ᠵᠡᠭᠦᠨ ᠶᠡᠷᠡᠨᠢ ᠶᠢᠨ ᠰᠦᠮ᠎ᠡ ︵东雅尔乃庙︶ ᠪᠤᠯ ᠬᠠᠭᠤᠷᠠᠢ ᠭᠤᠤᠯ᠂ ᠲᠦᠷᠪᠡᠨᠬᠡᠷ ᠠᠶᠢᠯ ᠤᠨ | ᠪᠤᠤ ᠤᠪᠤᠭᠳᠠᠨ ᠤ ᠬᠡᠷ ᠤᠨ ᠰᠦᠮ᠎ᠡ ᠪᠤᠯᠤᠨ᠎ᠠ᠃ ᠭᠤᠤᠯ ᠲᠤᠭᠠᠩ ᠨᠢ ᠭᠤᠷᠪᠠᠨ ᠲᠠᠰᠤᠯᠭ᠎ᠠ᠂ ᠽᠦᠩᠺᠠᠪᠠ ᠪᠤᠯᠤᠨ | ᠬᠤᠷᠢᠨ ᠨᠢᠬᠡᠨ ᠳ᠋ᠠᠷ᠎ᠠ ᠡᠬᠡ ᠶᠢ ᠲᠠᠬᠢᠵᠦ ᠪᠠᠶᠢᠭᠰᠠᠨ ᠪᠦᠬᠡᠳ ︽ᠭᠠᠨᠵᠤᠤᠷ ᠰᠤᠳᠤᠷ︾ ᠢ ᠨᠢᠬᠡ ᠢᠵᠢ ᠬᠠᠳᠠᠭᠠᠯᠠᠵᠦ | ᠪᠠᠶᠢᠪᠠ᠃ ᠵᠢᠯ ᠪᠦᠷᠢ ᠨᠢᠬᠡ ᠤᠳᠠᠭ᠎ᠠ ᠶᠡᠷᠡᠨᠢ ᠶᠢᠨ ᠬᠤᠷᠠᠯ ᠬᠢᠳᠡᠭ᠃ ᠵᠢᠷᠭᠤᠭᠠᠨ ᠰᠠᠷ᠎ᠠ ᠶᠢᠨ ᠠᠷᠪᠠᠨ ᠲᠠᠪᠤᠨ | ᠠᠴᠠ ᠨᠠᠢᠮᠠᠨ ᠰᠠᠷ᠎ᠠ ᠶᠢᠨ ᠰᠢᠨ᠎ᠡ ᠶᠢᠨ ᠨᠢᠬᠡᠨ ᠭᠦᠷᠳᠡᠯ᠎ᠡ ᠶᠠᠪᠤᠭᠳᠠᠬᠤ ᠶᠡᠷᠡᠨᠢ ᠶᠢᠨ ᠬᠤᠷᠠᠯ ᠳᠤ ᠰᠦᠮ᠎ᠡ ᠶᠢᠨ ᠳ᠋ᠠ | ᠯᠠᠮᠠ ᠠᠴᠠ ᠲᠤᠭᠳᠠᠭᠰᠠᠨ ᠲᠤᠭ᠎ᠠ ᠲᠠᠢ ᠯᠠᠮᠠ ᠶᠢ ᠤᠷᠤᠯᠴᠠᠭᠤᠯᠵᠦ ᠰᠠᠮ ᠳᠤ ᠰᠠᠭᠤᠬᠤ ᠶᠤᠰᠤ ᠪᠠᠷ 45 ᠬᠤᠨᠤᠭ | ᠨᠤᠮ ᠤᠩᠰᠢᠳᠠᠭ ᠨᠢ ᠪᠠᠷᠠᠭᠤᠨ ᠵᠤᠤ ᠶᠢᠨ ᠬᠤᠷᠠᠯ ᠨᠤᠮ ᠤᠨ ᠶᠤᠰᠤ ᠶᠢ ᠲᠠᠭᠤᠷᠢᠶᠠᠵᠦ ᠬᠢᠭᠰᠡᠨ ᠪᠤᠶᠠᠨ ᠤ | ᠭᠦᠳᠡᠯᠬᠡᠬᠡᠨ ᠮᠦᠨ᠃ ᠲᠤᠰ ᠰᠦᠮ᠎ᠡ ᠶᠢᠨ ᠶᠡᠷᠡᠨᠢ ᠶᠢᠨ ᠬᠤᠷᠠᠯ ᠳᠤ ᠤᠷᠤᠯᠴᠠᠬᠤ ᠯᠠᠮᠠ ᠨᠢ ᠨᠠᠶᠢᠳᠠ ᠭᠤᠴᠢᠭᠠᠳ | ᠭᠦᠮᠦᠨ ᠪᠠᠶᠢᠳᠠᠭ᠃ ᠬᠤᠷᠠᠯ ᠤᠨ ᠬᠤᠭᠤᠴᠠᠭᠠᠨ ᠳᠤ ᠯᠠᠮᠠ ᠨᠠᠷ ᠡᠳᠦᠷ ᠪᠦᠷᠢ ᠨᠢᠬᠡ ᠯᠡ ᠴᠠᠭ ᠤᠨ ᠴᠠᠪ | ᠵᠤᠭᠤᠭᠯᠠᠳᠠᠭ᠃ ᠶᠡᠷᠡᠨᠢ ᠶᠢᠨ ᠬᠤᠷᠠᠯ ᠳᠤ ᠪᠠᠰᠠ ᠨᠠᠶᠢᠳᠠᠨ ᠰᠠᠭᠤᠳᠠᠯ ᠬᠡᠵᠦ ᠪᠠᠶᠢᠳᠠᠭ᠃ ᠨᠠᠶᠢᠳᠠᠨ ᠰᠠᠭᠤᠳᠠᠯ ᠳᠤ | ᠰᠠᠭᠤᠬᠤ ᠯᠠᠮᠠ ᠶᠢ ᠨᠠᠶᠢᠳᠠᠨ ᠯᠠᠮᠠ ᠬᠡᠳᠡᠭ᠃ ᠲᠦᠪᠡᠳ ᠲᠤ ᠤᠴᠢᠵᠦ ᠷᠠᠪᠵᠠᠮᠪᠠ ᠴᠤᠯᠠ ᠤᠯᠤᠭᠰᠠᠨ ᠯᠠᠮᠠ ᠰᠠᠶ᠋ᠢ | ᠨᠠᠶᠢᠳᠠᠨ ᠰᠠᠭᠤᠳᠠᠯ ᠳᠤ ᠰᠠᠭᠤᠬᠤ ᠡᠷᠬᠡ ᠲᠠᠢ᠃ | ᠶᠡᠷᠡᠨᠢ ᠶᠢᠨ ᠰᠦᠮ᠎ᠡ ᠳᠤ ᠪᠠᠰᠠ ᠵᠡᠭᠦᠨ ᠪᠠᠷᠠᠭᠤᠨ ᠬᠠᠵᠠᠭᠤ ᠶᠢᠨ ᠰᠦᠮ᠎ᠡ ᠪᠠᠶᠢᠵᠠᠢ᠃ ᠵᠡᠭᠦᠨ ᠬᠠᠵᠠᠭᠤ ᠶᠢᠨ | ᠰᠦᠮ᠎ᠡ ᠳᠤ ᠠᠷᠪᠠᠨ ᠨᠠᠢᠮᠠᠨ ᠠᠭᠤᠢ ᠶᠢᠨ ᠰᠢᠳᠦᠬᠡᠨ ᠢ ᠲᠠᠬᠢᠵᠦ ᠪᠠᠶᠢᠪᠠ᠃ ᠲᠤᠰ ᠰᠦᠮ᠎ᠡ ᠳᠤ ᠲᠦᠪᠡᠳ ᠪᠠᠷ ᠤᠨ | ︽ᠭᠠᠨᠵᠤᠤᠷ ᠰᠤᠳᠤᠷ︾ ᠪᠠᠰᠠ ᠪᠠᠶᠢᠵᠦ ᠬᠡᠨ᠎ᠡ᠃ |