ᠠᠯᠳᠠᠭᠠᠨ᠎ᠠ ᠶᠢᠨ ᠫᠧᠩᠰᠡᠳᠦ ᠤᠷᠠᠯᠢᠭ
ᠨᠡᠶᠢᠲᠡᠯᠡᠭᠰᠡᠨ ᠴᠠᠭ᠄
2024/1/17
   ᠠᠯᠳᠠᠭᠠᠨ᠎ᠠ ᠬᠡᠭᠴᠢ ᠠᠯᠳᠠᠨ ᠰᠢᠷᠭᠠᠯ ᠬᠤᠸᠠᠷ ᠲᠡᠯᠬᠡᠷᠡᠳᠡᠭ᠂ ᠭᠠᠩ ᠬᠠᠭᠤᠷᠠᠢ ᠳᠤ ᠲᠡᠰᠪᠦᠷᠢᠳᠠᠢ ᠪᠦᠭᠦᠶᠢᠯᠡ ᠪᠡᠶ᠎ᠡ ᠳᠡᠭᠡᠨ ᠦᠷᠬᠡᠰᠦ ᠲᠠᠢ ᠪᠤᠳᠠᠯᠢᠭ ᠤᠷᠭᠤᠮᠠᠯ ᠢ ᠬᠡᠯᠡᠨ᠎ᠡ᠂ ᠪᠠᠰᠠ ᠠᠯᠳᠠᠨ ᠬᠠᠷᠭᠠᠨ᠎ᠠ ᠬᠡᠵᠦ ᠬᠡᠯᠡᠳᠡᠭ᠃ ᠭᠦᠷᠢᠶ᠎ᠡ ᠨᠤᠳᠤᠭ ᠲᠤ ᠠᠯᠳᠠᠭᠠᠨ᠎ᠠ ᠤᠯᠠᠨ ᠤᠷᠭᠤᠳᠠᠭ᠃ ᠲᠤᠰ ᠤᠷᠭᠤᠮᠠᠯ ᠨᠢ ᠮᠠᠩᠬᠠᠯᠢᠭ ᠭᠠᠵᠠᠷ ᠰᠠᠶᠢᠨ ᠤᠷᠭᠤᠳᠠᠭ ᠲᠤᠯᠠ ᠡᠯᠡᠰᠦ ᠮᠠᠩᠬ᠎ᠠ ᠶᠢ ᠲᠤᠭᠳᠠᠪᠤᠷᠢᠵᠢᠭᠤᠯᠬᠤ᠂ ᠭᠦᠷᠦᠰᠦ ᠰᠢᠷᠤᠢ ᠶᠢ ᠬᠠᠮᠠᠭᠠᠯᠠᠬᠤ᠂ ᠠᠮᠢ ᠠᠬᠤᠢ  ᠶᠢ ᠰᠠᠶᠢᠵᠢᠷᠠᠭᠤᠯᠬᠤ ᠦᠢᠯᠡᠳᠦᠯ ᠲᠠᠢ ᠪᠠᠷ ᠦᠯᠦ ᠪᠠᠷᠠᠨ ᠦᠬᠡᠢ᠂ ᠬᠤᠨᠢ᠂ ᠢᠮᠠᠭ᠎ᠠ᠂ ᠲᠡᠮᠡᠭᠡ ᠵᠡᠷᠬᠡ ᠮᠠᠯ ᠤᠨ ᠢᠳᠡᠰᠢ ᠪᠤᠯᠳᠠᠭ᠃ ᠲᠡᠭᠦᠨ ᠤ ᠨᠤᠯ ᠨᠤᠭᠤᠭᠠᠨ ᠨᠠᠪᠴᠢ᠂ ᠠᠯᠳᠠᠨ ᠰᠢᠷᠭᠠᠯ ᠬᠤᠸᠠᠷ᠂ ᠬᠠᠪ ᠬᠠᠳᠠᠭᠤ ᠪᠡᠶ᠎ᠡ᠂ ᠭᠦᠨ ᠬᠠᠳᠬᠤᠬᠤ ᠦᠨᠳᠦᠰᠦ᠂ ᠡᠳᠡᠬᠡᠳ ᠰᠤᠨᠢᠨ ᠲᠦᠷᠢ ᠨᠢ ᠫᠧᠩᠰᠡᠳᠦ ᠤᠷᠠᠯᠢᠭ ᠤᠨ ᠪᠤᠢ ᠪᠦᠭᠦᠢ ᠤᠨᠴᠠᠯᠢᠭ ᠢ ᠢᠯᠡᠷᠡᠭᠦᠯᠵᠦ ᠭᠦᠮᠦᠰ ᠤᠨ ᠲᠤᠷ᠎ᠠ ᠪᠠᠬ᠎ᠠ ᠶᠢ ᠲᠠᠳᠠᠵᠦ ᠪᠠᠶᠢᠨ᠎ᠠ᠃ ᠨᠡᠩ ᠴᠦ ᠪᠤᠤ ᠴᠢᠤᠸᠠᠨ ᠢᠶᠠᠷ ᠲᠦᠯᠦᠬᠡᠯᠡᠭᠦᠯᠦᠭᠰᠡᠨ ᠨᠢᠬᠡ ᠪᠦᠯᠦᠭ ᠤᠷᠠᠯᠢᠭᠴᠢᠳ ᠤᠨ ᠤᠶᠤᠨ ᠤᠬᠠᠭᠠᠨ ᠢᠶᠠᠷ ᠤᠯᠠᠨ ᠠᠷᠪᠢᠨ ᠪᠦᠳᠦᠬᠡᠯ ᠪᠦᠳᠦᠬᠡᠭᠳᠡᠵᠦ᠂ ᠲᠠᠷᠡ ᠤᠯᠠᠨ ᠠᠯᠳᠠᠭᠠᠨ᠎ᠠ ᠶᠢᠨ ᠫᠧᠩᠰᠡᠳᠦ ᠤᠷᠠᠯᠢᠭ ᠨᠢ ᠵᠤᠭᠠᠴᠠᠯ ᠤᠨ ᠬᠢᠯᠡᠰ ᠴᠡᠭ ᠪᠤᠯᠵᠦ᠂ ᠤᠯᠠᠨ ᠤᠯᠠᠨ ᠲᠦᠷᠢ ᠲᠦᠷᠭᠦ᠂ ᠤᠷᠠᠯᠢᠭ ᠴᠢᠨᠠᠷ ᠢᠶᠠᠷ ᠢᠶᠠᠨ ᠭᠦᠮᠦᠰ ᠤᠨ ᠠᠩᠬᠠᠷᠤᠯ ᠢ ᠲᠠᠳᠠᠵᠦ ᠪᠤᠢ᠃ ᠡᠳᠡᠬᠡᠷ  ᠨᠢ ᠤᠷᠤᠨ ᠨᠤᠳᠤᠭ ᠲᠤ ᠪᠠᠶᠢᠭ᠎ᠠ ᠦᠨᠳᠦᠰᠦᠳᠠᠨ ᠤ ᠤᠨᠴᠠᠯᠢᠭ ᠰᠢᠨᠵᠢ ᠶᠢ ᠢᠯᠡᠷᠡᠭᠦᠯᠵᠦ᠂ ᠫᠧᠩᠰᠡᠳᠦ ᠤᠷᠠᠯᠢᠭ  ᠤᠨ ᠭᠤᠤᠯ ᠤᠨᠴᠠᠯᠢᠭ ᠢ ᠢᠯᠡᠷᠡᠭᠦᠯᠦᠨ ᠭᠦᠮᠦᠰ ᠤᠨ ᠠᠩᠬᠠᠷᠤᠯ ᠢ ᠲᠠᠳᠠᠵᠦ ᠪᠠᠶᠢᠭ᠎ᠠ ᠶᠤᠮ᠃
                  ᠠᠯᠳᠠᠭᠠᠨ᠎ᠠ ᠶᠢᠨ ᠫᠧᠩᠰᠡᠳᠦ ᠤᠷᠠᠯᠢᠭ ᠤᠨ ᠤᠷ᠎ᠠ ᠮᠡᠷᠬᠡᠵᠢᠯ    ᠫᠧᠩᠰᠡᠳᠦ ᠤᠷᠠᠯᠢᠭ ᠪᠤᠯ ᠤᠯᠠᠨ ᠵᠦᠢᠯ ᠤᠨ ᠮᠤᠳᠤᠯᠢᠭ ᠤᠷᠭᠤᠮᠠᠯ ᠢ ᠤᠯᠠᠨ ᠵᠦᠢᠯ ᠤᠨ ᠲᠦᠷᠢ ᠲᠦᠷᠰᠦ  ᠲᠠᠢ ᠪᠤᠯᠭᠠᠨ ᠵᠠᠰᠠᠵᠦ ᠪᠡᠶ᠎ᠡ ᠶᠢᠨ ᠬᠢᠨᠢ ᠪᠠᠶᠢᠳᠠᠯ ᠳᠤ ᠲᠤᠬᠢᠷᠠᠭᠤᠯᠵᠦ ᠶᠡᠭᠡ ᠪᠠᠭ᠎ᠠ ᠫᠧᠩᠰᠡᠨ ᠲᠤᠳᠤᠷ᠎ᠠ ᠵᠠᠶᠢᠯᠠᠵᠦ ᠤᠷᠭᠤᠭᠤᠯᠤᠭᠰᠠᠨ ᠤ ᠲᠠᠷᠠᠭ᠎ᠠ ᠦᠵᠡᠮᠦᠷᠢ ᠪᠤᠯᠭᠠᠳᠠᠭ ᠤᠷᠠᠯᠢᠭ ᠪᠤᠯᠤᠨ᠎ᠠ᠃ ᠫᠧᠩᠰᠡᠳᠦ ᠤᠷᠠᠯᠢᠭ ᠤᠨ ᠮᠡᠷᠬᠡᠵᠢᠯ  ᠳᠤ ᠡᠶᠢᠮᠦ ᠬᠡᠳᠦᠨ ᠵᠦᠢᠯ ᠱᠠᠭᠠᠷᠳᠠᠭᠳᠠᠨ᠎ᠠ᠃    1. ᠤᠷᠭᠤᠮᠠᠯ ᠤᠨ ᠪᠤᠳᠠᠳᠦ ᠪᠠᠶ᠎ᠠ ᠶᠢ ᠦᠵᠡᠵᠦ ᠲᠠᠨᠢᠬᠤ ᠤᠷᠠᠯᠢᠭ ᠮᠡᠳᠡᠷᠡᠭᠦᠢ ᠪᠠᠶᠢᠬᠤ ᠬᠡᠷᠡᠭᠳᠡᠢ᠃ ᠠᠯᠳᠠᠭᠠᠨ᠎ᠠ ᠪᠤᠯ ᠦᠨᠳᠦᠷ ᠪᠦᠳᠦᠭᠦᠨ ᠤᠷᠭᠤᠳᠠᠭ ᠦᠬᠡᠢ ᠪᠤᠳᠠᠯᠢᠭ ᠤᠷᠭᠤᠮᠠᠯ᠂ ᠲᠡᠭᠦᠨ ᠤ ᠦᠨᠳᠦᠰᠦ ᠪᠠ ᠪᠡᠶ᠎ᠡ  ᠶᠢᠨ ᠠᠭᠤᠯᠵᠠᠭᠤᠷ ᠬᠡᠰᠡᠭ ᠨᠢ ᠪᠦᠳᠦᠭᠦᠨ ᠰᠢᠭ ᠪᠠᠶᠢᠵᠦ᠂ ᠮᠤᠷᠤᠢ ᠰᠡᠷᠤᠢ᠂ ᠠᠷᠵᠠᠭ ᠪᠠᠷᠵᠠᠭ ᠪᠠᠶᠢᠳᠠᠭ ᠶᠤᠮ᠃  ᠲᠡᠬᠡᠭᠦ ᠪᠠᠷ  ᠲᠡᠷᠡ ᠨᠢ  ᠫᠧᠩᠰᠡᠳᠦ  ᠤᠷᠠᠯᠢᠭ  ᠪᠤᠯᠬᠤ ᠶᠢᠨ  ᠬᠠᠮᠤᠭ ᠤᠨ ᠦᠨᠳᠦᠰᠦᠨ ᠨᠦᠭᠦᠴᠡᠯ ᠪᠤᠯᠵᠦ ᠪᠦᠷᠢᠯᠳᠦᠨ᠎ᠡ᠃ ᠡᠯᠡᠰᠦ ᠮᠠᠩᠬ᠎ᠠ᠂ ᠡᠷᠬᠢ ᠵᠢᠯᠠᠭ᠎ᠠ ᠪᠠᠷ ᠤᠷᠭᠤᠵᠦ ᠪᠠᠶᠢᠭ᠎ᠠ ᠠᠯᠳᠠᠭᠠᠨ᠎ᠠ ᠶᠢ ᠦᠵᠡᠬᠡᠳ ᠶᠠᠭᠠᠬᠢᠵᠦ ᠵᠠᠰᠠᠵᠦ᠂ ᠶᠠᠭᠠᠬᠢᠵᠦ ᠵᠠᠶᠢᠯᠠᠵᠦ ᠤᠷᠭᠤᠭᠤᠯᠬᠤ ᠶᠢ ᠡᠷᠬᠡᠪᠰᠢ ᠦᠵᠡᠨ ᠭᠠᠷᠴᠦ ᠴᠢᠳᠠᠬᠤ ᠬᠡᠷᠡᠭᠳᠡᠢ᠃    2. ᠠᠯᠳᠠᠭᠠᠨ᠎ᠠ ᠶᠢᠨ ᠫᠧᠩᠰᠡᠳᠦ ᠤᠷᠠᠯᠢᠭ ᠬᠢᠭᠦ ᠳᠤ ᠬᠠᠮᠤᠭ ᠤᠨ ᠲᠦᠷᠦᠭᠦᠦ ᠦᠵᠡᠵᠦ ᠬᠠᠷᠠᠭᠰᠠᠨ ᠲᠡᠷᠡ ᠵᠤᠬᠢᠰᠳᠠᠢ ᠠᠯᠳᠠᠭᠠᠨ᠎ᠠ ᠪᠠᠨ ᠲᠡᠮᠳᠡᠭ ᠲᠠᠯᠪᠢᠵᠦ ᠡᠷᠢᠵᠦ ᠠᠪᠤᠭᠠᠳ ᠬᠡᠷᠡᠭᠴᠡᠭᠡ ᠶᠢᠨ ᠬᠢᠷᠢ ᠪᠠᠷ ᠢᠶᠠᠨ ᠤᠬᠤᠵᠦ ᠠᠪᠬᠤ ᠪᠤᠶᠦ ᠬᠠᠶᠢᠴᠢᠯᠠᠵᠦ ᠠᠪᠤᠭᠠᠳ᠂ ᠶᠡᠭᠡ ᠪᠠᠭ᠎ᠠ ᠪᠦᠳᠦᠭᠦᠨ ᠨᠠᠷᠢᠨ ᠢ ᠨᠢ ᠦᠵᠡᠵᠦ ᠪᠠᠶᠢᠭᠠᠳ ᠫᠧᠩᠰᠡᠨ  ᠳᠡᠭᠡᠨ ᠵᠠᠶᠢᠯᠠᠵᠦ ᠲᠠᠯᠪᠢᠨ᠎ᠠ᠃ ᠵᠠᠶᠢᠯᠠᠬᠤ ᠳᠠᠭᠠᠨ ᠬᠠᠯᠠᠭᠤᠨ ᠭᠦᠢᠳᠡᠨ᠂ ᠬᠠᠭᠤᠷᠠᠢ ᠨᠤᠶᠢᠳᠡᠨ᠂ ᠭᠦᠨ ᠭᠦᠢᠬᠡᠨ᠂ ᠭᠦᠷᠦᠰᠦ ᠰᠢᠷᠤᠢ ᠵᠡᠷᠬᠡ ᠶᠢ ᠪᠦᠷ ᠵᠤᠬᠢᠰᠳᠠᠢ ᠵᠤᠬᠢᠴᠠᠭᠤᠯᠵᠦ᠂ ᠡᠳᠡᠬᠡᠷᠡᠯᠳᠠ ᠶᠢᠨ ᠨᠤᠷᠮ᠎ᠠ ᠶᠢ ᠪᠠᠳᠤᠯᠠᠭᠰᠠᠨ ᠪᠠᠶᠢᠬᠤ ᠬᠡᠷᠡᠭᠳᠡᠢ᠃    3. ᠠᠯᠳᠠᠭᠠᠨ᠎ᠠ ᠪᠠᠨ ᠵᠠᠶᠢᠯᠡᠵᠦ ᠡᠳᠡᠬᠡᠷᠡᠭᠦᠯᠦᠭᠰᠡᠨ ᠤ ᠬᠤᠶᠢᠨ᠎ᠠ ᠠᠯᠢ ᠰᠠᠯᠠᠭ᠎ᠠ ᠶᠢ ᠨᠢ ᠶᠠᠭᠠᠬᠢᠵᠦ ᠵᠠᠰᠠᠬᠤ᠂ ᠠᠯᠢ ᠦᠨᠳᠦᠰᠦ ᠶᠢ ᠨᠢ ᠶᠠᠮᠠᠷ ᠬᠡᠯᠪᠡᠷᠢ ᠲᠦᠷᠰᠦ ᠲᠠᠢ ᠪᠤᠯᠭᠠᠨ ᠤᠷᠭᠤᠭᠤᠯᠬᠤ ᠵᠡᠷᠬᠡ ᠶᠢ ᠫᠧᠩᠰᠡᠳᠦ ᠤᠷᠠᠯᠢᠭ ᠤᠨ ᠵᠢᠮ᠎ᠡ ᠪᠤᠶᠦ ᠦᠪᠡᠷ ᠤᠨ ᠤᠷᠠᠯᠢᠭ ᠤᠨ ᠰᠡᠳᠬᠢᠴᠡ ᠪᠠᠷ ᠢᠶᠠᠨ ᠦᠵᠡᠵᠦ ᠵᠠᠰᠠᠨ᠎ᠠ᠃ ᠮᠦᠨ ᠴᠦ ᠠᠯᠢ ᠰᠠᠯᠠᠭ᠎ᠠ ᠶᠢ  ᠨᠢ ᠶᠠᠭᠠᠬᠢᠵᠦ ᠲᠠᠯᠪᠢᠬᠤ᠂ ᠲᠡᠬᠡᠭᠰᠢ ᠲᠤᠷᠤᠭᠰᠢ ᠤᠷᠭᠤᠭᠤᠯᠬᠤ ᠶᠢ ᠤᠷᠠᠯᠢᠭ ᠤᠨ ᠬᠠᠷᠠᠭᠠᠰᠦ ᠠᠴᠠ ᠵᠠᠰᠠᠵᠦ ᠵᠠᠯᠠᠭᠠᠳ ᠪᠦᠷᠢᠨ ᠭᠦᠢᠴᠡᠳ ᠨᠢᠬᠡ ᠤᠷᠠᠯᠢᠭ ᠤᠨ ᠪᠦᠳᠦᠬᠡᠯ ᠪᠤᠯᠭᠠᠨ᠎ᠠ᠃    4. ᠤᠷᠭᠤᠵᠦ ᠭᠦᠢᠴᠡᠭᠰᠡᠨ ᠴᠦ  ᠦᠷᠭᠦᠯᠵᠢᠯᠡᠨ  ᠤᠷᠳᠦ  ᠬᠤᠭᠤᠴᠠᠭ᠎ᠠ  ᠠᠷᠠᠴᠢᠯᠠᠭ᠎ᠠ  ᠵᠠᠰᠠᠯᠭ᠎ᠠ  ᠱᠠᠭᠠᠷᠳᠠᠭᠳᠠᠨ᠎ᠠ᠃ ᠡᠳᠦᠷ ᠪᠦᠷᠢ ᠤᠰᠤᠯᠠᠬᠤ ᠪᠠ ᠬᠠᠶᠢᠴᠢᠯᠠᠵᠦ ᠵᠠᠰᠠᠬᠤ᠂ ᠵᠠᠯᠠᠵᠦ ᠡᠪᠰᠢᠭᠦᠯᠭᠦ ᠵᠡᠷᠬᠡ ᠤᠯᠠᠨ ᠮᠡᠷᠬᠡᠵᠢᠯ ᠤᠷᠤᠳᠠᠭ᠃ ᠡᠨᠡ ᠭᠦ ᠮᠡᠷᠬᠡᠵᠢᠯ ᠨᠢ ᠲᠡᠶᠢᠮᠦ ᠲᠤᠭᠳᠠᠭᠰᠠᠨ ᠨᠢᠬᠡᠨ ᠬᠡᠪ ᠵᠢᠷᠤᠮ ᠬᠡᠵᠦ ᠪᠠᠶᠢᠳᠠᠭ ᠦᠬᠡᠢ᠂ ᠵᠦᠪᠬᠡᠨ ᠪᠤᠳᠠᠳᠠᠢ ᠤᠷᠠᠯᠢᠭ ᠤᠨ ᠤᠷᠴᠢᠨ ᠳᠤ ᠭᠦᠷᠴᠦ ᠢᠯᠡᠷᠡᠳᠡᠭ ᠶᠤᠮ᠃
 
ᠢᠷᠡᠯᠲᠡ᠄ ︽ᠲᠠᠯ᠎ᠠ ᠨᠤᠳᠤᠭ ᠤᠨ ᠨᠡᠭᠦᠳᠡᠯ ᠮᠠᠵᠢᠯ ᠤᠨ ᠰᠤᠶᠤᠯ ᠤᠨ ᠲᠡᠮᠳᠡᠭ︾ ᠴᠤᠪᠤᠷᠠᠯ ᠪᠢᠴᠢᠭ ᠳᠠᠬᠢ ᠭᠦᠷᠢᠶ᠎ᠡ ᠬᠤᠰᠢᠭᠤᠨ ᠤ ᠪᠤᠳᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号