ᠦᠯᠵᠠᠶᠢᠳᠦ ᠦᠬᠢᠨ ᠲᠡᠭᠷᠢ ᠶᠢᠨ ᠰᠦᠮ᠎ᠡ ᠪᠠᠳᠤᠮᠦ᠋ᠩᠬᠡ᠂ ᠶᠦᠸᠧ ᠢᠩ ᠰᠡᠭᠦᠳᠡᠷᠯᠡᠪᠡ | 引自张鹏举主编: ︽内蒙古藏传佛教建筑 3︾ | | | | | ᠦᠯᠵᠠᠶᠢᠳᠦ ᠦᠬᠢᠨ ᠲᠡᠭᠷᠢ ᠶᠢᠨ ᠰᠦᠮ᠎ᠡ ︵吉祥天女庙︶ ᠨᠢ ᠭᠦᠷᠢᠶ᠎ᠡ ᠪᠠᠯᠭᠠᠰᠦ ᠶᠢᠨ ᠵᠡᠭᠦᠨ | ᠪᠡᠶ᠎ᠡ᠂ ᠭᠦᠷᠢᠶ᠎ᠡ ᠬᠤᠰᠢᠭᠤᠨ ᠤ ᠨᠢᠬᠡᠳᠦᠬᠡᠷ ᠲᠤᠮᠳᠠᠳᠦ ᠰᠤᠷᠭᠠᠭᠤᠯᠢ ᠶᠢᠨ ᠵᠡᠭᠦᠨ ᠲᠠᠯ᠎ᠠ ᠳᠤ ᠪᠠᠶᠢᠷᠢᠰᠢᠵᠦ ᠪᠤᠢ᠃ | ᠲᠡᠭᠦᠨ ᠤ ᠴᠤᠭᠴᠢᠨ ᠲᠤᠭᠠᠩ ᠨᠢ ᠭᠤᠷᠪᠠᠨ ᠲᠠᠰᠤᠯᠭ᠎ᠠ ᠬᠠᠳᠠᠭᠤ ᠰᠠᠷᠠᠪᠴᠢᠳᠦ ᠪᠠᠷᠢᠯᠭ᠎ᠠ ᠪᠦᠬᠡᠳ ᠵᠡᠭᠦᠨ ᠪᠠᠷᠠᠭᠤᠨ | ᠵᠢᠭᠦᠷ ᠤᠨ ᠬᠠᠷᠰᠢ ᠨᠢ ᠴᠦ ᠲᠤᠰ ᠪᠦᠷᠢ ᠭᠤᠷᠪᠠᠨ ᠲᠠᠰᠤᠯᠭ᠎ᠠ ᠬᠠᠳᠠᠭᠤ ᠰᠠᠷᠠᠪᠴᠢᠳᠦ ᠪᠠᠷᠢᠯᠭ᠎ᠠ ᠪᠤᠯᠤᠨ᠎ᠠ᠃ | ᠭᠤᠤᠯ ᠲᠤᠭᠠᠩ ᠤᠨ ᠡᠮᠦᠨ᠎ᠡ ᠲᠠᠯ᠎ᠠ ᠳᠤ ᠨᠢ ᠲᠠᠪᠤᠨ ᠲᠠᠰᠤᠯᠭ᠎ᠠ ᠬᠠᠳᠠᠭᠤ ᠰᠠᠷᠠᠪᠴᠢᠳᠦ ᠨᠤᠮ ᠤᠨ ᠬᠠᠷᠰᠢ ᠪᠤᠯᠤᠨ | ᠬᠠᠭᠠᠯᠭ᠎ᠠ ᠶᠢᠨ ᠰᠦᠮ᠎ᠡ ᠲᠠᠢ᠃ ᠨᠤᠮ ᠤᠨ ᠬᠠᠷᠰᠢ ᠨᠢ ᠲᠦᠪᠡᠳ ᠮᠠᠶ᠋ᠢᠭ ᠤᠨ ᠪᠠᠷᠢᠯᠭ᠎ᠠ ᠪᠦᠬᠡᠳ ᠲᠤᠳᠤᠷ᠎ᠠ ᠨᠢ | ᠲᠦᠪᠡᠳ ᠢᠶᠠᠷ ᠪᠢᠴᠢᠭᠰᠡᠨ ᠶᠡᠭᠡ ᠭᠦᠯᠬᠡᠨ ᠨᠤᠮ ᠤᠨ ᠦᠷᠭᠦᠯᠵᠢᠯᠡᠯ ᠪᠤᠳᠢ ︽ᠭᠠᠨᠵᠤᠤᠷ︾ ᠪᠤᠯᠤᠨ ᠦᠭᠦᠯᠡᠯ ᠪᠤᠳᠢ | ︽ᠳ᠋ᠠᠨᠵᠤᠤᠷ︾ ᠢ ᠲᠤᠰ ᠪᠦᠷᠢ ᠨᠢᠬᠡᠨ ᠬᠤᠪᠢ ᠬᠠᠳᠠᠭᠠᠯᠠᠵᠦ ᠪᠠᠶᠢᠪᠠ᠃ ᠰᠦᠮ᠎ᠡ ᠶᠢᠨ ᠭᠦᠷᠢᠶ᠎ᠡ ᠶᠢᠨ ᠪᠠᠷᠠᠭᠤᠨ | ᠡᠮᠦᠨ᠎ᠡ ᠦᠨᠴᠦᠭ ᠲᠤ ᠨᠢᠬᠡᠨ ᠱᠠᠷᠢᠯ ᠤᠨ ᠰᠤᠪᠤᠷᠭ᠎ᠠ ᠲᠠᠢ᠂ ᠲᠡᠭᠦᠨ ᠢ ᠶᠡᠷᠦᠳᠡᠬᠡᠨ ᠨᠤᠮ ᠤᠨ ᠬᠠᠭᠠᠨ ᠤ | ᠰᠤᠪᠤᠷᠭ᠎ᠠ ᠬᠡᠳᠡᠭ᠃ ᠲᠤᠰ ᠰᠦᠮ᠎ᠡ ᠶᠢᠨ ᠡᠷᠬᠢᠯᠡᠭᠴᠢ ᠳ᠋ᠠ ᠯᠠᠮᠠ ᠶᠢ ︽ᠲᠤᠭᠤᠷ︾ ᠳ᠋ᠠ ᠯᠠᠮᠠ ᠬᠡᠵᠦ ᠬᠡᠯᠡᠳᠡᠭ᠂ | ᠲᠡᠷᠡ ᠶᠡᠷᠦᠳᠡᠬᠡᠨ ᠲᠤᠭᠤᠷ ᠤᠨ ᠬᠡᠯᠪᠡᠷᠢᠳᠠᠢ ᠮᠠᠯᠠᠭᠠᠢ ᠡᠮᠦᠰᠳᠡᠭ ᠠᠴᠠ ᠢᠩᠬᠢᠵᠦ ᠨᠠᠷᠠᠯᠠᠳᠡᠭ ᠪᠠᠶᠢᠯ᠎ᠠ᠃ ᠲᠤᠭᠤᠷ | ᠳ᠋ᠠ ᠯᠠᠮᠠ ᠶᠢᠨ ᠪᠠᠶᠢᠷᠢ ᠰᠠᠭᠤᠷᠢ ᠨᠢ ᠪᠤᠰᠤᠳ ᠰᠦᠮ᠎ᠡ ᠶᠢᠨ ᠳ᠋ᠠ ᠯᠠᠮᠠ ᠨᠠᠷ ᠠᠴᠠ ᠦᠨᠳᠦᠷ ᠪᠠᠶᠢᠵᠦ᠂ ᠵᠠᠰᠠᠭ ᠳ᠋ᠠ | ᠯᠠᠮᠠ ᠲᠠᠢ ᠵᠤᠯᠭᠠᠬᠤ ᠳᠤ᠂ ᠵᠠᠰᠠᠭ ᠳ᠋ᠠ ᠯᠠᠮᠠ ᠮᠦᠨ ᠪᠡᠶ᠎ᠡ ᠦᠨᠳᠠᠶᠢᠨ ᠬᠠᠷᠢᠭᠤ ᠶᠤᠰᠤ ᠬᠢᠳᠡᠭ ᠪᠦᠬᠡᠳ ᠰᠠᠭᠤᠳᠠᠯ | ᠬᠠᠶᠢᠷᠠᠯᠠᠵᠦ ᠴᠠᠢ ᠤᠤᠭᠤᠯᠭᠠᠳᠠᠭ᠃ ᠦᠯᠵᠠᠶᠢᠳᠦ ᠦᠬᠢᠨ ᠲᠡᠭᠷᠢ ᠪᠤᠯ ᠲᠤᠰ ᠰᠦᠮ᠎ᠡ ᠳᠤ ᠲᠡᠬᠢᠵᠦ ᠪᠠᠶᠢᠭ᠎ᠠ ᠭᠤᠤᠯ | ᠰᠢᠳᠦᠬᠡᠨ ᠪᠤᠯᠤᠨ᠎ᠠ᠃ | 引自张鹏举主编: ︽内蒙古藏传佛教建筑 3︾ | | | | | | ᠦᠯᠵᠠᠶᠢᠳᠦ ᠦᠭᠢᠨ ᠲᠡᠭᠷᠢ ᠶᠢᠨ ᠰᠦᠮ᠎ᠡ ᠶᠢ ᠰᠢᠷᠡᠬᠡᠳᠦ ᠭᠦᠷᠢᠶ᠎ᠡ ᠶᠢᠨ ᠭᠤᠷᠪᠠᠳᠤᠭᠠᠷ ᠦᠶ᠎ᠡ ᠶᠢᠨ ᠵᠠᠰᠠᠭ ᠳ᠋ᠠ | ᠯᠠᠮᠠ ᠰᠢᠪᠵᠠᠭᠦ᠋ᠠᠷᠦᠭ ᠤᠨ ᠦᠶ᠎ᠡ ᠳᠤ ᠪᠠᠶᠢᠭᠤᠯᠵᠠᠢ᠃ ᠰᠢᠪᠵᠠᠭᠦ᠋ᠠᠷᠦᠭ ᠯᠠᠮᠠ ᠲᠦᠪᠡᠳ ᠲᠤ ᠭᠦᠷᠴᠦ | ᠰᠤᠷᠤᠯᠴᠠᠭᠠᠳ ᠲᠠᠪᠤᠳᠤᠭᠠᠷ ᠲᠦᠷᠢ ᠶᠢᠨ ᠲᠠᠯᠠᠢ ᠯᠠᠮᠠ ᠪᠤᠯᠤᠨ ᠲᠦᠷᠪᠡᠳᠦᠬᠡᠷ ᠲᠦᠷᠢ ᠶᠢᠨ ᠪᠠᠨᠴᠢᠨ ᠤ ᠵᠠᠷᠯᠢᠭ ᠢᠶᠠᠷ | ᠲᠦᠪᠡᠳ ᠤᠷᠤᠨ ᠠᠴᠠ ᠰᠠᠯᠵᠦ ᠵᠡᠭᠦᠨᠰᠢ ᠮᠤᠷᠳᠡᠵᠦ ᠭᠤᠪᠢ ᠶᠢᠨ ᠡᠮᠦᠨᠡᠬᠢ ᠮᠤᠩᠭᠤᠯ ᠤᠷᠤᠨ ᠳᠤ ᠢᠷᠡᠭᠦ ᠳᠤ᠂ | ᠲᠠᠪᠤᠳᠤᠭᠠᠷ ᠲᠦᠷᠢ ᠶᠢᠨ ᠲᠠᠯᠠᠢ ᠯᠠᠮᠠ ᠦᠪᠡᠷ ᠤᠨ ᠲᠠᠬᠢᠵᠦ ᠪᠠᠶᠢᠭᠰᠠᠨ᠂ ᠬᠠᠮᠠᠷ ᠤᠨ ᠴᠢᠰᠦ ᠪᠠᠷ ᠢᠶᠠᠨ ᠵᠢᠷᠤᠭᠰᠠᠨ | ᠦᠯᠵᠠᠶᠢᠳᠦ ᠦᠬᠢᠨ ᠲᠡᠭᠷᠢ ᠶᠢᠨ ᠵᠢᠷᠤᠭ ᠢᠶᠠᠨ ᠲᠡᠭᠦᠨ ᠳᠤ ᠭᠦᠷᠬᠡᠪᠡ᠃ ᠰᠢᠪᠵᠠᠭᠦ᠋ᠠᠷᠦᠭ ᠯᠠᠮᠠ ᠡᠨᠡ ᠭᠦ ᠪᠤᠷᠬᠠᠨ | ᠤ ᠭᠦᠷᠦᠭ ᠢ ᠪᠡᠶ᠎ᠡ ᠶᠢᠨ ᠢᠶᠠᠨ ᠰᠠᠬᠢᠶ᠎ᠠ ᠪᠤᠯᠭᠠᠨ ᠠᠪᠴᠦ ᠶᠠᠪᠤᠨ ᠲᠠᠬᠢᠵᠦ ᠪᠠᠶᠢᠭᠰᠠᠨ ᠪᠦᠬᠡᠳ ᠦᠳᠡᠯᠦᠬᠡ ᠨᠠᠰᠤᠨ | ᠤ ᠦᠶ᠎ᠡ ᠳᠤ ᠰᠢᠷᠡᠬᠡᠳᠦ ᠭᠦᠷᠢᠶ᠎ᠡ ᠶᠢᠨ ᠵᠠᠰᠠᠭ ᠯᠠᠮᠠ ᠶᠢᠨ ᠰᠠᠭᠤᠷᠢᠨ ᠠᠴᠠ ᠰᠠᠯᠤᠭᠰᠠᠨ ᠤ ᠲᠠᠷᠠᠭ᠎ᠠ᠂ ᠴᠢᠩ ᠤᠨ | ᠡᠶᠡᠪᠡᠷ ᠵᠠᠰᠠᠭᠴᠢ ᠶᠢᠨ ᠠᠷᠪᠠᠨ ᠬᠤᠶᠠᠳᠤᠭᠠᠷ ᠤᠨ ︵1655 ᠤᠨ︶ ᠳᠤ᠂ ᠦᠬᠢᠨ ᠲᠡᠭᠷᠢ ᠶᠢᠨ ᠰᠦᠮ᠎ᠡ ᠶᠢ | ᠪᠠᠶᠢᠭᠤᠯᠵᠦ᠂ ᠦᠪᠡᠷ ᠤᠨ ᠲᠠᠬᠢᠵᠦ ᠪᠠᠶᠢᠭᠰᠠᠨ ᠦᠬᠢᠨ ᠲᠡᠭᠷᠢ ᠶᠢᠨ ᠭᠦᠷᠦᠭ ᠢᠶᠠᠨ ᠰᠦᠮ᠎ᠡ ᠳᠤ ᠰᠢᠯᠵᠢᠭᠦᠯᠦᠨ | ᠲᠠᠬᠢᠵᠦ᠂ ᠰᠢᠷᠡᠬᠡᠳᠦ ᠭᠦᠷᠢᠶ᠎ᠡ ᠶᠢᠨ ᠭᠤᠤᠯ ᠰᠢᠳᠦᠬᠡᠨ ᠪᠤᠯᠭᠠᠪᠠ᠃ | ᠲᠤᠰ ᠰᠦᠮ᠎ᠡ ᠨᠢ ᠯᠢᠶᠤᠤᠨᠢᠩ ᠮᠤᠵᠢ ᠶᠢᠨ ᠴᠢᠩ ᠾᠧ ᠤᠷᠴᠢᠮ ᠳᠠᠬᠢ ᠭᠤᠤ ᠵᠢᠶᠠ ᠲᠦᠨ᠂ ᠯᠢᠦ ᠵᠢᠶᠠ | ᠲᠦᠨ ᠵᠡᠷᠬᠡ ᠭᠠᠵᠠᠷ ᠤᠨ ᠭᠤᠤ᠂ ᠮᠠ᠂ ᠸᠠᠩ᠂ ᠯᠢᠦ᠂ ᠯᠢ᠂ ᠯᠦᠸᠧ ᠤᠪᠤᠭᠳᠦ ᠠᠴᠠ ᠠᠯᠪᠠ ᠠᠪᠳᠠᠭ ᠪᠠᠶᠢᠵᠠᠢ᠃ | ᠲᠤᠰ ᠬᠤᠰᠢᠭᠤᠨ ᠤ ᠵᠤᠤᠬᠠᠴᠢᠨ ᠠᠶᠢᠯ᠂ ᠡᠪᠤᠬᠡᠨ ᠰᠢᠪᠡᠭᠡ᠂ ᠴᠢᠯᠠᠭᠤᠨ ᠬᠤᠳᠳᠤᠭ ᠵᠡᠷᠬᠡ ᠬᠡᠳᠦᠨ ᠲᠤᠰᠬᠤᠨ | ᠪᠤᠯ ᠲᠤᠰ ᠰᠦᠮ᠎ᠡ ᠶᠢᠨ ᠬᠠᠷᠢᠶᠠᠳᠦ ᠪᠤᠯᠤᠨ᠎ᠠ᠃ | ᠦᠯᠵᠡᠶᠢᠳᠦ ᠦᠭᠢᠨ ᠲᠡᠭᠷᠢ ᠶᠢᠨ ᠰᠦᠮ᠎ᠡ ᠨᠢ ᠤᠳᠦ ᠪᠠᠷᠢᠯᠭ᠎ᠠ ᠶᠢᠨ ᠲᠠᠯᠠᠪᠠᠢ 410 ᠲᠡᠭᠰᠢ ᠲᠦᠷᠪᠡᠯᠵᠢᠨ | ᠮᠧᠲᠷ ᠡᠵᠡᠯᠡᠵᠦ᠂ ᠵᠡᠭᠦᠨ ᠪᠠᠷᠠᠭᠠᠤᠨ ᠵᠢᠭᠦᠷ ᠤᠨ ᠬᠠᠷᠰᠢ ᠨᠢ ᠲᠤᠰ ᠪᠦᠷᠢ ᠭᠤᠷᠪᠠᠨ ᠲᠠᠰᠤᠯᠭ᠎ᠠ ᠪᠦᠬᠡᠳ ᠴᠦᠮ | ᠬᠠᠳᠠᠭᠤ ᠰᠠᠷᠠᠪᠴᠢᠳᠦ ᠪᠠᠷᠢᠯᠭ᠎ᠠ ︵ᠨᠤᠮ ᠤᠨ ᠬᠠᠷᠰᠢ᠂ ᠪᠤᠷᠬᠠᠨ ᠤ ᠰᠤᠪᠤᠷᠭ᠎ᠠ᠂ ᠬᠠᠭᠠᠯᠭ᠎ᠠ ᠶᠢᠨ ᠰᠦᠮ᠎ᠡ ᠨᠢ | ᠴᠦᠮ ︽ᠰᠤᠶᠤᠯ ᠤᠨ ᠶᠡᠭᠡ ᠬᠤᠪᠢᠰᠬᠠᠯ︾ ᠤᠨ ᠲᠤᠮᠳᠠ ᠡᠪᠳᠡᠭᠳᠡᠪᠡ︶ ᠪᠤᠯᠤᠨ᠎ᠠ᠃ ᠶᠡᠷᠦᠩᠬᠡᠢ ᠲᠠᠯᠠᠪᠠᠢ ᠨᠢ | 2970 ᠲᠡᠭᠰᠢ ᠲᠦᠷᠪᠡᠯᠵᠢᠨ ᠮᠧᠲᠷ᠂ ᠡᠭᠦᠨ ᠳᠤ ᠪᠠᠷᠢᠯᠭ᠎ᠠ ᠶᠢᠨ ᠲᠠᠯᠠᠪᠠᠢ 410 ᠲᠡᠭᠰᠢ ᠲᠦᠷᠪᠡᠯᠵᠢᠨ ᠮᠧᠲᠷ | ᠡᠵᠡᠯᠡᠵᠦ ᠪᠠᠶᠢᠨ᠎ᠠ᠃ | ᠨᠠᠮ ᠤᠨ ᠠᠷᠪᠠᠨ ᠨᠢᠬᠡᠳᠦᠬᠡᠷ ᠬᠤᠭᠤᠴᠠᠭᠠᠨ ᠤ ᠭᠤᠷᠪᠠᠳᠤᠭᠠᠷ ᠪᠦᠭᠦᠳᠠ ᠬᠤᠷᠠᠯ ᠤᠨ ᠲᠠᠷᠠᠭ᠎ᠠ᠂ ᠱᠠᠰᠢᠨ | ᠰᠢᠳᠦᠯᠬᠡ ᠶᠢᠨ ᠲᠦᠷᠦ ᠶᠢᠨ ᠪᠤᠳᠤᠯᠭ᠎ᠠ ᠶᠢ ᠲᠠᠬᠢᠨ ᠨᠠᠶᠢᠳᠠᠪᠤᠷᠢᠵᠢᠭᠤᠯᠪᠠ᠃ 1997 ᠤᠨ ᠳᠤ᠂ ᠭᠦᠷᠢᠶ᠎ᠡ | ᠬᠤᠰᠢᠭᠤᠨ ᠤ ᠵᠠᠰᠠᠭ ᠤᠨ ᠤᠷᠳᠤᠨ ᠠᠴᠠ ᠦᠯᠵᠠᠶᠢᠳᠦ ᠦᠬᠢᠨ ᠲᠡᠭᠷᠢ ᠶᠢᠨ ᠰᠦᠮ᠎ᠡ ᠶᠢ ᠬᠤᠰᠢᠭᠤᠨ ᠲᠠᠰ ᠤᠨ | ᠲᠡᠤᠬᠡ ᠶᠢᠨ ᠲᠤᠷᠠᠰᠬᠠᠯᠳᠦ ᠬᠠᠮᠠᠭᠠᠯᠠᠯ ᠤᠨ ᠨᠢᠬᠡᠴᠢ ᠪᠤᠯᠭᠠᠪᠠ᠃ 2001 ᠤᠨ ᠳᠤ᠂ ᠦᠪᠦᠷ ᠮᠤᠩᠭᠤᠯ ᠤᠨ | ᠦᠪᠡᠷᠳᠡᠬᠡᠨ ᠵᠠᠰᠠᠬᠤ ᠤᠷᠤᠨ᠂ ᠲᠦᠩᠯᠢᠶᠦᠦ ᠬᠤᠳᠠ᠂ ᠭᠦᠷᠢᠶ᠎ᠡ ᠬᠤᠰᠢᠭᠤᠨ ᠤ ᠨᠢᠬᠡᠳᠦᠮᠡᠯ ᠹᠷᠤᠨᠲ ᠤᠨ | ᠵᠦᠪᠰᠢᠶᠡᠷᠡᠯ ᠢᠶᠠᠷ ᠲᠠᠮᠵᠢᠵᠦ᠂ ᠦᠯᠵᠠᠶᠢᠳᠦ ᠦᠬᠢᠨ ᠲᠡᠭᠷᠢ ᠶᠢᠨ ᠰᠦᠮ᠎ᠡ ᠨᠢ ᠱᠠᠰᠢᠨ ᠤ ᠭᠦᠳᠡᠯᠬᠡᠬᠡᠨ ᠢᠶᠠᠨ | ᠰᠡᠷᠭᠦᠬᠡᠵᠦ᠂ ᠬᠡᠰᠡᠭ ᠯᠠᠮᠠ ᠨᠢ ᠦᠯᠵᠠᠶᠢᠳᠦ ᠦᠬᠢᠨ ᠲᠡᠭᠷᠢ ᠶᠢᠨ ᠰᠦᠮ᠎ᠡ ᠳᠤ ᠬᠤᠷᠠᠵᠦ᠂ ᠨᠤᠮ ᠤᠩᠰᠢᠬᠤ ᠪᠤᠶᠦ | ᠨᠤᠮ ᠤᠨ ᠬᠤᠷᠠᠯ ᠬᠢᠭᠦ ᠪᠤᠯᠪᠠ᠃ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠵᠦᠪᠰᠢᠶᠡᠷᠡᠯ ᠢᠶᠠᠷ ᠬᠠᠢ | ᠪᠤᠤ ᠪᠠᠷ ᠲᠤᠯᠤᠭᠠᠶᠢᠯᠠᠭᠤᠯᠤᠭᠰᠠᠨ ᠦᠯᠵᠡᠶᠢᠳᠦ ᠦᠬᠢᠨ ᠲᠡᠭᠷᠢ ᠶᠢᠨ ᠰᠦᠮ᠎ᠡ ᠶᠢᠨ ᠬᠠᠮᠢᠶᠠᠷᠤᠯᠳᠠ ᠶᠢᠨ ᠺᠤᠮᠢᠰ ᠤᠨ | ᠤᠳᠤᠷᠢᠳᠤᠯᠭ᠎ᠠ ᠲᠤᠤᠷᠠᠬᠢ12 ᠯᠠᠮᠠ ᠬᠤᠸᠠᠷᠠᠭ᠂ ᠨᠠᠮ ᠪᠠ ᠵᠠᠰᠠᠭ ᠤᠨ ᠤᠷᠳᠤᠨ ᠤ ᠬᠠᠯᠠᠮᠵᠢᠯᠠᠯ ᠵᠢᠴᠢ ᠦᠷᠬᠡᠨ | ᠤᠯᠠᠨ ᠮᠦᠷᠭᠦᠯᠳᠠᠨ ᠰᠦᠰᠦᠭᠳᠡᠨ ᠤ ᠲᠠᠮᠵᠢᠯᠬᠡ ᠲᠤᠤᠷ᠎ᠠ᠂ ᠦᠯᠵᠠᠶᠢᠳᠦ ᠦᠬᠢᠨ ᠲᠡᠭᠷᠢ ᠶᠢᠨ ᠰᠦᠮ᠎ᠡ ᠶᠢᠨ ᠤᠤᠯ | ᠤᠨ ᠱᠠᠰᠢᠨ ᠤ ᠭᠦᠳᠡᠯᠬᠡᠬᠡᠨ ᠤ ᠲᠦᠷᠢᠮ ᠲᠤᠭᠳᠠᠭᠠᠯ ᠢ ᠪᠠᠷᠢᠮᠳᠠᠯᠠᠵᠦ᠂ ᠡᠯ᠎ᠠ ᠱᠠᠰᠢᠨ ᠤ ᠪᠠᠶᠠᠷ ᠲᠤᠷᠠᠰᠬᠠᠯ ᠤᠨ | ᠡᠳᠦᠷ ᠴᠦᠮ ᠨᠤᠮ ᠤᠨ ᠬᠤᠷᠠᠯ ᠬᠢᠳᠡᠭ ᠪᠦᠬᠡᠳ ᠰᠦᠰᠦᠭᠳᠡᠨ ᠮᠦᠷᠭᠦᠯᠳᠡᠨ ᠤ ᠪᠤᠷᠬᠠᠨ ᠳᠤ ᠮᠦᠷᠭᠦᠭᠦ | ᠦᠨᠳᠦᠰᠦᠨ ᠱᠠᠭᠠᠷᠳᠠᠯᠭ᠎ᠠ ᠶᠢ ᠬᠠᠩᠭᠠᠭᠰᠠᠨ ᠪᠠᠶᠢᠨ᠎ᠠ᠃ | ᠭᠦᠷᠢᠶ᠎ᠡ ᠪᠠᠯᠭᠠᠰᠤᠨ ᠤ ᠵᠡᠭᠦᠨ ᠦᠵᠦᠭᠦᠷ ᠲᠤ ᠪᠠᠶᠢᠭ᠎ᠠ ᠦᠯᠵᠡᠶᠢᠳᠦ ᠦᠬᠢᠨ ᠲᠡᠭᠷᠢ ᠶᠢᠨ ᠰᠦᠮ᠎ᠡ ᠶᠢ | ᠪᠠᠰᠠ ︽ᠬᠠᠨ ᠸᠠᠩ ᠤᠨ ᠰᠦᠮ᠎ᠡ︾ ︵憨王庙︶ ᠬᠡᠵᠦ ᠬᠡᠯᠡᠳᠡᠭ᠃ | ᠬᠠᠨ ᠸᠠᠩ ᠤᠨ ᠰᠦᠮ᠎ᠡ ᠶᠢᠨ ᠲᠤᠬᠠᠢ ︽ᠲᠤᠮᠳᠠᠳᠦ ᠢᠷᠬᠡᠨ ᠤᠯᠤᠰ ᠤᠨ ᠮᠤᠵᠢ ᠤᠷᠤᠨ ᠤ ᠪᠦᠭᠦ ᠲᠡᠮᠳᠡᠭᠯᠡᠯ | ︾ ᠳᠤ᠄ ︽ᠲᠤᠰ ᠤᠷᠤᠨ ᠪᠤᠯ ᠡᠷᠳᠡ ᠴᠠᠭ ᠰᠤᠯᠤᠩᠭᠤᠰ ᠤᠨ ᠭᠠᠵᠠᠷ ᠮᠦᠨ᠃ ᠰᠤᠯᠤᠩᠭᠤᠰ ᠢ ᠪᠠᠰᠠ ᠬᠠᠨ | ᠤᠯᠤᠰ ᠬᠡᠳᠡᠭ᠃ ᠡᠶᠢᠮᠦ ᠠᠴᠠ ᠲᠤᠰ ᠰᠦᠮ᠎ᠡ ᠶᠢ ᠪᠠᠰᠠ ᠬᠠᠨ ᠸᠠᠩ ︵ᠰᠤᠯᠤᠩᠭᠤᠰ ᠸᠠᠩ︶ ᠤᠨ ᠰᠦᠮ᠎ᠡ ᠬᠡᠳᠡᠭ | ᠪᠠᠶᠢᠨ᠎ᠠ︾᠂ ᠪᠠᠰᠠ ᠬᠡᠯᠡᠭᠰᠡᠨ ᠨᠢ᠄ ︽ᠴᠢᠩ ᠤᠨ ᠬᠠᠨ ᠸᠠᠩ ︵ᠷᠦᠢ ᠴᠢᠨ ᠸᠠᠩ ᠲᠤᠷᠭᠤᠨ︶ ᠴᠡᠷᠢᠭ | ᠲᠠᠶᠢᠴᠢᠯᠠᠨ ᠡᠮᠦᠨᠡᠰᠢ ᠲᠠᠶᠢᠯᠠᠨ ᠲᠤᠰ ᠭᠠᠵᠠᠷ ᠢᠷᠡᠵᠦ ᠲᠦᠢᠯ ᠢᠶᠠᠷ ᠦᠯᠦᠰᠴᠦ ᠤᠮᠳᠠᠭᠠᠰᠤᠭᠠᠳ ᠪᠠᠶᠢᠬᠤ ᠳᠤ᠂ | ᠨᠢᠬᠡᠨ ᠯᠢᠦᠢ ᠤᠪᠤᠭᠳᠦ ᠯᠠᠮᠠ ᠸᠠᠩ ᠢ ᠤᠭᠳᠤᠨ ᠬᠤᠭᠤᠯᠠ ᠤᠮᠳᠠ ᠦᠭᠪᠡ᠃ ᠸᠠᠩ ᠪᠠᠶᠠᠷᠯᠠᠵᠦ᠂ ᠬᠤᠵᠢᠮ ᠤᠨ | ᠡᠳᠦᠷ ᠰᠦᠮ᠎ᠡ ᠬᠡᠶᠢᠳ ᠪᠠᠶᠢᠭᠤᠯᠵᠦ ᠲᠠᠨ ᠳᠤ ᠲᠠᠯᠠᠷᠬᠠᠶ᠎ᠠ︾ ᠬᠡᠪᠡ᠃ ᠡᠶᠢᠮᠦ ᠠᠴᠠ ᠲᠤᠰ ᠰᠦᠮ᠎ᠡ ᠶᠢ ᠪᠠᠰᠠ ︽ | ᠴᠢᠩ ᠷᠦᠢ ᠴᠢᠨ ᠸᠠᠩ ᠲᠤᠷᠭᠤᠨ ᠤ ᠰᠦᠮ᠎ᠡ ᠬᠡᠵᠦ ᠬᠡᠯᠡᠳᠡᠭ︾ ᠬᠡᠵᠡᠢ᠃ ᠡᠳᠡᠬᠡᠷ ᠨᠢ ᠴᠦᠮ ᠤᠯᠠᠮᠵᠢᠯᠠᠯ ᠶᠠᠷᠢᠶ᠎ᠠ | ᠲᠠᠳᠤᠢ ᠶᠤᠮ᠃ | ᠶᠠᠫᠤᠨ ᠤ ᠮᠤᠩᠭᠤᠯ ᠲᠡᠤᠬᠡ ᠶᠢᠨ ᠡᠷᠳᠡᠮᠳᠡᠨ ᠸᠠᠳᠠ ᠺᠢᠤᠰᠢ ︵和田清︶ ᠶᠢᠨ ᠦᠵᠡᠭᠦ ᠪᠠᠷ᠂ ᠲᠤᠰ | ᠰᠦᠮ᠎ᠡ ᠪᠤᠯ ᠴᠠᠬᠠᠷ ᠤᠨ ᠯᠢᠭᠳᠡᠨ ᠬᠠᠭᠠᠨ ᠤ ᠰᠦᠮ᠎ᠡ ᠮᠦᠨ᠃ ᠡᠨᠡ ᠭᠦ ᠦᠵᠡᠯᠳᠠ ᠨᠢ ᠤᠨᠤᠪᠴᠢᠳᠠᠢ ᠰᠢᠭ᠋ | ᠪᠦᠬᠡᠳ ᠲᠡᠤᠬᠡᠨ ᠪᠠᠷᠢᠯᠳᠠ ᠲᠠᠢ ᠤᠶᠢᠷᠠᠳᠴᠦ ᠪᠠᠶᠢᠨ᠎ᠠ᠃ ᠬᠡᠷᠪᠡ ᠲᠤᠰ ᠰᠦᠮ᠎ᠡ ᠶᠢ ᠯᠢᠭᠳᠡᠨ ᠬᠠᠭᠠᠨ ᠤ ᠰᠦᠮ᠎ᠡ | ᠬᠡᠵᠦ ᠦᠵᠡᠪᠡᠯ᠂ ᠡᠭᠦᠨ ᠢ ᠨᠤᠳᠠᠯᠠᠬᠤ ᠳᠤ ᠯᠢᠭᠳᠡᠨ ᠬᠠᠭᠠᠨ ᠤ ᠵᠡᠭᠦᠨᠰᠢ ᠨᠡᠭᠦᠭᠰᠡᠨ ᠠᠴᠠ ᠡᠬᠢᠯᠡᠵᠦ ᠶᠠᠷᠢᠬᠤ | ᠴᠢᠬᠤᠯᠠᠳᠠᠢ᠃ ᠮᠢᠩ ᠤᠯᠤᠰ ᠤᠨ ᠵᠢᠶᠠ ᠵᠢᠩ ᠤᠨ ᠬᠤᠷᠢᠨ ᠵᠢᠷᠭᠤᠳᠤᠭᠠᠷ ᠤᠨ ︵1547 ᠤᠨ︶ ᠤ | ᠦᠶ᠎ᠡ ᠳᠤ᠂ ᠲᠠᠶᠠᠨ ᠬᠠᠭᠠᠨ ᠤ ᠤᠴᠢ ᠤᠮᠪᠤᠯᠤ ᠭᠦᠳᠡᠨ ᠲᠠᠷᠠᠶᠢᠰᠤᠨ ᠰᠠᠭᠤᠷᠢ ᠶᠢ ᠵᠠᠯᠭᠠᠮᠵᠢᠯᠠᠭᠰᠠᠨ ᠤ ᠲᠠᠷᠠᠭ᠎ᠠ᠂ | ᠦᠶᠡᠯᠢᠳ ᠠᠪᠠᠭ᠎ᠠ ᠠᠯᠳᠠᠨ ᠬᠠᠭᠠᠨ ᠤ ᠲᠠᠷᠤᠯᠠᠯ ᠲᠤᠷᠤᠮᠵᠢᠯᠠᠯ ᠢ ᠭᠦᠯᠢᠴᠡᠵᠦ ᠶᠠᠳᠠᠨ ︽ᠠᠶᠢᠮᠠᠭ ᠢᠶᠠᠨ | ᠲᠠᠭᠠᠭᠤᠯᠵᠦ ᠵᠡᠭᠦᠨᠰᠢ ᠨᠡᠭᠦᠪᠡ︾ ︽ᠭᠦᠰᠬᠡ ᠪᠠᠨ ᠯᠢᠶᠦᠦᠳᠦ᠋ᠩ ᠤᠷᠴᠢᠮ ᠰᠢᠯᠵᠢᠭᠦᠯᠪᠡ︾᠃ ᠬᠠᠭᠠᠨ ᠰᠠᠭᠤᠷᠢ | ᠨᠢ ᠲᠠᠶᠠᠨ ᠬᠠᠭᠠᠨ ᠤ ᠲᠤᠯᠤᠳᠤᠭᠠᠷ ᠦᠶ᠎ᠡ ᠶᠢᠨ ᠤᠮᠪᠤᠯᠤ ᠯᠢᠭᠳᠡᠨ ᠬᠤᠳᠤᠭᠳᠦ ᠶᠢᠨ ᠦᠶ᠎ᠡ ᠳᠤ ᠭᠦᠷᠴᠦ ᠢᠷᠡᠬᠡᠳ | ᠂ ᠮᠢᠩ ᠤᠯᠤᠰ ᠤᠨ ᠬᠢᠵᠠᠭᠠᠷ ᠤᠷᠢᠶᠠᠩᠬᠠᠢ ᠶᠢᠨ ᠭᠤᠷᠪᠠᠨ ᠬᠠᠷᠠᠭᠤᠯ ᠢ ᠴᠦᠮ ᠯᠢᠭᠳᠡᠨ ᠬᠠᠭᠠᠨ ᠬᠤᠷᠢᠶᠠᠮᠵᠢᠯᠠᠪᠠ᠃ | ᠭᠦᠰᠬᠡ ᠮᠠᠶᠢᠬᠠᠨ ᠢᠶᠠᠨ ᠭᠤᠸᠠᠩᠨᠢᠩ ᠤᠨ ᠬᠤᠶᠢᠨ᠎ᠠ ︵ᠤᠳᠦ ᠶᠢᠨ ᠯᠢᠶᠤᠤᠨᠢᠩ ᠮᠤᠵᠢ ᠶᠢᠨ ᠪᠧᠢ ᠵᠧᠨ ᠰᠢᠶᠠᠨ ᠤ | ᠬᠤᠶᠢᠨ᠎ᠠ︶ ᠪᠠᠶᠢᠷᠢᠰᠢᠭᠤᠯᠪᠠ᠃ ︽ᠭᠤᠷᠪᠠᠨ ᠲᠦᠷᠦ ᠶᠢᠨ ᠯᠢᠶᠦᠦ ᠶᠢᠨ ᠬᠡᠷᠡᠭ ᠤᠨ ᠦᠨᠡᠨ ᠮᠠᠭᠠᠳ ᠲᠡᠮᠳᠡᠭᠯᠡᠯ︾ | ︵︽三朝辽实录︾︶᠄ ︽ᠰᠢᠤᠬᠠ ︵炒花︶ ᠶᠠᠩ ᠱᠠᠨ ᠮᠤ᠋ ︵养善木︶ ᠳᠤᠷ | ᠰᠠᠭᠤᠮᠤᠢ᠂ ᠬᠢᠯᠢ ᠳᠤᠷ ᠭᠦᠷᠭᠦᠢ ᠳᠤᠷ ᠬᠤᠶᠠᠷ ᠵᠠᠭᠤᠨ ᠭᠠᠵᠠᠷ ᠪᠤᠢ᠂ ᠲᠡᠭᠦᠨ ᠤ ᠬᠤᠶᠢᠨ᠎ᠠ ᠬᠠᠨ ᠠᠶᠢᠮᠠᠭ ︵憨部 | ︶ ᠤᠨ ᠮᠤᠩᠭᠤᠯᠴᠤᠳ ᠪᠤᠢ︾ ᠬᠡᠮᠡᠵᠤᠭᠦᠢ᠃ ᠶᠠᠩ ᠱᠠᠨ ᠮᠤ᠋ ︵养善木︶ ᠨᠢ ᠤᠳᠦ ᠶᠢᠨ ᠭᠦᠷᠢᠶ᠎ᠡ | ᠬᠤᠰᠢᠭᠤᠨ ᠤ ᠲᠤᠮᠳᠠ ᠬᠡᠰᠡᠭ ᠲᠤ ᠪᠠᠶᠢᠭ᠎ᠠ ᠶᠠᠩᠰᠢᠪ ᠪᠤᠯᠤᠨ᠎ᠠ᠃ ᠬᠠᠨ ᠠᠶᠢᠮᠠᠭ ︵憨部︶ ᠤᠨ | ᠮᠤᠩᠭᠤᠯᠴᠤᠳ ᠬᠡᠳᠡᠭ ᠨᠢ ᠯᠢᠭᠳᠡᠨ ᠬᠠᠭᠠᠨ ᠤ ᠬᠠᠷᠢᠶᠠᠳᠦ ᠠᠶᠢᠮᠠᠭ ᠢ ᠵᠢᠭᠠᠵᠦ ᠪᠠᠶᠢᠭᠰᠠᠨ ᠪᠤᠯᠤᠯᠳᠠᠢ᠃ ᠡᠭᠦᠨ | ᠠᠴᠠ ᠦᠵᠡᠭᠦ ᠳᠤ᠂ ᠯᠢᠭᠳᠡᠨ ᠬᠠᠭᠠᠨ ᠲᠤᠬᠠᠢ ᠶᠢᠨ ᠦᠶ᠎ᠡ ᠳᠤ ᠭᠦᠷᠢᠶ᠎ᠡ ᠤᠷᠴᠢᠮ ᠪᠠᠭᠤᠳᠠᠯᠯᠠᠨ ᠮᠠᠯᠵᠢᠵᠦ | ᠪᠠᠶᠢᠭᠰᠠᠨ᠃ ᠲᠠᠬᠢᠨ ᠬᠡᠯᠡᠪᠡᠯ᠂ ᠮᠢᠩ ᠤᠯᠤᠰ ᠤᠨ ᠰᠡᠭᠦᠯᠴᠢ ᠮᠤᠩᠭᠤᠯᠴᠤᠳ ᠰᠠᠭᠤᠷᠢᠰᠢᠨ ᠠᠮᠢᠳᠤᠷᠠᠬᠤ ᠵᠠᠩᠰᠢᠯ | ᠲᠠᠢ ᠪᠤᠯᠵᠦ ︽ᠬᠡᠶᠢᠳ ᠠᠰᠠᠷ ᠪᠠᠶᠢᠭᠤᠯᠵᠦ ᠪᠤᠷᠬᠠᠨ ᠰᠢᠳᠦᠪᠡ︾᠂ ︽ᠮᠠᠶᠢᠬᠠᠨ ᠭᠦᠰᠬᠡ ᠪᠠᠨ ᠤᠯᠠᠩᠬᠢ ᠨᠢ | ᠰᠦᠮ᠎ᠡ ᠬᠡᠶᠢᠳ ᠤᠨ ᠵᠠᠬ᠎ᠠ ᠳᠤ ᠪᠠᠶᠢᠷᠢᠰᠢᠭᠤᠯᠳᠠᠭ︾᠃ ᠭᠦᠷᠢᠶ᠎ᠡ ᠬᠤᠰᠢᠭᠤᠨ ᠳᠤ ︽ᠴᠠᠬᠠᠷ ᠤᠨ ᠭᠤᠤᠯ︾᠂ ︽ | ᠴᠠᠬᠠᠷ ᠤᠨ ᠰᠦᠮ᠎ᠡ︾᠂ ︽ᠴᠠᠬᠠᠷ ᠤᠨ ᠠᠶᠢᠯ︾ ᠬᠡᠳᠡᠭ ᠭᠠᠵᠠᠷ ᠤᠨ ᠨᠠᠷᠠᠰ ᠤᠳᠦ ᠪᠤᠯᠳᠠᠯ᠎ᠠ | ᠬᠠᠳᠠᠭᠠᠯᠠᠭᠳᠠᠭᠰᠠᠭᠠᠷ ᠪᠠᠶᠢᠨ᠎ᠠ᠃ ᠡᠨᠡ ᠨᠢ ᠮᠢᠩ ᠤᠯᠤᠰ ᠤᠨ ᠰᠡᠭᠦᠯᠴᠢ ᠶᠢᠨ ᠦᠶ᠎ᠡ ᠳᠤ ᠴᠠᠬᠠᠷ ᠤᠨ ᠯᠢᠭᠳᠡᠨ | ᠬᠠᠭᠠᠨ ᠤ ᠰᠦᠷ ᠭᠦᠴᠦᠨ ᠨᠢ ᠭᠦᠷᠢᠶ᠎ᠡ ᠬᠤᠰᠢᠭᠤᠨ ᠳᠤ ᠭᠦᠷᠳᠡᠯ᠎ᠡ ᠦᠷᠬᠡᠳᠴᠦ᠂ ᠯᠢᠭᠳᠡᠨ ᠬᠠᠭᠠᠨ ᠦᠪᠡᠷᠦᠨ | ᠪᠡᠶ᠎ᠡ ᠪᠠᠷ ᠢᠶᠠᠨ ᠴᠡᠷᠢᠭ ᠲᠠᠭᠠᠭᠤᠯᠵᠦ ᠭᠦᠷᠢᠶ᠎ᠡ ᠬᠤᠰᠢᠭᠤᠨ᠎ᠠ ᠰᠠᠭᠤᠵᠦ ᠪᠠᠶᠢᠭᠰᠠᠨ ᠢ ᠢᠷᠡᠭᠤ ᠲᠤᠳᠦ ᠬᠠᠷᠠᠭᠤᠯᠵᠦ | ᠪᠤᠢ᠃ ᠪᠠᠰᠠ ᠬᠡᠯᠡᠪᠡᠯ᠂ ᠯᠢᠭᠳᠡᠨ ᠬᠠᠭᠠᠨ ᠴᠦ ᠯᠠᠮᠠ ᠶᠢᠨ ᠱᠠᠰᠢᠨ ᠳᠤ ᠲᠦᠢᠯ ᠢᠶᠠᠷ ᠰᠦᠰᠦᠭ ᠪᠢᠰᠢᠷᠠᠯ ᠲᠠᠢ | ᠪᠠᠶᠢᠵᠦ ᠤᠯᠠᠨ ᠤᠳᠠᠭ᠎ᠠ ᠰᠠᠬᠢᠯ ᠰᠠᠠᠸᠠᠷ ᠭᠦᠷᠳᠡᠭᠰᠡᠨ ᠪᠠᠶᠢᠨ᠎ᠠ᠃ ︽ᠭᠦᠬᠡᠬᠤᠳᠠ ᠶᠢᠨ ᠰᠦᠮ᠎ᠡ ᠬᠡᠶᠢᠳ — ᠯᠠᠯᠦ | ᠶᠢᠨ ᠰᠦᠮ᠎ᠡ ᠶᠢᠨ ᠲᠡᠤᠬᠡᠨ ᠪᠠᠶᠢᠳᠠᠯ︾ ᠬᠡᠭᠦ ᠵᠤᠬᠢᠶᠠᠯ ᠳᠤ᠂ ︽ᠲᠤᠬᠠᠢ ᠶᠢᠨ ᠦᠶ᠎ᠡ ᠳᠤ ᠯᠢᠭᠳᠡᠨ ᠬᠠᠭᠠᠨ ᠤ | ᠤᠯᠤᠰ ᠲᠦᠷᠦ ᠶᠢᠨ ᠲᠦᠪ ᠪᠤᠯᠬᠤ ᠪᠠᠭ᠎ᠠ ᠭᠦᠷᠢᠶ᠎ᠡ ᠳᠤ ᠬᠡᠳᠦᠶᠢᠪᠡᠷ ᠰᠦᠮ᠎ᠡ ᠪᠠᠶᠢᠭᠤᠯᠵᠦ᠂ ᠰᠤᠳᠤᠷ ᠨᠤᠮ | ᠤᠷᠴᠢᠭᠤᠯᠤᠭᠰᠠᠨ ᠴᠦ᠂ ᠪᠠᠭ᠎ᠠ ᠭᠦᠷᠢᠶ᠎ᠡ ᠨᠢ ᠮᠦᠨ ᠴᠦ ᠤᠯᠠᠭᠠᠨ ᠤ ᠱᠠᠰᠢᠨ ᠤ ᠡᠷᠬᠡ ᠬᠡᠪᠴᠢᠶᠠᠨ ᠳᠤ ᠪᠠᠶᠢᠨ᠎ᠠ︾ | ᠬᠡᠵᠦ ᠲᠡᠮᠳᠡᠭᠯᠡᠭᠰᠡᠨ ᠶᠤᠮ᠃ | ᠡᠭᠦᠨ ᠠᠴᠠ ᠪᠢᠳᠠ ᠦᠯᠵᠠᠶᠢᠳᠦ ᠦᠬᠢᠨ ᠲᠡᠭᠷᠢ ᠶᠢᠨ ᠰᠦᠮ᠎ᠡ ᠶᠢ ᠪᠠᠰᠠ ᠬᠠᠨ ᠸᠠᠩ ᠤᠨ ᠰᠦᠮ᠎ᠡ ᠬᠡᠵᠦ | ᠬᠡᠯᠡᠳᠡᠭ ᠨᠢ ᠪᠠᠷᠢᠮᠳᠠ ᠦᠬᠡᠢ ᠪᠢᠰᠢ ᠬᠡᠰᠡᠨ ᠢ ᠮᠡᠳᠡᠵᠦ ᠪᠤᠯᠤᠨ᠎ᠠ᠃ 17 ᠳ᠋ᠤᠭᠠᠷ ᠵᠠᠭᠤᠨ ᠤ ᠦᠶ᠎ᠡ ᠳᠤ᠂ ᠰᠢᠷ᠎ᠠ | ᠶᠢᠨ ᠱᠠᠰᠢᠨ ᠮᠠᠨᠳᠤᠵᠦ᠂ ᠤᠯᠠᠭᠠᠨ ᠤ ᠱᠠᠰᠢᠨ ᠮᠦᠭᠦᠭᠦ ᠵᠦᠭ ᠲᠤ ᠪᠠᠨ ᠪᠠᠶᠢᠭ᠎ᠠ ᠦᠶ᠎ᠡ ᠳᠤ᠂ ᠭᠦᠷᠢᠶ᠎ᠡ ᠶᠢᠨ | ᠨᠢᠬᠡᠳᠦᠬᠡᠷ ᠦᠶ᠎ᠡ ᠶᠢᠨ ᠵᠠᠰᠠᠭ ᠳ᠋ᠠ ᠯᠠᠮᠠ ᠠᠰᠢᠩ ᠯᠠᠮᠠ ᠨᠢ ᠬᠤᠩ ᠲᠠᠶᠢᠵᠢ ᠶᠢᠨ ᠡᠷᠬᠡ ᠰᠦᠷ ᠲᠤ ᠲᠦᠰᠢᠭᠯᠡᠨ | ᠰᠢᠷ᠎ᠠ ᠶᠢᠨ ᠱᠠᠰᠢᠨ ᠤ ᠡᠷᠬᠡ ᠰᠦᠷ ᠢᠶᠠᠨ ᠪᠠᠳᠤᠳᠬᠠᠪᠠ᠃ ᠡᠶᠢᠮᠦ ᠠᠴᠠ ᠤᠯᠠᠭᠠᠨ ᠤ ᠱᠠᠰᠢᠨ ᠤ ᠰᠦᠮ᠎ᠡ ᠪᠤᠯᠬᠤ | ᠬᠠᠨ ᠸᠠᠩ ᠤᠨ ᠰᠦᠮ᠎ᠡ ᠴᠦ ᠠᠶᠠᠨᠳᠠᠭᠠᠨ ᠦᠬᠡᠳᠡᠯᠡᠵᠦ ᠴᠢᠳᠠᠬᠤ ᠦᠬᠡᠢ ᠪᠤᠯᠬᠤ ᠨᠢ ᠮᠡᠳᠡᠬᠡᠵᠢ ᠶᠢᠨ ᠬᠡᠷᠡᠭ᠃ | ᠬᠤᠵᠢᠮ ᠨᠢ ᠭᠤᠷᠪᠠᠳᠤᠭᠠᠷ ᠦᠶ᠎ᠡ ᠶᠢᠨ ᠵᠠᠰᠠᠭ ᠳ᠋ᠠ ᠯᠠᠮᠠ ᠰᠢᠪᠵᠠᠭᠦ᠋ᠠᠷᠦᠭ ᠬᠠᠨ ᠸᠠᠩ ᠤᠨ ᠰᠦᠮ᠎ᠡ ᠶᠢᠨ | ᠦᠬᠡᠷᠡᠴᠢᠯᠡᠨ ᠲᠠᠬᠢᠨ ᠰᠢᠨ᠎ᠡ ᠪᠠᠷ ᠪᠠᠶᠢᠭᠤᠯᠵᠦ ᠦᠬᠢᠨ ᠲᠡᠭᠷᠢ ᠶᠢ ᠰᠢᠳᠦᠭᠰᠡᠨ ᠨᠢ ᠮᠦᠨ ᠴᠦ ᠵᠦᠢ ᠶᠤᠰᠤᠨ ᠳᠤ | ᠨᠡᠶᠢᠴᠡᠭᠰᠡᠨ ᠬᠡᠷᠡᠭ ᠪᠤᠯᠤᠨ᠎ᠠ᠃ |