ᠤᠰᠤ ᠪᠣᠯ ᠠᠮᠢ ᠨᠠᠰᠤᠨ ᠤ ᠡᠬᠢ ᠪᠤᠯᠠᠭ ᠮᠦᠨ᠂ ᠲᠡᠷᠡ ᠨᠢ ᠬᠦᠮᠦᠨ ᠤ ᠪᠡᠶ᠎ᠡ ᠶᠢᠨ ᠴᠢᠬᠤᠯᠠ ᠪᠦᠷᠢᠯᠳᠦᠬᠦᠨ | ᠪᠣᠯᠬᠤ ᠪᠠᠷ ᠪᠠᠷᠠᠬᠤ ᠦᠭᠡᠢ᠂ ᠬᠦᠮᠦᠨ ᠤ ᠡᠷᠡᠭᠦᠯ ᠮᠡᠨᠳᠦ ᠳᠤ ᠴᠢᠬᠤᠯᠠ ᠦᠢᠯᠡᠳᠦᠯ ᠦᠵᠡᠭᠦᠯᠳᠡᠭ᠃ | ᠡᠳᠦᠷ ᠳᠣᠲᠤᠮ ᠤᠨ ᠠᠮᠢᠳᠤᠷᠠᠯ ᠳᠤᠮᠳᠠ ᠤᠤᠭᠤᠬᠤ ᠤᠰᠤ ᠶᠢᠨ ᠬᠡᠮᠵᠢᠶ᠎ᠡ ᠨᠢ ᠬᠦᠷᠦᠯᠴᠡᠬᠦ ᠦᠭᠡᠢ ᠪᠣᠯ | ᠲᠤᠯᠠᠢ ᠡᠪᠡᠳᠴᠢᠨ᠂ ᠰᠢᠭᠡᠰᠦ ᠰᠢᠭᠦᠷᠡᠭᠦᠯᠬᠦ ᠰᠢᠰᠲ᠋ᠧᠮ ᠤᠨ ᠬᠠᠯᠳᠠᠪᠤᠷᠢᠯᠠᠯ᠂ ᠪᠦᠭᠡᠷ᠎ᠡ ᠴᠢᠯᠠᠭᠤᠵᠢᠬᠤ᠂ ᠪᠠᠭᠠᠰᠤ | ᠬᠤᠷᠭᠤᠰᠤᠯᠠᠬᠤ᠂ ᠲᠠᠷᠭᠤᠯᠠᠬᠤ ᠵᠡᠷᠭᠡ ᠡᠪᠡᠳᠴᠢᠨ ᠳᠤ ᠨᠡᠷᠪᠡᠭᠳᠡᠬᠦ ᠲᠥᠭᠰᠢᠭᠦᠷᠢ ᠶᠢ ᠨᠡᠮᠡᠭᠳᠡᠭᠦᠯᠬᠦ ᠪᠣᠯᠤᠨ᠎ᠠ᠃ | ᠡᠭᠦᠨ ᠠᠴᠠ ᠭᠠᠳᠠᠨ᠎ᠠ᠂ ᠤᠰᠤ ᠳᠤᠲᠠᠬᠤ ᠨᠢ ᠬᠦᠮᠦᠨ ᠢ ︽ᠲᠡᠨᠡᠭ︾ ᠪᠤᠯᠭᠠᠨ᠎ᠠ᠂ ᠤᠤᠭᠤᠬᠤ ᠤᠰᠤᠨ ᠤ | ᠬᠡᠮᠵᠢᠶ᠎ᠡ ᠨᠢ ᠬᠦᠷᠦᠯᠴᠡᠬᠦ ᠦᠭᠡᠢ ᠪᠣᠯ ᠲᠠᠨᠢᠨ ᠮᠡᠳᠡᠷᠡᠬᠦᠢ ᠶᠢᠨ ᠴᠢᠳᠠᠪᠤᠷᠢ ᠨᠢ ᠢᠯᠡᠳᠲᠡ ᠬᠠᠷᠰᠢᠯᠠᠭᠳᠠᠳᠠᠭ᠃ | | | | ᠱᠠᠩᠬᠠᠢ ᠬᠤᠲᠠ ᠶᠢᠨ ᠵᠢᠷᠭᠤᠳᠤᠭᠠᠷ ᠠᠷᠠᠳ ᠤᠨ ᠡᠮᠨᠡᠯᠭᠡ ᠶᠢᠨ ᠬᠤᠷᠢᠶ᠎ᠠ ᠶᠢᠨ ᠰᠤᠳᠤᠯᠭᠠᠨ ᠤ ᠪᠦᠯᠬᠦᠮ ᠨᠢ | ᠢᠳᠡᠷ ᠥᠳᠡᠯᠦᠭᠡ ᠨᠠᠰᠤᠨ ᠤ ᠬᠦᠮᠦᠰ ᠤᠨ ᠤᠮᠳᠠᠭᠠᠨ ᠤ ᠬᠡᠷᠡᠭᠯᠡᠭᠡ ᠪᠣᠯᠤᠨ ᠲᠠᠨᠢᠨ ᠮᠡᠳᠡᠷᠡᠬᠦᠢ ᠶᠢᠨ ᠬᠠᠷᠰᠢ | ᠰᠠᠭᠠᠳ ᠲᠤ ᠨᠡᠷᠪᠡᠭᠳᠡᠬᠦ ᠶᠢᠨ ᠬᠤᠭᠤᠷᠤᠨᠳᠡᠬᠢ ᠬᠠᠷᠢᠴᠠᠭᠠᠨ ᠤ ᠲᠤᠬᠠᠢ ᠰᠣᠳᠤᠯᠭᠠᠨ ᠬᠢᠭᠰᠡᠨ ᠤ ᠦᠷ᠎ᠡ ᠳ᠋ᠦᠩ ᠠᠴᠠ | ᠣᠯᠵᠤ ᠮᠡᠳᠡᠭᠰᠡᠨ ᠨᠢ᠄ ᠤᠰᠤ ᠤᠤᠭᠤᠬᠤ᠂ ᠴᠠᠢ ᠤᠤᠭᠤᠬᠤ᠂ ᠺᠣᠹᠧ ᠤᠤᠭᠤᠬᠤ᠂ ᠰᠦ ᠤᠤᠭᠤᠬᠤ ᠨᠢ ᠴᠦᠮ | ᠲᠠᠨᠢᠨ ᠮᠡᠳᠡᠷᠡᠬᠦᠢ ᠶᠢᠨ ᠬᠠᠷᠰᠢ ᠰᠠᠭᠠᠳ ᠲᠤ ᠨᠡᠷᠪᠡᠭᠳᠡᠬᠦ ᠶᠢ ᠰᠡᠷᠭᠡᠶᠢᠯᠡᠬᠦ ᠳᠤ ᠲᠤᠰᠠᠲᠠᠢ᠂ ᠬᠡᠷᠪᠡ ᠡᠳᠦᠷ ᠪᠦᠷᠢ ᠶᠢᠨ | ᠤᠤᠭᠤᠭᠰᠠᠨ ᠤᠰᠤᠨ ᠤ ᠬᠡᠮᠵᠢᠶ᠎ᠡ ᠨᠢ 1500 ᠮᠢᠯᠢᠯᠢᠲᠷ ︵ᠢᠯᠠᠩᠭᠤᠶ᠎ᠠ 500 ᠮᠢᠯᠢᠯᠢᠲᠷ︶ ᠠᠴᠠ ᠪᠠᠭ᠎ᠠ ᠪᠣᠯ | ᠲᠠᠨᠢᠨ ᠮᠡᠳᠡᠷᠡᠬᠦᠢ ᠶᠢᠨ ᠬᠠᠷᠰᠢ ᠰᠠᠭᠠᠳ ᠲᠤ ᠬᠢᠯᠪᠠᠷᠬᠠᠨ ᠨᠡᠷᠪᠡᠭᠳᠡᠬᠦ ᠪᠣᠯᠤᠨ᠎ᠠ᠃ | ᠭᠡᠪᠡᠴᠦ ᠲᠠᠨᠢᠨ ᠮᠡᠳᠡᠷᠡᠬᠦᠢ ᠶᠢᠨ ᠬᠠᠷᠰᠢ ᠰᠠᠭᠠᠳ ᠲᠤ ᠨᠡᠷᠪᠡᠭᠳᠡᠬᠦ ᠲᠥᠭᠰᠢᠭᠦᠷᠢ ᠶᠢ ᠪᠠᠭᠠᠰᠬᠠᠬᠤ ᠶᠢᠨ | ᠲᠥᠯᠦᠭᠡ ᠬᠡᠲᠦᠷᠡᠲᠡᠯ᠎ᠡ ᠤᠰᠤ ᠤᠤᠭᠤᠬᠤ ᠨᠢ ᠵᠣᠬᠢᠰ ᠦᠭᠡᠢ᠂ ᠤᠰᠤ ᠳᠤᠲᠠᠭᠳᠠᠬᠤ ᠪᠣᠶᠤ ᠬᠡᠲᠦᠷᠡᠲᠡᠯ᠎ᠡ | ᠤᠤᠭᠤᠬᠤ ᠨᠢ ᠴᠦᠮ ᠲᠠᠨᠢᠨ ᠮᠡᠳᠡᠷᠡᠬᠦᠢ ᠶᠢᠨ ᠴᠢᠳᠠᠪᠤᠷᠢ ᠶᠢ ᠬᠤᠬᠢᠷᠠᠭᠤᠯᠳᠠᠭ᠃ | | | | | ᠪᠣᠴᠠᠯᠤᠭᠰᠠᠨ ᠤᠰᠤ ᠨᠢ ᠠᠮᠲᠠ ᠪᠠᠷ ᠠᠨᠠᠢ ᠲᠤᠯᠠ ᠤᠯᠠᠩᠬᠢ ᠬᠦᠮᠦᠰ ᠤᠤᠭᠤᠬᠤ ᠳᠤᠷ᠎ᠠ ᠦᠭᠡᠢ ᠪᠠᠶᠢᠳᠠᠭ᠃ | ᠲᠡᠭᠡᠪᠡᠯ᠂ ᠶᠠᠮᠠᠷ ᠶᠠᠮᠠᠷ ᠤᠮᠳᠠᠭᠠᠨ ᠢᠶᠠᠷ ᠪᠣᠴᠠᠯᠤᠭᠰᠠᠨ ᠤᠰᠤ ᠶᠢ ᠣᠷᠤᠯᠠᠭᠤᠯᠵᠤ ᠪᠣᠯᠬᠤ ᠪᠣᠢ︖ | | | | 1.ᠴᠠᠢ ᠤᠤᠭᠤᠬᠤ | ᠰᠢᠩᠭᠡᠨ ᠴᠠᠢ ᠤᠤᠭᠤᠬᠤ ᠨᠢ ᠪᠡᠶ᠎ᠡ ᠳᠤ ᠨᠡᠩ ᠰᠠᠶᠢᠨ᠃ ᠴᠠᠢ ᠨᠢ ᠪᠢᠤᠯᠤᠬᠢ ᠶᠢᠨ ᠬᠤᠵᠢᠷ᠂ ᠤᠷᠭᠤᠮᠠᠯ ᠤᠨ | ᠥᠩᠭᠡᠯᠡᠭᠴᠢ ᠡᠳ᠋ ᠪᠣᠯᠤᠨ ᠦᠨᠦᠷᠲᠦ ᠪᠣᠳᠠᠰ ᠵᠡᠷᠭᠡ ᠠᠭᠤᠯᠤᠭᠳᠠᠳᠠᠭ ᠪᠣᠯᠬᠤᠷ ᠥᠪᠡᠷᠮᠢᠴᠡ ᠦᠨᠦᠷ ᠠᠮᠲᠠ ᠲᠠᠢ | ᠪᠦᠭᠡᠳ ᠢᠰᠦᠯᠳᠦᠬᠦ ᠶᠢ ᠡᠰᠡᠷᠭᠦᠴᠡᠬᠦ ᠳᠤ ᠲᠤᠰᠠᠲᠠᠢ᠃ | ᠵᠢᠷᠤᠭ4 | 2.ᠨᠢᠮᠪᠡᠭᠡ ᠲᠠᠢ ᠤᠰᠤ | ᠨᠢᠮᠪᠡᠭᠡ ᠲᠠᠢ ᠤᠰᠤ ᠨᠢ ᠪᠠᠭ᠎ᠠ ᠰᠢᠬᠢᠷᠯᠢᠭ᠂ ᠤᠤᠭᠤᠬᠤ ᠳᠤ ᠨᠡᠩ ᠠᠮᠲᠠ ᠲᠠᠢ ᠰᠠᠨᠠᠭᠳᠠᠳᠠᠭ᠃ ᠰᠢᠨ᠎ᠡ | ᠰᠤᠷᠭᠤᠭ ᠨᠢᠮᠪᠡᠭᠡ ᠨᠢ ᠬᠠᠲᠠᠭᠠᠭᠰᠠᠨ ᠨᠢᠮᠪᠡᠭᠡ ᠲᠠᠢ ᠬᠠᠷᠢᠴᠠᠭᠤᠯᠪᠠᠯ ᠬᠦᠮᠦᠨ ᠤ ᠪᠡᠶ᠎ᠡ ᠶᠢᠨ ᠡᠷᠡᠭᠦᠯ ᠮᠡᠨᠳᠦ ᠳᠤ | ᠨᠡᠩ ᠰᠠᠶᠢᠨ ᠪᠠᠶᠢᠳᠠᠭ᠃ | 3.ᠭᠤᠴᠤ ᠵᠢᠮᠢᠰ ᠳᠡᠪᠲᠦᠭᠡᠵᠦ ᠤᠤᠭᠤᠬᠤ | ᠭᠤᠴᠤ ᠵᠢᠮᠢᠰ ᠨᠢ ᠠᠩᠭᠢᠯᠤᠮ᠎ᠠ ᠦᠨᠦᠷ ᠲᠠᠢ ᠪᠦᠭᠡᠳ ᠸᠢᠲ᠋ᠠᠮᠢᠨ C ᠪᠠ ᠺᠠᠯᠢ ᠡᠯᠪᠡᠭ ᠠᠭᠤᠯᠤᠭᠳᠠᠳᠠᠭ | ᠪᠣᠯᠬᠤᠷ ᠴᠢᠰᠤᠨ ᠳᠠᠷᠤᠯᠲᠠ ᠶᠢ ᠬᠢᠵᠠᠭᠠᠷᠯᠠᠬᠤ ᠳᠤ ᠲᠤᠰᠠᠲᠠᠢ᠃ | 4.ᠴᠢᠨ᠋ᠸ᠎ᠠ ᠶᠢᠨ ᠬᠠᠷᠮᠠᠭ ᠳᠡᠪᠲᠦᠭᠡᠵᠦ ᠤᠤᠭᠤᠬᠤ | ᠴᠢᠨ᠋ᠸ᠎ᠠ ᠶᠢᠨ ᠬᠠᠷᠮᠠᠭ ᠢ ᠳᠡᠪᠲᠦᠭᠡᠭᠰᠡᠨ ᠤᠰᠤ ᠨᠢ ᠪᠠᠭ᠎ᠠ ᠰᠢᠬᠢᠷᠯᠢᠭ᠂ ᠢᠳᠡᠷ ᠨᠠᠰᠤᠨ ᠤ ᠬᠦᠮᠦᠰ ᠡᠳᠦᠷ | ᠳᠣᠲᠤᠮ ᠤᠤᠭᠤᠬᠤ ᠨᠢ ᠲᠣᠬᠢᠷᠠᠨ᠎ᠠ᠃ | 5.ᠨᠣᠭᠤᠭᠠᠨ ᠪᠤᠷᠴᠠᠭ ᠤᠨ ᠱᠥᠯᠦ ᠤᠤᠭᠤᠬᠤ | ᠬᠦᠢᠲᠡᠨ ᠨᠣᠭᠤᠭᠠᠨ ᠪᠤᠷᠴᠠᠭ ᠤᠨ ᠱᠥᠯᠦ ᠨᠢ ᠬᠠᠯᠠᠭᠤᠨ ᠢ ᠲᠠᠶᠢᠯᠵᠤ ᠤᠰᠤ ᠨᠥᠬᠦᠪᠦᠷᠢᠯᠡᠬᠦ ᠮᠦᠷᠲᠡᠭᠡᠨ | ᠨᠣᠭᠤᠭᠠᠨ ᠪᠤᠷᠴᠠᠭ ᠲᠤ ᠠᠭᠤᠯᠤᠭᠳᠠᠬᠤ ᠺᠠᠯᠢ ᠪᠣᠯᠤᠨ B ᠲᠥᠷᠦᠯ ᠤᠨ ᠸᠢᠲ᠋ᠠᠮᠢᠨ ᠨᠢ ᠰᠢᠮ᠎ᠡ ᠲᠡᠵᠢᠭᠡᠯ ᠢ | ᠨᠥᠬᠦᠪᠦᠷᠢᠯᠡᠵᠦ ᠴᠢᠳᠠᠨ᠎ᠠ᠃ | 6.ᠱᠥᠯᠦ ᠤᠤᠭᠤᠬᠤ | ᠪᠤᠳᠠᠭ᠎ᠠ ᠢᠳᠡᠬᠦ ᠳᠡᠭᠡᠨ ᠲᠦᠪᠡᠳ ᠬᠠᠰᠢ ᠥᠨᠳᠡᠭᠡ ᠲᠠᠢ ᠱᠥᠯᠦ ᠵᠡᠷᠭᠡ ᠲᠣᠰᠤ ᠪᠠᠭ᠎ᠠ᠂ ᠳᠠᠪᠤᠰᠤ ᠪᠠᠭ᠎ᠠ | ᠱᠥᠯᠦ ᠤᠤᠭᠤᠬᠤ ᠨᠢ ᠠᠮᠲᠠ ᠰᠢᠮ᠎ᠡ ᠲᠠᠢ ᠮᠦᠷᠲᠡᠭᠡᠨ ᠤᠰᠤ ᠨᠥᠬᠦᠪᠦᠷᠢᠯᠡᠵᠦ ᠴᠢᠳᠠᠨ᠎ᠠ᠃ | 7. ᠰᠢᠬᠢᠷ ᠪᠠᠭ᠎ᠠ ᠠᠭᠤᠯᠤᠭᠳᠠᠬᠤ ᠤᠮᠳᠠᠭᠠᠨ ᠤᠤᠭᠤᠬᠤ | ᠬᠠᠶᠠ ᠳᠠᠭᠠᠨ ᠨᠡᠮᠡᠯᠲᠡ ᠡᠳ᠋ ᠲᠤ ᠰᠢᠬᠢᠷ᠂ ᠥᠭᠡᠬᠦ ᠲᠣᠰᠤ᠂ ᠢᠯᠴᠢ ᠶᠢᠨ ᠠᠭᠤᠯᠤᠭᠳᠠᠴᠠ ᠪᠠᠷ ᠪᠠᠭ᠎ᠠ | ᠤᠮᠳᠠᠭᠠᠨ ᠢ ᠰᠤᠩᠭᠤᠵᠤ ᠴᠠᠩᠭᠠᠭ᠎ᠠ ᠲᠠᠶᠢᠯᠵᠤ ᠪᠣᠯᠤᠨ᠎ᠠ᠃ | ᠰᠢᠬᠢᠷ ᠶᠡᠬᠡᠲᠡᠢ ᠤᠮᠳᠠᠭᠠᠨ ᠢ ᠴᠡᠭᠡᠷᠯᠡᠪᠡᠯ ᠵᠣᠬᠢᠨ᠎ᠠ | ᠰᠢᠬᠢᠷ ᠶᠡᠬᠡᠲᠡᠢ ᠤᠮᠳᠠᠭᠠᠨ ᠢ ᠪᠠᠶᠢᠩᠭᠤ ᠤᠤᠭᠤᠪᠠᠯ᠂ ᠰᠢᠬᠢᠷ ᠰᠢᠵᠢᠩ ᠡᠪᠡᠳᠴᠢᠨ ᠪᠠ ᠵᠢᠷᠦᠬᠡ ᠴᠢᠰᠤᠨ | ᠰᠤᠳᠠᠯ ᠤᠨ ᠡᠪᠡᠳᠴᠢᠨ ᠳᠤ ᠨᠡᠷᠪᠡᠭᠳᠡᠬᠦ ᠠᠶᠤᠯ ᠶᠡᠭᠡ ᠪᠣᠯᠤᠨ᠎ᠠ᠃ | | | | ᠵᠣᠬᠢᠬᠤ ᠬᠡᠮᠵᠢᠶᠡᠨ ᠤ ᠤᠰᠤ ᠤᠤᠭᠤᠬᠤ ᠶᠢᠨ ᠴᠢᠬᠤᠯᠠ ᠴᠢᠨᠠᠷ | ︽ᠳᠤᠮᠳᠠᠳᠤ ᠤᠯᠤᠰ ᠤᠨ ᠰᠠᠭᠤᠭᠠᠯᠢ ᠠᠷᠠᠳ ᠤᠨ ᠢᠳᠡᠭᠡᠨ ᠤᠮᠳᠠᠭᠠᠨ ᠤ ᠵᠦᠭᠯᠡᠭᠦᠷ ︵2022︶︾ ᠤᠨ | ᠰᠠᠨᠠᠭᠤᠯᠭ᠎ᠠ ᠶᠢ ᠦᠨᠳᠦᠰᠦᠯᠡᠪᠡᠯ᠂ ᠨᠠᠰᠤᠨ ᠳᠤ ᠬᠦᠷᠦᠭᠰᠡᠨ ᠡᠷᠡᠭᠲᠡᠢ ᠪᠠ ᠡᠮᠡᠭᠲᠡᠢ ᠡᠳᠦᠷ ᠪᠦᠷᠢ ᠠᠳᠠᠭ ᠲᠠᠭᠠᠨ | ᠲᠤᠰᠪᠤᠷᠢ 1700 ᠮᠢᠯᠢᠯᠢᠲᠷ ᠪᠠ 1500 ᠮᠢᠯᠢᠯᠢᠲᠷ ᠤᠰᠤ ᠤᠤᠭᠤᠪᠠᠯ ᠥᠪᠡᠷ ᠤᠨ ᠪᠡᠶ᠎ᠡ ᠶᠢᠨ ᠡᠷᠡᠭᠦᠯ | ᠮᠡᠨᠳᠦ ᠪᠠᠨ ᠨᠡᠩ ᠰᠠᠶᠢᠨ ᠪᠠᠲᠤᠯᠠᠵᠤ ᠴᠢᠳᠠᠨ᠎ᠠ᠃ ᠡᠶᠢᠮᠦ ᠠᠴᠠ ᠡᠳᠦᠷ ᠪᠦᠷᠢ ᠶᠢᠨ ᠤᠰᠤ ᠤᠤᠭᠤᠬᠤ ᠬᠡᠮᠵᠢᠶ᠎ᠡ ᠪᠠᠨ | ᠭᠦᠢᠴᠡᠳ ᠪᠠᠲᠤᠯᠠᠭᠠᠷᠠᠢ︕ | ᠢᠷᠡᠯᠲᠡ᠄ www.kepuchina.cn ᠰᠦᠯᠵᠢᠶ᠎ᠡ | | | |