠰᠦ ᠲᠦᠴᠢᠨ ᠨᠠᠰᠤᠨ ᠤ | ᠦᠶ᠎ᠡ ᠳᠡᠭᠡᠨ ᠰᠢᠷᠡᠬᠡᠳᠦ ᠭᠦᠷᠢᠶ᠎ᠡ ᠶᠢᠨ ᠯᠤᠪᠰᠡᠩᠷᠢᠨᠴᠢᠨ ᠵᠠᠰᠠᠭ ᠯᠠᠮᠠ ᠶᠢᠨ ᠲᠤᠰᠬᠠᠢ ᠬᠤᠭᠤᠷᠴᠢ ᠪᠤᠯᠵᠦ᠂ ︽ | ᠱᠠᠩ ᠤᠯᠤᠰ ᠤᠨ ᠦᠯᠢᠬᠡᠷ︾ ᠢ ᠤᠯᠠᠨ ᠤᠳᠠᠭ᠎ᠠ ᠬᠡᠯᠡᠵᠦ ᠦᠩᠬᠡᠷᠡᠪᠡ᠃ | ᠲᠡᠭᠦᠨ ᠤ ᠬᠡᠯᠡᠭᠰᠡᠨ ᠦᠯᠢᠬᠡᠷ ᠤᠳ ᠬᠡᠪᠡᠯ᠄ ︽ᠵᠡᠭᠦᠨ ᠬᠠᠨ ᠤᠯᠤᠰ ᠤᠨ ᠦᠯᠢᠬᠡᠷ︾᠂ ︽ᠵᠡᠭᠦᠨ ᠯᠢᠶᠦᠦ | ᠤᠯᠤᠰ ᠤᠨ ᠦᠯᠢᠬᠡᠷ︾᠂ ︽ᠲᠠᠩ ᠤᠯᠤᠰ ᠤᠨ ᠯᠢ ᠱᠢ ᠮᠢᠨ ᠤ ᠦᠯᠢᠬᠡᠷ︾᠂ ︽ᠭᠤᠷᠪᠠᠨ ᠤᠯᠤᠰ ᠤᠨ | ᠦᠯᠢᠬᠡᠷ︾ ᠵᠡᠷᠬᠡ ᠪᠠᠶᠢᠬᠤ ᠪᠠᠷ ᠪᠠᠷᠠᠬᠤ ᠦᠬᠡᠢ᠂ ᠰᠡᠭᠦᠯᠴᠢ ᠶᠢᠨ ᠦᠶ᠎ᠡ ᠳᠡᠭᠡᠨ ︽ᠱᠠᠩ ᠤᠯᠤᠰ ᠤᠨ ᠦᠯᠢᠬᠡᠷ︾ | ᠢ ᠤᠯᠠᠨ ᠤᠳᠠᠭ᠎ᠠ ᠬᠡᠯᠡᠵᠦ ᠲᠡᠭᠦᠰᠬᠡᠪᠡ᠃ ᠲᠡᠭᠦᠨ ᠤ ᠦᠯᠢᠬᠡᠷ ᠤᠨ ᠦᠪᠡᠷᠮᠢᠴᠡ ᠤᠨᠴᠠᠯᠢᠭ ᠬᠡᠪᠡᠯ᠄ ᠦᠰᠦᠷᠤᠯᠳᠠ | ᠶᠡᠭᠡ ᠲᠠᠢ᠂ ᠬᠤᠪᠢᠷᠠᠯᠳᠠ ᠤᠯᠠᠨ᠃ ᠲᠡᠷᠡ ᠠᠷᠠᠳ ᠤᠨ ᠲᠠᠭᠤᠤ ᠪᠤᠯᠤᠨ ᠪᠦᠬᠡ ᠶᠢᠨ ᠠᠶ᠎ᠠ ᠶᠢ ᠦᠯᠢᠬᠡᠷ ᠲᠡᠭᠡᠨ | ᠰᠢᠮᠡᠳᠬᠡᠨ ᠠᠷᠠᠳ ᠤᠨ ᠠᠮᠠᠨ ᠶᠠᠷᠢᠶ᠎ᠠ ᠪᠤᠯᠤᠨ ᠬᠡᠪᠰᠢᠮᠠᠯ ᠦᠬᠡ ᠶᠢ ᠤᠷᠭᠠᠨᠢᠭ ᠬᠡᠷᠡᠭᠯᠡᠳᠡᠭ ᠲᠤᠯᠠ ᠦᠯᠢᠬᠡᠷ ᠤᠨ | ᠬᠢᠨᠢ ᠦᠢᠯᠡ ᠶᠠᠪᠤᠳᠠᠯ ᠨᠢ ᠪᠠᠶᠠᠯᠢᠭ᠂ ᠭᠦᠮᠦᠨ ᠤ ᠲᠦᠷᠢ ᠨᠢ ᠠᠮᠢᠳᠤᠯᠢᠭ ᠪᠠᠶᠢᠳᠠᠭ᠃ | ᠠᠯᠳᠠᠠᠭᠠᠳᠠᠰᠦ ᠬᠤᠭᠤᠷᠴᠢ ᠦᠯᠢᠬᠡᠷ ᠰᠠᠶᠢᠨ ᠬᠡᠯᠡᠭᠦ ᠪᠠᠷ ᠦᠯᠦ ᠪᠠᠷᠠᠮ ᠵᠢᠷᠤᠬᠠᠢ ᠨᠤᠮ ᠢ ᠰᠤᠳᠤᠯᠤᠨ | ᠰᠢᠨᠵᠢᠯᠡᠵᠦ ᠬᠤᠷᠢᠮ ᠬᠢᠭᠦ᠂ ᠬᠡᠷ ᠲᠡᠷᠬᠡ ᠪᠠᠷᠢᠬᠤ᠂ ᠭᠠᠳᠠᠭᠰᠢ ᠲᠤᠳᠤᠭᠰᠢ ᠭᠠᠷᠬᠤ᠂ ᠪᠡᠷᠢ ᠭᠤᠶᠤᠬᠤ᠂ ᠲᠠᠷᠠᠴᠢᠯᠠᠨ | ᠭᠦᠦ᠂ ᠦᠭᠢᠨ ᠲᠠᠢ ᠪᠤᠯᠬᠤ ᠵᠡᠷᠬᠡ ᠤᠯᠠᠨ ᠵᠦᠢᠯ ᠤᠨ ᠦᠵᠡᠯᠬᠡ ᠲᠦᠯᠬᠡ ᠦᠵᠡᠵᠦ ᠪᠠᠶᠢᠵᠠᠢ᠃ ᠲᠡᠷᠡ ᠪᠠᠰᠠ ᠭᠠᠯ | ᠲᠠᠬᠢᠬᠤ᠂ ᠲᠡᠭᠷᠢ ᠲᠠᠬᠢᠬᠤ᠂ ᠦᠳᠦᠷᠮ᠎ᠠ ᠲᠠᠬᠢᠬᠤ᠂ ᠤᠪᠤᠭ᠎ᠠ ᠲᠠᠬᠢᠬᠤ᠂ ᠨᠤᠳᠤᠭ ᠤᠰᠦ ᠠᠷᠢᠭᠤᠳᠬᠠᠬᠤ ᠮᠠᠳᠦ | ᠶᠢᠨ ᠵᠠᠩ ᠦᠢᠯᠡ ᠶᠢᠨ ᠠᠵᠢᠯᠯᠠᠭ᠎ᠠ ᠶᠢ ᠪᠤᠰᠤᠳ ᠤᠨ ᠵᠠᠯᠠᠯᠭ᠎ᠠ ᠪᠠᠷ ᠬᠢᠵᠦ ᠦᠢᠯᠡᠳᠵᠦ ᠪᠠᠶᠢᠵᠠᠢ᠃ | ᠠᠯᠳᠠᠠᠭᠠᠳᠠᠰᠦ ᠪᠤᠯ ᠭᠦᠷᠢᠶ᠎ᠡ ᠬᠤᠰᠢᠭᠤᠨ ᠤ ᠬᠠᠷ᠎ᠠ ᠡᠷᠬᠢ ᠶᠢᠨ ᠷᠢᠨᠴᠢᠨ ᠬᠤᠭᠤᠷᠴᠢ ᠶᠢᠨ ᠨᠠᠭᠠᠴᠦ ᠡᠪᠦᠭᠡ | ᠨᠢ ᠪᠤᠯᠤᠨ᠎ᠠ᠃ ᠲᠡᠭᠦᠨ ᠤ ᠭᠦᠦ᠂ ᠦᠬᠢᠨ ᠨᠢ ᠪᠦᠷ ᠨᠠᠰᠦ ᠪᠠᠷᠠᠭᠰᠠᠨ ᠪᠦᠬᠡᠳ ᠤᠮᠪᠤᠯᠤ ᠲᠤᠮᠪᠤᠯᠤ ᠨᠢ ᠲᠡᠭᠦᠨ ᠤ | ᠲᠤᠬᠠᠢ ᠤᠭᠳᠦ ᠮᠡᠳᠡᠭᠦ ᠦᠬᠡᠢ ᠲᠤᠯᠠ ᠲᠡᠭᠦᠨ ᠤ ᠵᠢᠬᠡ ᠪᠡᠷᠢ ᠨᠢ ᠬᠡᠷᠡᠯ ︵17 ᠨᠠᠰᠤᠳᠠᠢ︶ ᠲᠡᠬᠡᠷᠡᠬᠢ ᠪᠠᠶᠢᠳᠠᠯ ᠢ | ᠬᠡᠯᠡᠵᠦ ᠦᠭᠭᠦᠪᠡ᠃ ︵ᠬᠠᠷ᠎ᠠ ᠡᠷᠬᠢ ᠶᠢᠨ ᠬᠡᠷᠡᠯ ᠬᠡᠯᠡᠵᠦ᠂ ᠰ᠊᠂ ᠠᠶᠤᠯᠭᠦᠢ ᠡᠮᠭᠢᠳᠬᠡᠪᠡ︶ |