ᠰᠢᠷᠡᠬᠡᠳᠦ ᠭᠦᠷᠢᠶ᠎ᠡ ᠶᠢᠨ ᠭᠤᠷᠪᠠᠨ ᠲᠤᠮᠤ ᠬᠡᠶᠢᠳ ᠤᠨ ᠨᠢᠬᠡ —  ᠡᠬᠢ ᠶᠦᠭᠡᠨ ᠪᠠᠳᠠᠷᠠᠭᠤᠯᠤᠭᠴᠢ ᠬᠡᠶᠢᠳ
ᠨᠡᠶᠢᠲᠡᠯᠡᠭᠰᠡᠨ ᠴᠠᠭ᠄
2024/4/16
ᠡᠬᠢ ᠶᠦᠭᠡᠨ ᠪᠠᠳᠠᠷᠠᠭᠤᠯᠤᠭᠴᠢ ᠬᠡᠶᠢᠳ ᠰᠡᠭᠦᠳᠡᠷ   ᠬᠠᠳᠠ ᠰᠡᠭᠦᠳᠡᠷᠯᠡᠪᠡ
   ᠰᠢᠷᠡᠬᠡᠳᠦ ᠭᠦᠷᠢᠶ᠎ᠡ ᠶᠢᠨ ᠭᠤᠷᠪᠠᠨ ᠲᠤᠮᠤ ᠰᠦᠮ᠎ᠡ ᠬᠡᠶᠢᠳ ︵ᠡᠬᠢ ᠶᠦᠭᠡᠨ ᠪᠠᠳᠠᠷᠠᠭᠤᠯᠤᠭᠴᠢ ᠬᠡᠶᠢᠳ᠂ ᠪᠤᠶᠠᠨ ᠪᠠᠷᠢᠯᠳᠤᠭᠤᠯᠤᠭᠴᠢ ᠬᠡᠶᠢᠳ᠂ ᠰᠤᠶᠤᠯ ᠵᠤᠬᠢᠰᠳᠦ ᠬᠡᠶᠢᠳ︶ ᠨᠢ ᠭᠦᠷᠢᠶ᠎ᠡ ᠬᠤᠰᠢᠭᠤᠨ ᠤ ᠭᠦᠷᠢᠶ᠎ᠡ ᠪᠠᠯᠭᠠᠰᠤᠨ ᠤ ᠲᠤᠮᠳᠠ ᠬᠡᠰᠡᠭ ᠲᠤ ᠪᠠᠶᠢᠷᠢᠰᠢᠵᠦ ᠪᠠᠶᠢᠳᠠᠭ᠃ ᠭᠦᠷᠢᠶ᠎ᠡ ᠪᠤᠯ 17 ᠳ᠋ᠤᠭᠠᠷ ᠵᠠᠭᠤᠨ ᠤ ᠦᠶ᠎ᠡ ᠳᠤ ᠪᠠᠶᠢᠭᠤᠯᠤᠭᠳᠠᠭᠰᠠᠨ ᠡᠷᠳᠡᠨ ᠤ ᠪᠠᠯᠭᠠᠰᠦ ᠪᠤᠯᠤᠨ᠎ᠠ᠃ ᠲᠡᠤᠬᠡᠨ ᠲᠡᠬᠡᠷ᠎ᠡ ᠲᠡᠭᠦᠨ ᠢ ︽ᠪᠠᠭ᠎ᠠ ᠭᠦᠷᠢᠶ᠎ᠡ︾ ᠬᠡᠳᠡᠭ᠃ ᠭᠦᠷᠢᠶ᠎ᠡ ᠬᠤᠰᠢᠭᠤ ᠪᠤᠯ ᠴᠢᠩ ᠤᠯᠤᠰ ᠤᠨ ᠦᠶ᠎ᠡ ᠶᠢᠨ ᠦᠪᠦᠷ ᠮᠤᠩᠭᠤᠯ ᠤᠨ ᠴᠤᠷ ᠤᠨ ᠭᠠᠭᠴᠠ ᠲᠦᠷᠦ ᠱᠠᠰᠢᠨ ᠬᠠᠮᠳᠤᠷᠠᠭᠰᠠᠨ ᠯᠠᠮᠠ ᠶᠢᠨ ᠬᠤᠰᠢᠭᠤ ᠪᠤᠯᠤᠨ᠎ᠠ᠃ ᠮᠦᠨ ᠴᠦ ᠮᠤᠩᠭᠤᠯᠴᠤᠳ ᠤᠨ ᠰᠢᠳᠦᠨ ᠪᠢᠰᠢᠷᠡᠳᠡᠭ ᠱᠠᠰᠢᠨ ᠤ ︽ᠲᠠᠷᠬᠠᠨ ᠭᠤᠯᠤᠮᠳᠠ︾ ᠪᠤᠯᠤᠨ᠎ᠠ᠃      ᠰᠢᠷᠡᠬᠡᠳᠦ ᠭᠦᠷᠢᠶ᠎ᠡ ᠶᠢᠨ ᠭᠤᠷᠪᠠᠨ ᠲᠤᠮᠤ ᠰᠦᠮ᠎ᠡ ᠬᠡᠶᠢᠳ ᠤᠨ ᠲᠤᠳᠤᠷ᠎ᠠ ᠡᠬᠢ ᠶᠦᠭᠡᠨ ᠪᠠᠳᠠᠷᠠᠭᠤᠯᠤᠭᠴᠢ ᠬᠡᠶᠢᠳ ᠤᠨ ᠪᠠᠶᠢᠭᠤᠯᠤᠭᠳᠠᠰᠠᠨ ᠤᠨ ᠵᠢᠯ ᠨᠢ ᠬᠠᠮᠤᠭ ᠡᠷᠳᠡ᠂ ᠪᠠᠷᠢᠯᠭ᠎ᠠ ᠶᠢᠨ ᠭᠦᠷᠢᠶ᠎ᠡ ᠬᠡᠪᠴᠢᠶ᠎ᠡ ᠨᠢ ᠬᠠᠮᠤᠭ ᠶᠡᠭᠡ ᠪᠤᠯᠬᠤᠷ ᠭᠤᠷᠪᠠᠨ ᠶᠡᠭᠡ ᠬᠡᠶᠢᠳ ᠤᠨ ᠲᠦᠷᠦᠭᠦᠨ ᠳᠤ ᠤᠷᠤᠵᠦ᠂ ᠰᠢᠷᠡᠬᠡᠳᠦ ᠭᠦᠷᠢᠶ᠎ᠡ ᠶᠢᠨ ᠭᠤᠤᠯ ᠰᠦᠮ᠎ᠡ ᠪᠤᠯᠵᠠᠢ᠃ ᠴᠢᠯᠦᠬᠡᠯᠡᠭᠳᠡᠭᠰᠡᠨ ᠤ ᠲᠠᠷᠠᠭ᠎ᠠ᠂ ᠡᠨᠡ ᠭᠤᠷᠪᠠᠨ ᠶᠡᠭᠡ ᠬᠡᠶᠢᠳ ᠨᠢ ᠪᠦᠷ ᠬᠤᠰᠢᠭᠤᠨ ᠤ ᠨᠠᠮ ᠵᠠᠰᠠᠭ ᠪᠤᠯᠤᠨ ᠤᠯᠠᠨ ᠲᠦᠮᠡᠨ ᠤ ᠨᠡᠶᠢᠬᠡᠮᠯᠢᠭ ᠤᠨ  ᠠᠵᠢᠯᠯᠠᠬᠤ  ᠭᠠᠵᠠᠷ  ᠪᠤᠯᠵᠠᠢ᠃ ᠲᠤᠳᠤᠷᠠᠬᠢ ᠪᠤᠷᠬᠠᠨ ᠤ ᠭᠦᠷᠦᠭ ᠵᠢᠷᠤᠭ᠂ ᠨᠤᠮ ᠰᠤᠳᠤᠷ ᠵᠡᠷᠬᠡ ᠨᠢ ᠭᠠᠵᠠᠷ ᠰᠢᠷᠤᠢ ᠶᠢᠨ ᠦᠬᠡᠷᠡᠴᠢᠯᠡᠯᠳᠠ ᠶᠢᠨ ᠭᠦᠳᠡᠯᠬᠡᠬᠡᠨ ᠤ ᠲᠤᠮᠳᠠ ᠡᠪᠳᠡᠭᠳᠡᠨ ᠰᠦᠢᠳᠬᠡᠭᠳᠡᠭᠰᠡᠨ ᠪᠤᠯᠪᠠᠴᠦ ᠭᠤᠤᠯ ᠪᠠᠷᠢᠯᠭ᠎ᠠ ᠨᠢ ᠶᠡᠭᠡ ᠲᠦᠯᠦᠪ ᠲᠡᠬᠡᠷ᠎ᠡ ᠪᠠᠨ ᠤᠤᠯ ᠤᠨ ᠬᠡᠯᠪᠡᠷᠢ ᠲᠦᠷᠰᠦ ᠪᠠᠷ  ᠢᠶᠠᠨ ᠪᠠᠶᠢᠵᠠᠢ᠃ ᠬᠡᠪᠡᠴᠦ ︽ᠰᠤᠶᠤᠯ ᠤᠨ ᠶᠡᠭᠡ ᠬᠤᠪᠢᠰᠬᠠᠯ︾ ᠤᠨ ᠲᠤᠮᠳᠠ᠂ ᠰᠦᠮ᠎ᠡ ᠬᠡᠶᠢᠳ ᠨᠢ ᠡᠪᠳᠡᠭᠳᠡᠨ ᠰᠦᠢᠳᠬᠡᠭᠳᠡᠭᠰᠡᠨ ᠪᠠᠶᠢᠨ᠎ᠠ᠃ ᠡᠭᠦᠨ ᠳᠤ ᠡᠬᠢ ᠶᠦᠭᠡᠨ ᠪᠠᠳᠠᠷᠠᠭᠤᠯᠤᠭᠴᠢ ᠬᠡᠶᠢᠳ ᠨᠢ ᠰᠢᠷᠡᠬᠡᠳᠦ ᠭᠦᠷᠢᠶ᠎ᠡ ᠶᠢᠨ  ᠭᠤᠤᠯ  ᠰᠦᠮ᠎ᠡ  ᠪᠤᠯᠤᠭᠰᠠᠨ ᠤ  ᠬᠤᠪᠢ ᠳᠤ  ᠨᠡᠩ ᠴᠦ  ᠭᠤᠤᠯᠳᠠᠯᠭ᠎ᠠ ᠪᠤᠯᠵᠦ  ᠬᠠᠮᠤᠭ  ᠲᠡᠷᠢᠭᠦᠨ ᠳᠤ  ᠲᠠᠭᠠᠷᠢᠭᠳᠠᠵᠠᠢ᠃ ᠬᠠᠭᠠᠯᠭ᠎ᠠ ᠶᠢᠨ ᠰᠦᠮ᠎ᠡ ᠶᠢᠨ ᠡᠮᠦᠨᠡᠬᠢ ᠲᠤᠭ ᠤᠨ ᠰᠢᠷᠤᠭ ᠨᠢ ᠦᠭᠳᠡᠬᠡᠭᠳᠡᠵᠦ ᠴᠢᠯᠠᠭᠤᠨ ᠠᠷᠰᠯᠠᠨ᠂ ᠴᠢᠯᠠᠭᠤᠨ ᠪᠤᠷᠬᠠᠨ ᠨᠢ ᠲᠦᠯᠬᠢᠨ ᠤᠨᠠᠭᠠᠭᠳᠠᠵᠦ᠂ ᠭᠦᠷᠢᠶᠡᠨ ᠲᠤᠳᠤᠷᠠᠬᠢ ᠴᠢᠯᠠᠭᠤᠨ ᠭᠦᠰᠢᠶ᠎ᠡ ᠨᠢ ᠬᠡᠮᠬᠡᠴᠢᠭᠳᠡᠭᠰᠡᠨ ᠪᠦᠬᠡᠳ ᠠᠯᠢ ᠤᠯᠠᠨ ᠰᠦᠮ᠎ᠡ ᠶᠢᠨ ᠤᠷᠤᠢ ᠲᠡᠬᠡᠷᠡᠬᠢ ᠸᠠᠭᠠᠷ ᠴᠢᠮᠡᠭᠯᠡᠯ᠂ ᠲᠠᠰᠢᠭᠤ ᠨᠢᠷᠤᠭᠤᠨ ᠲᠡᠬᠡᠷᠡᠬᠢ ᠪᠠᠷᠢᠮᠠᠯ ᠠᠷᠢᠶᠠᠳᠠᠨ ᠵᠢᠴᠢ ᠵᠢᠭᠦᠷ ᠰᠠᠷᠠᠪᠴᠢᠨ ᠲᠡᠬᠡᠷᠡᠬᠢ ᠰᠠᠯᠬᠢᠨ ᠬᠤᠩᠬᠤ ᠵᠡᠷᠬᠡ ᠴᠢᠮᠡᠭᠯᠡᠯ ᠤᠨ ᠡᠳ᠋ ᠨᠢ ᠭᠦᠷᠳᠡᠯ᠎ᠡ ᠴᠦᠮ ︽ᠲᠦᠷᠪᠡᠨ ᠬᠠᠭᠤᠴᠢᠨ︾ ᠳᠤ ᠲᠤᠭᠠᠴᠠᠭᠳᠠᠨ ᠦᠬᠡᠶᠢᠬᠢᠭᠳᠡᠪᠡ᠃ ᠴᠢᠨᠠᠭᠰᠢᠯᠠᠭᠠᠳ ᠵᠡᠭᠦᠨ ᠪᠠᠷᠠᠭᠤᠨ ᠵᠢᠭᠦᠷ ᠤᠨ ᠬᠠᠷᠰᠢ᠂ ᠮᠠᠬᠠᠷᠠᠠᠽᠠ ᠶᠢᠨ ᠰᠦᠮ᠎ᠡ᠂ ᠵᠦᠩ ᠬᠡᠩᠬᠡᠷᠬᠡ ᠶᠢᠨ ᠠᠰᠠᠷ ᠵᠢᠴᠢ ᠬᠤᠷᠯᠤ ᠶᠢᠨ ᠰᠦᠮ᠎ᠡ ᠨᠢ ᠭᠦᠷᠳᠡᠯ᠎ᠡ ᠨᠢᠬᠡᠳ ᠨᠢᠬᠡ ᠪᠠᠷ ᠨᠤᠷᠠᠭᠠᠭᠳᠠᠨ ᠡᠪᠳᠡᠭᠳᠡᠵᠡᠢ᠃ ᠪᠤᠶᠠᠨ ᠪᠠᠷᠢᠯᠳᠤᠭᠤᠯᠤᠭᠴᠢ ᠬᠡᠶᠢᠳ᠂ ᠰᠤᠶᠤᠯ ᠵᠤᠬᠢᠰᠳᠦ ᠬᠡᠶᠢᠳ ᠨᠢ ᠴᠦ ᠬᠡᠳ ᠡᠭᠦᠨ ᠲᠠᠢ ᠠᠳᠠᠯᠢ ᠪᠠᠷ ᠰᠦᠢᠳᠬᠡᠭᠳᠡᠯ ᠳᠤ ᠤᠴᠠᠷᠠᠭᠰᠠᠨ ᠶᠤᠮ᠃    1985 ᠤᠨ ᠳᠤ᠂ ᠭᠤᠷᠪᠠᠨ ᠲᠤᠮᠤ ᠰᠦᠮ᠎ᠡ ᠬᠡᠶᠢᠳ ᠤᠷᠤᠨ ᠤ ᠲᠠᠰ ᠤᠨ ᠭᠤᠤᠯᠳᠠᠯᠭᠠᠳᠦ ᠬᠠᠮᠠᠭᠠᠯᠠᠯᠳᠠ  ᠶᠢᠨ ᠲᠡᠤᠬᠡ ᠶᠢᠨ ᠲᠤᠷᠠᠰᠬᠠᠯᠳᠦ ᠨᠢᠬᠡᠴᠢ ᠪᠠᠷ ᠦᠨᠡᠯᠡᠭᠳᠡᠭᠰᠡᠨ ᠪᠠᠶᠢᠨ᠎ᠠ᠃    2006 ᠤᠨ ᠳᠤ᠂ ᠭᠤᠷᠪᠠᠨ ᠲᠤᠮᠤ ᠰᠦᠮ᠎ᠡ ᠬᠡᠶᠢᠳ ᠨᠢ ᠤᠯᠤᠰ ᠤᠨ ᠲᠠᠰ ᠤᠨ ᠭᠤᠤᠯᠳᠠᠯᠭᠠᠳᠦ ᠬᠠᠮᠠᠭᠠᠯᠠᠯᠳᠠ ᠶᠢᠨ ᠲᠡᠤᠬᠡ ᠶᠢᠨ ᠲᠤᠷᠠᠰᠬᠠᠯᠳᠦ ᠨᠢᠬᠡᠴᠢ ᠪᠠᠷ ᠦᠨᠡᠯᠡᠭᠳᠡᠭᠰᠡᠨ ᠪᠠᠶᠢᠨ᠎ᠠ᠃    2009 ᠤᠨ ᠠᠴᠠ ᠡᠬᠢᠯᠡᠨ᠂ ᠭᠦᠷᠢᠶ᠎ᠡ ᠬᠤᠰᠢᠭᠤ ᠬᠤᠰᠢᠭᠤᠨ ᠲᠤᠳᠤᠷᠠᠬᠢ ᠠᠩᠬᠠᠳᠠᠭᠴᠢ ᠤᠯᠤᠰ ᠤᠨ4A ᠲᠠᠰ ᠤᠨ ᠵᠤᠭᠠᠴᠠᠯ ᠤᠨ ᠦᠵᠡᠮᠤᠷᠢ ᠶᠢᠨ ᠤᠷᠤᠨ — ︽ᠭᠤᠷᠪᠠᠨ ᠶᠡᠭᠡ ᠬᠡᠶᠢᠳ︾ ᠤᠨ ᠦᠵᠡᠮᠤᠷᠢ ᠶᠢᠨ ᠤᠷᠤᠨ  ᠢ ᠢᠳᠡᠪᠬᠢᠳᠠᠢ ᠪᠠᠷ ᠪᠦᠳᠦᠬᠡᠨ ᠪᠠᠶᠢᠭᠤᠯᠤᠭᠰᠠᠨ ᠪᠠᠶᠢᠨ᠎ᠠ᠃ ᠭᠦᠷᠢᠶ᠎ᠡ ᠬᠤᠰᠢᠭᠤᠨ ᠠᠴᠠ ︽ᠨᠠᠷᠠᠳᠦ ᠬᠠᠭᠤᠴᠢᠰ — ᠰᠦᠮ᠎ᠡ ᠬᠡᠶᠢᠳ᠂ ᠨᠠᠷᠠᠳᠦ ᠦᠵᠡᠮᠵᠢ — ᠠᠮᠢ ᠠᠬᠤᠢ᠂ ᠨᠠᠷᠠᠳᠦ ᠪᠦᠵᠢᠭ — ᠠᠨᠳᠠᠢ᠂ ᠨᠠᠷᠠᠳᠦ ᠢᠳᠡᠬᠡᠨ — ᠰᠠᠭᠠᠭ︾ ᠢᠶᠠᠷ ᠭᠤᠤᠯ ᠪᠤᠯᠭᠠᠭᠰᠠᠨ ᠰᠢᠯᠢᠳᠡᠭ ᠵᠤᠭᠠᠴᠠᠯ ᠤᠨ ᠲᠦᠷᠦᠯ ᠵᠦᠢᠯ ᠢ ᠪᠦᠭᠦ ᠲᠠᠯ᠎ᠠ ᠪᠠᠷ ᠴᠤᠭᠴᠠᠯᠠᠨ ᠪᠠᠶᠢᠭᠤᠯᠵᠦ᠂ ᠭᠤᠷᠪᠠᠨ ᠶᠡᠭᠡ ᠰᠦᠮ᠎ᠡ ᠬᠡᠶᠢᠳ ᠤᠨ ᠦᠵᠡᠮᠵᠢ ᠶᠢᠨ ᠤᠷᠤᠨ ᠤ ᠪᠠᠶᠢᠭᠤᠯᠤᠯᠳᠠ ᠳᠤ 1.42 ᠳ᠋ᠦᠩᠰᠢᠭᠤᠷ ᠭᠠᠷᠤᠢ ᠪᠡᠯᠡ ᠮᠦᠩᠭᠦ ᠶᠢ ᠵᠠᠷᠤᠴᠠᠭᠤᠯᠤᠭᠰᠠᠨ ᠪᠠᠶᠢᠨ᠎ᠠ᠃ ᠬᠠᠮᠠᠭᠠᠯᠠᠯᠳᠠ ᠪᠠ ᠨᠡᠬᠡᠬᠡᠯᠳᠠ ᠶᠢ ᠬᠠᠮᠳᠤᠷᠠᠭᠤᠯᠬᠤ ᠦᠵᠡᠯ ᠰᠠᠨᠠᠭ᠎ᠠ ᠠᠴᠠ᠂ ᠭᠦᠷᠢᠶ᠎ᠡ ᠬᠤᠰᠢᠭᠤ ᠨᠢ ᠡᠬᠢ ᠶᠦᠭᠡᠨ ᠪᠠᠳᠠᠷᠠᠭᠤᠯᠤᠭᠴᠢ ᠬᠡᠶᠢᠳ᠂ ᠪᠤᠶᠠᠨ ᠪᠠᠷᠢᠯᠳᠤᠭᠤᠯᠤᠭᠴᠢ ᠬᠡᠶᠢᠳ᠂ ᠰᠤᠶᠤᠯ ᠵᠤᠬᠢᠰᠳᠦ ᠬᠡᠶᠢᠳ ᠵᠡᠷᠬᠡ ᠭᠤᠷᠪᠠᠨ ᠶᠡᠭᠡ ᠰᠦᠮ᠎ᠡ ᠪᠠ ᠪᠤᠰᠤᠳ ᠲᠠᠭᠠᠯᠳᠠ ᠰᠦᠮ᠎ᠡ ᠵᠢᠴᠢ ᠰᠦᠮ᠎ᠡ ᠶᠢᠨ ᠤᠷᠴᠢᠨ ᠲᠤᠭᠤᠷᠢᠨ ᠢ ᠴᠡᠭᠴᠡᠯᠡᠨ ᠵᠠᠰᠠᠬᠤ ᠢᠨᠵᠧᠨᠧᠷᠢᠩ ᠢ ᠶᠠᠪᠤᠭᠤᠯᠵᠦ᠂ 11 ᠲᠦᠮᠡᠨ ᠲᠡᠭᠰᠢ ᠲᠦᠷᠪᠡᠯᠵᠢᠨ ᠮᠧᠲᠷ ᠲᠠᠯᠠᠪᠠᠢ ᠭᠠᠵᠠᠷ ᠡᠵᠡᠯᠡᠵᠦ᠂ ᠭᠦᠷᠢᠶ᠎ᠡ ᠶᠢᠨ 300 ᠵᠢᠯ ᠤᠨ ︽ᠲᠦᠷᠦ ᠱᠠᠰᠢᠨ ᠬᠠᠮᠳᠤᠷᠠᠭᠰᠠᠨ︾ ᠯᠠᠮᠠ ᠶᠢᠨ ᠬᠤᠰᠢᠭᠤ ᠶᠢᠨ ᠪᠠᠶᠢᠭᠤᠯᠤᠮᠵᠢ ᠶᠢ ᠬᠡᠷᠡᠴᠢᠯᠡᠭᠰᠡᠨ ᠤᠯᠤᠰ ᠤᠨ ᠭᠤᠤᠯᠳᠠᠯᠭᠠᠳᠦ ᠬᠠᠮᠠᠭᠠᠯᠠᠯᠳᠠ ᠶᠢᠨ ᠲᠡᠤᠬᠡᠨ ᠲᠤᠷᠠᠰᠬᠠᠯᠳᠦ ᠵᠦᠢᠯ ᠪᠤᠯᠬᠤ ᠭᠤᠷᠪᠠᠨ ᠶᠡᠭᠡ ᠬᠡᠶᠢᠳ ᠤᠨ ᠪᠠᠷᠢᠯᠭ᠎ᠠ  ᠨᠤᠭᠤᠳ ᠢ ᠵᠠᠪᠳᠤᠨ ᠰᠡᠷᠭᠦᠬᠡᠨ ᠵᠠᠰᠠᠵᠦ᠂ ᠰᠦᠮ᠎ᠡ ᠶᠢᠨ ᠲᠤᠭᠤᠷᠢᠨ ᠤ ᠤᠷᠴᠢᠨ ᠦᠶ᠎ᠡ ᠶᠢᠨ ᠪᠠᠷᠢᠯᠭ᠎ᠠ ᠨᠤᠭᠤᠳ ᠢ ᠨᠤᠷᠠᠭᠠᠵᠦ᠂ ᠬᠠᠮᠳᠦ ᠳᠤ ᠨᠢ 16 ᠰᠦᠮ᠎ᠡ ᠬᠡᠶᠢᠳ ᠪᠠ ᠲᠠᠭᠠᠯᠳᠠ ᠪᠠᠷᠢᠯᠭ᠎ᠠ ᠶᠢ ᠰᠠᠯᠪᠢᠨ ᠵᠠᠰᠠᠵᠦ ᠰᠡᠷᠭᠦᠬᠡᠨ ᠪᠠᠶᠢᠭᠤᠯᠤᠭᠰᠠᠨ ᠪᠠᠶᠢᠨ᠎ᠠ᠃ ᠪᠠᠰᠠ ᠰᠦᠮ᠎ᠡ ᠶᠢᠨ ᠡᠮᠦᠨᠡᠬᠢ ᠲᠠᠯᠠᠪᠠᠢ᠂ ᠵᠤᠭᠠᠴᠠᠭᠰᠠᠳ ᠤᠨ ᠦᠢᠯᠡᠴᠢᠯᠡᠬᠡᠨ ᠤ ᠲᠦᠪ ᠵᠢᠴᠢ ᠬᠤᠯᠪᠤᠭᠳᠠᠯ ᠪᠦᠭᠦᠢ ᠲᠦᠭᠦᠬᠡᠷᠦᠮᠵᠢ ᠶᠢ ᠪᠠᠶᠢᠭᠤᠯᠵᠦ᠂ ᠨᠠᠶᠢᠳᠠ 3 ᠲᠦᠮᠡᠨ ᠲᠡᠭᠰᠢ ᠲᠦᠷᠪᠡᠯᠵᠢᠨ ᠮᠧᠲᠷ ᠲᠠᠯᠠᠪᠠᠢ ᠶᠢ ᠨᠤᠭᠤᠭᠠᠷᠠᠭᠤᠯᠵᠦ ᠭᠤᠶᠤᠯᠠᠵᠦ ᠬᠠᠳᠠᠭᠤᠷᠠᠭᠤᠯᠤᠭᠰᠠᠨ ᠪᠠᠶᠢᠨ᠎ᠠ᠃ ᠪᠡᠰᠠ ᠪᠡᠯᠡᠭᠯᠡᠨ ᠭᠦᠷᠬᠡᠭᠦ ᠠᠷᠭ᠎ᠠ ᠮᠠᠶ᠋ᠢᠭ ᠢᠶᠠᠷ ᠭᠤᠷᠪᠠᠨ ᠶᠡᠭᠡ ᠰᠦᠮ᠎ᠡ ᠳᠤ 1000 ᠰᠠᠭᠤᠷᠢ ᠬᠠᠰ ᠰᠡᠶᠢᠯᠤᠮᠠᠯ ᠪᠤᠷᠬᠠᠨ ᠤ ᠭᠦᠷᠦᠭ ᠢ ᠵᠠᠯᠠᠵᠦ᠂ ᠲᠡᠷᠡ ᠭᠦ 300 ᠵᠢᠯ ᠤᠨ ᠡᠮᠦᠨᠡᠬᠢ ᠵᠦᠩ ᠤᠨ ᠲᠠᠭᠤᠨ ᠬᠠᠩᠬᠢᠨᠠᠨ ᠬᠡᠩᠬᠡᠷᠬᠡ ᠶᠢᠨ ᠲᠠᠭᠤᠨ ᠭᠦᠩᠬᠢᠨᠡᠵᠦ᠂ ᠭᠦᠵᠢᠰ ᠤᠨ ᠦᠨᠦᠷ ᠬᠠᠩᠬᠤᠯᠤᠭᠰᠠᠨ ᠡᠷᠳᠡᠨ ᠤ ᠰᠦᠮ᠎ᠡ ᠶᠢᠨ ᠪᠠᠶᠢᠳᠠᠯ ᠢ ᠲᠠᠬᠢᠨ ᠢᠯᠡᠷᠡᠭᠦᠯᠦᠭᠰᠡᠨ ᠪᠠᠶᠢᠨ᠎ᠠ᠃    2010 ᠤᠨ ᠤ 12 ᠰᠠᠷ᠎ᠠ ᠳᠤ᠂ ᠭᠦᠷᠢᠶ᠎ᠡ ᠬᠤᠰᠢᠭᠤᠨ ᠤ ᠭᠤᠷᠪᠠᠨ ᠶᠡᠭᠡ ᠰᠦᠮ᠎ᠡ ᠬᠡᠶᠢᠳ ᠨᠢ ᠤᠯᠤᠰ  ᠤᠨ ᠵᠤᠭᠠᠴᠠᠯ ᠤᠨ ᠲᠤᠪᠴᠢᠶ᠎ᠠ ᠳᠤ ᠵᠢᠩᠬᠢᠨᠢ ᠪᠠᠷ 4A ᠲᠠᠰ ᠤᠨ ᠵᠤᠭᠠᠴᠠᠯ ᠤᠨ ᠦᠵᠡᠮᠤᠷᠢ ᠶᠢᠨ ᠤᠷᠤᠨ ᠢᠶᠠᠷ ᠵᠦᠪᠰᠢᠶᠡᠷᠡᠭᠳᠡᠵᠦ᠂  ᠴᠦᠩᠭᠦᠯ ᠤᠨ ᠭᠤᠤ ᠶᠢᠨ ᠲᠠᠷᠠᠭ᠎ᠠ ᠪᠠᠷ ᠲᠦᠩᠯᠢᠶᠦᠦ ᠬᠤᠳᠠ ᠶᠢᠨ ᠬᠤᠶᠠᠳᠡᠬᠢ ᠤᠯᠤᠰ ᠤᠨ 4A ᠲᠡᠰ ᠤᠨ ᠵᠤᠭᠠᠴᠠᠯ ᠤᠨ ᠦᠵᠡᠮᠤᠷᠢ ᠶᠢᠨ ᠤᠷᠤᠨ ᠪᠤᠯᠤᠭᠰᠠᠨ ᠪᠠᠶᠢᠨ᠎ᠠ᠃
 
ᠢᠷᠡᠯᠲᠡ᠄ ᠭᠦᠷᠢᠶ᠎ᠡ ᠲᠡᠤᠬᠡ ᠰᠤᠶᠤᠯ ᠰᠤᠳᠤᠯᠤᠯ ᠤᠨ ᠴᠤᠪᠤᠷᠠᠯ ᠪᠢᠴᠢᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号