ᠭᠦᠷᠢᠶ᠎ᠡ ᠬᠤᠰᠢᠭᠤ ᠬᠡᠭᠴᠢ ᠲᠦᠷᠪᠡᠨ ᠵᠠᠭᠤ ᠰᠢᠬᠠᠮ ᠵᠢᠯ ᠤᠨ ᠲᠡᠤᠬᠡ ᠲᠠᠢ᠂ ᠮᠤᠩᠭᠤᠯ᠂ ᠬᠢᠳᠡᠳ᠂ ᠮᠠᠨᠵᠦ | ᠵᠡᠷᠬᠡ 13 ᠦᠨᠳᠦᠰᠦᠳᠡᠨ ᠴᠤᠭᠯᠠᠷᠠᠨ ᠰᠠᠭᠤᠭᠰᠠᠨ ᠬᠤᠰᠢᠭᠤ ᠪᠤᠯᠬᠤ ᠪᠠᠷ ᠦᠯᠦ ᠪᠠᠷᠠᠨ᠂ ᠯᠠᠮᠠ ᠶᠢᠨ ᠬᠤᠰᠢᠭᠤ | ᠪᠠᠶᠢᠭᠤᠯᠤᠭᠳᠠᠬᠤ ᠦᠶ᠎ᠡ ᠳᠡᠭᠡᠨ ᠮᠠᠰᠢ ᠤᠯᠠᠨ ᠬᠠᠷᠢᠶᠠᠳᠦ ᠠᠷᠠᠳ ᠪᠠᠶᠢᠵᠦ ᠲᠠᠳᠠ ᠨᠠᠷ ᠨᠢ ᠪᠦᠷ ᠦᠪᠡᠷ ᠦᠪᠡᠷ ᠤᠨ | ᠦᠪᠡᠷᠮᠢᠴᠡ ᠰᠤᠶᠤᠯ ᠢᠶᠠᠨ ᠠᠪᠴᠦ ᠢᠷᠡᠭᠰᠡᠨ ᠠᠴᠠ ᠭᠦᠷᠢᠶ᠎ᠡ ᠳᠤ ᠤᠯᠠᠨ ᠵᠦᠢᠯ ᠤᠨ ᠰᠤᠶᠤᠯ ᠤᠯᠠᠮᠵᠢᠯᠠᠭᠳᠠᠵᠦ | ᠢᠷᠡᠭᠰᠡᠨ ᠪᠢᠯᠡ᠃ ᠡᠳᠡᠭᠡᠷ ᠤᠨ ᠲᠤᠳᠤᠷ᠎ᠠ ᠰᠠᠭᠠᠭ ᠤᠨ ᠭᠤᠯᠢᠷ ᠢᠶᠠᠷ ᠬᠡᠳᠡᠰᠦ ᠴᠢᠳᠬᠤᠵᠦ ᠢᠳᠡᠭᠦ ᠨᠢ ᠪᠤᠰᠤ | ᠭᠠᠵᠠᠷ ᠤᠷᠤᠨ ᠠᠴᠠ ᠦᠰᠦᠳ ᠦᠬᠡᠷ᠎ᠡ ᠤᠨᠴᠠᠯᠢᠭ ᠲᠠᠢ ᠪᠠᠶᠢᠭ᠎ᠠ ᠲᠤᠯᠠ ᠭᠦᠷᠢᠶ᠎ᠡ ᠬᠤᠰᠢᠭᠤᠨ ᠤ ᠪᠤᠳᠠᠰ ᠤᠨ | ᠪᠤᠰᠤ ᠰᠤᠶᠤᠯ ᠤᠨ ᠦᠪ ᠢ ᠬᠠᠮᠠᠭᠠᠯᠠᠬᠤ ᠲᠦᠪ ᠤᠨ ᠬᠢᠨ ᠬᠤᠰᠢᠭᠤᠨ ᠲᠠᠰ ᠤᠨ ᠪᠤᠳᠠᠰ ᠤᠨ ᠪᠤᠰᠤ ᠰᠤᠶᠤᠯ ᠤᠨ | ᠦᠪ ᠪᠤᠯᠭᠠᠨ ᠲᠡᠮᠳᠡᠭᠯᠡᠵᠦ ᠲᠠᠯᠪᠢᠵᠠᠢ᠃ ᠭᠦᠷᠢᠶᠡᠴᠤᠳ ᠵᠢᠯ ᠪᠦᠷᠢ ᠡᠪᠤᠯ ᠤᠨ ᠲᠦᠢᠯ ᠪᠤᠯᠵᠦ᠂ ᠢᠳᠡᠰᠢ | ᠭᠠᠷᠭᠠᠬᠤ ᠴᠠᠭ ᠪᠤᠯᠪᠠᠯ ᠭᠠᠭ᠋ᠠᠢ ᠬᠤᠨᠢ ᠨᠢᠳᠦᠯᠵᠦ᠂ ᠮᠢᠬ᠎ᠠ ᠭᠠᠷᠭᠠᠳᠠᠭ᠃ ᠲᠡᠷᠡ ᠦᠶ᠎ᠡ ᠳᠤ ᠬᠡᠳᠡᠰᠦ ᠴᠢᠳᠬᠤᠬᠤ | ᠨᠢ ᠲᠤᠳᠠᠵᠦ ᠪᠤᠯᠤᠰᠢ ᠦᠬᠡᠢ ᠵᠦᠢᠯ᠂ ᠠᠶᠢᠯ ᠪᠤᠯᠭᠠᠨ ᠡᠳᠡᠬᠡᠳ ᠦᠨᠦᠷ ᠠᠮᠳᠠ ᠲᠠᠢ ᠴᠢᠳᠬᠤᠳᠠᠭ ᠪᠢᠯᠡ᠃ | ᠭᠦᠷᠢᠶ᠎ᠡ ᠬᠤᠰᠢᠭᠤᠨ ᠤ ᠨᠠᠰᠤᠳᠠᠢ ᠵᠠᠯᠠᠭᠤ ᠬᠡᠰᠡᠨ ᠦᠬᠡᠢ ᠴᠦᠮ ᠡᠨᠡ ᠠᠵᠢᠯ ᠳᠤ ᠴᠠᠭᠠᠷᠠᠵᠦ᠂ ᠰᠠᠭᠠᠭ ᠤᠨ | ᠭᠤᠯᠢᠷ ᠢᠶᠠᠷ ᠰᠠᠶᠢᠬᠠᠨ ᠴᠢᠳᠬᠤᠵᠦ ᠬᠢᠳᠡᠭ᠃ ᠭᠤᠯᠢᠷ ᠴᠢᠰᠦ ᠪᠠᠨ ᠰᠠᠶᠢᠬᠠᠨ ᠨᠠᠶᠢᠷᠠᠭᠤᠯᠵᠦ᠂ ᠲᠡᠬᠡᠷ᠎ᠡ ᠨᠢ | ᠰᠤᠩᠬᠢᠨ᠎ᠡ᠂ ᠰᠠᠷᠢᠮᠰᠠᠭ᠂ ᠲᠠᠪᠤᠰᠤ᠂ ᠲᠤᠰᠤ ᠵᠡᠷᠬᠡ ᠤᠯᠠᠨ ᠵᠦᠢᠯ ᠢ ᠬᠢᠵᠦ ᠨᠠᠶᠢᠷᠠᠭᠤᠯᠤᠨ᠂ ᠬᠡᠳᠡᠰᠦ ᠪᠠᠨ | ᠴᠢᠳᠬᠤᠳᠠᠭ᠃ | | | | | | | | | | 1. ᠬᠡᠳᠡᠰᠦ ᠴᠢᠳᠬᠤᠬᠤ ᠮᠠᠲ᠋ᠧᠷᠢᠶᠠᠯ — ᠨᠢᠳᠤᠯᠤᠭᠰᠠᠨ ᠲᠠᠷᠤᠢ ᠶᠢᠨ ᠭᠠᠭ᠋ᠠᠢ᠂ ᠬᠤᠨᠢ ᠢᠮᠠᠭ᠎ᠠ ᠶᠢᠨ ᠴᠢᠰᠦ᠂ | ᠠᠷᠢᠯᠭᠠᠭᠰᠠᠨ ᠬᠡᠳᠡᠰᠦ᠂ ᠰᠠᠭᠠᠭ ᠤᠨ ᠭᠤᠯᠢᠷ᠂ ᠴᠡᠪᠡᠷ ᠤᠰᠤ ᠪᠠ ᠲᠠᠪᠤᠰᠤ᠂ ᠰᠤᠩᠬᠢᠨ᠎ᠡ ᠰᠠᠷᠢᠮᠰᠠᠭ ᠮᠠᠳᠦ ᠶᠢᠨ | ᠦᠨᠦᠷ ᠠᠮᠳᠠ ᠶᠢᠨ ᠵᠦᠢᠯᠡᠰ︔ | 2. ᠬᠡᠳᠡᠰᠦ ᠴᠢᠳᠬᠤᠬᠤ ᠪᠠᠭᠠᠵᠢ ᠬᠡᠷᠡᠭᠰᠡᠯ — ᠰᠢᠨᠠᠭ᠎ᠠ᠂ ᠤᠶᠠᠳᠠᠯ᠂ ᠴᠢᠳᠬᠤᠭᠤᠷ᠂ ᠬᠢᠳᠤᠭ᠎ᠠ ᠵᠡᠷᠬᠡ ᠶᠢ | ᠬᠡᠷᠡᠭᠰᠡᠨ᠎ᠡ᠃ | 3. ᠬᠡᠳᠡᠰᠦ ᠴᠢᠳᠬᠤᠬᠤ ᠶᠠᠪᠤᠴᠠ — ᠢᠳᠡᠰᠢ ᠭᠠᠷᠭᠠᠬᠤ ᠳᠠᠭᠠᠨ ᠬᠠᠮᠤᠭ ᠤᠨ ᠲᠦᠷᠦᠭᠦᠦ ᠶᠡᠬᠡᠬᠡᠨ ᠰᠢᠭ | ᠲᠤᠭᠤᠭᠠᠨ ᠳᠠᠭᠠᠨ ᠰᠠᠭᠠᠭ ᠤᠨ ᠭᠤᠯᠢᠷ ︵ᠬᠠᠮᠤᠭ ᠤᠨ ᠰᠠᠶᠢᠨ ᠨᠢ ᠪᠦᠳᠦᠭᠦᠨ ᠰᠢᠭ ᠲᠠᠷᠤᠭᠰᠠᠨ ᠭᠤᠯᠢᠷ︶ ᠢᠶᠠᠨ | ᠴᠡᠪᠡᠷ ᠤᠰᠤᠨ ᠪᠠᠷ ᠵᠢᠭᠤᠷᠠᠵᠦ᠂ ᠬᠠᠯᠠᠭᠤᠨ ᠴᠢᠰᠦ ᠶᠢ ᠲᠡᠬᠡᠷ᠎ᠡ ᠨᠢ ᠬᠢᠵᠦ ᠰᠠᠶᠢᠬᠠᠨ ᠭᠦᠳᠡᠯᠬᠡᠵᠦ ᠵᠢᠭᠤᠷᠠᠭᠠᠳ᠂ | ᠲᠠᠪᠤᠰᠤ᠂ ᠰᠤᠩᠬᠢᠨ᠎ᠠ᠂ ᠰᠠᠷᠢᠮᠰᠠᠭ ᠵᠡᠷᠬᠡ ᠦᠨᠦᠷ ᠠᠮᠳᠠ ᠤᠷᠤᠭᠤᠯᠬᠤ ᠵᠦᠢᠯᠡᠰ ᠢᠶᠠᠨ ᠵᠤᠬᠢᠴᠠᠭᠤᠯᠤᠨ ᠬᠢᠵᠦ᠂ | ᠴᠢᠳᠬᠤᠵᠦ ᠪᠤᠯᠬᠤ ᠬᠡᠮᠵᠢᠶ᠎ᠡ ᠲᠠᠢ ᠪᠤᠯᠭᠠᠨ᠎ᠠ᠃ ᠵᠠᠷᠢᠮ ᠭᠦᠮᠦᠨ ᠬᠡᠳᠡᠰᠦ ᠶᠢ ᠲᠤᠰᠤᠷᠬᠠᠭ ᠪᠤᠯᠭᠠᠬᠤ ᠶᠢᠨ ᠲᠤᠯᠠᠳᠠ | ᠭᠠᠭ᠋ᠠᠢ ᠶᠢᠨ ᠬᠡᠳᠡᠰᠦᠨ ᠦᠬᠡᠭᠦ ︵ᠭᠠᠭ᠋ᠠᠢ ᠶᠢᠨ ᠬᠡᠳᠡᠰᠦᠨ ᠲᠡᠬᠡᠷ᠎ᠡ ᠨᠠᠭᠠᠯᠳᠤᠵᠦ ᠪᠠᠶᠢᠭ᠎ᠠ ᠦᠬᠡᠭᠦ︶ ᠶᠢ | ᠰᠢᠷᠭᠠᠭᠠᠭᠠᠳ ᠲᠤᠰᠤ ᠶᠢ ᠨᠢ ᠴᠢᠰᠦᠨ ᠳᠠᠭᠠᠨ ᠬᠢᠳᠡᠭ᠃ ᠬᠡᠳᠡᠰᠦ ᠪᠠᠨ ᠭᠠᠷᠭᠠᠵᠦ ᠠᠪᠤᠪᠠᠯ ᠬᠠᠭᠠᠯᠵᠦ ᠤᠭᠳᠤᠯᠬᠤ | ᠦᠬᠡᠢ ᠪᠠᠷ ᠴᠡᠪᠡᠷ ᠰᠠᠶᠢᠬᠠᠨ ᠰᠠᠯᠭᠠᠵᠦ ᠰᠢᠯᠤᠭᠠᠳ ᠪᠤᠯᠭᠠᠭᠰᠠᠨ ᠤ ᠲᠠᠷᠠᠭ᠎ᠠ ᠲᠤᠳᠤᠷᠠᠬᠢ ᠢᠳᠡᠰᠢ ᠪᠠ ᠪᠠᠭᠠᠰᠦ ᠶᠢ | ᠨᠢ ᠴᠡᠪᠡᠷᠯᠡᠵᠦ ᠭᠠᠷᠭᠠᠭᠠᠳ᠂ ᠲᠠᠷᠠ ᠲᠤᠤᠷ᠎ᠠ ᠨᠢ ᠪᠦᠭᠦᠨ ᠢ ᠤᠷᠪᠠᠭᠤᠯᠵᠦ᠂ ᠲᠠᠪᠤᠰᠤ ᠪᠠᠷ ᠵᠠᠶᠢᠯᠤᠨ᠂ ᠴᠡᠪᠡᠷ | ᠤᠰᠤ ᠪᠠᠷ ᠤᠬᠢᠶᠠᠵᠦ᠂ ᠮᠠᠭᠤ ᠮᠠᠭᠤᠬᠠᠢ ᠦᠨᠦᠷ ᠢ ᠨᠢ ᠠᠷᠢᠯᠭᠠᠨ᠎ᠠ᠃ ᠠᠷᠢᠯᠭᠠᠵᠦ ᠴᠡᠪᠡᠷᠯᠡᠭᠰᠡᠨ ᠬᠡᠳᠡᠰᠦ ᠪᠠᠨ | ᠪᠦᠳᠦᠭᠦᠨ ᠬᠡᠳᠡᠰᠦ ᠪᠠ ᠨᠠᠷᠢᠨ ᠬᠡᠳᠡᠰᠦ ᠬᠡᠵᠦ ᠢᠯᠭᠠᠯ ᠦᠬᠡᠢ ᠪᠠᠷᠤᠭ 80 ᠰᠡᠨᠲ᠋ᠢᠮᠧᠲᠷ ᠤᠷᠳᠦ ᠪᠠᠷ ᠲᠠᠰᠤᠯᠵᠦ᠂ | ᠴᠢᠰᠦ ᠪᠠᠨ ᠴᠢᠳᠬᠤᠵᠦ ᠶᠡᠭᠡ ᠲᠦᠯᠦᠪ ᠲᠦᠭᠦᠷᠪᠡᠯ ᠬᠤᠶᠠᠷ ᠦᠵᠦᠭᠦᠷ ᠢ ᠨᠢ ᠨᠠᠶᠢᠯᠠᠭᠦᠯᠵᠦ ᠴᠢᠩᠭ᠎ᠠ ᠤᠶᠠᠨ᠎ᠠ᠃ | ᠬᠡᠳᠡᠰᠦ ᠪᠠᠨ ᠬᠡᠳᠦᠷᠬᠡᠢ ᠲᠦᠭᠦᠷᠬᠡᠪᠡᠯ ᠴᠢᠨᠠᠵᠦ ᠪᠤᠯᠭᠤᠬᠤ ᠦᠶ᠎ᠡ ᠳᠤ ᠬᠠᠭᠠᠷᠠᠬᠤ ᠪᠤᠯᠤᠮᠵᠢ ᠲᠠᠢ᠃ ᠬᠡᠳᠡᠰᠦ | ᠴᠢᠨᠠᠬᠤ ᠳᠤ ᠲᠦᠷᠬᠡᠨ ᠪᠤᠴᠠᠯᠭᠠᠬᠤ ᠦᠬᠡᠢ᠂ ᠡᠷᠬᠡᠪᠰᠢ ᠵᠦᠬᠡᠯᠡᠨ ᠪᠤᠴᠠᠯᠭᠠᠨ᠎ᠠ᠃ ᠡᠭᠦᠨ ᠳᠤ ᠴᠢᠰᠦ | ᠨᠠᠶᠢᠷᠠᠭᠤᠯᠬᠤ᠂ ᠬᠡᠳᠡᠰᠦ ᠠᠷᠢᠯᠭᠠᠬᠤ᠂ ᠬᠡᠳᠡᠰᠦ ᠴᠢᠳᠬᠤᠬᠤ ᠪᠠ ᠴᠢᠨᠠᠬᠤ ᠮᠡᠷᠬᠡᠵᠢᠯ ᠨᠢ ᠴᠢᠬᠤᠯᠠ ᠪᠠᠶᠢᠳᠠᠭ᠃ | | | | |