ᠠᠭᠠᠷ ᠤᠨ ᠳᠤᠯᠠᠭᠠᠨ ᠳᠡᠭᠡᠭᠰᠢᠯᠡᠵᠦ ᠠᠭᠠᠬᠢᠮ᠎ᠠ ᠬᠠᠯᠠᠭᠤᠨ ᠪᠣᠯᠬᠤ ᠦᠶ᠎ᠡ ᠳᠤ᠂ ᠬᠦᠮᠦᠰ ᠠᠮᠠᠷᠬᠠᠨ ᠨᠠᠷᠠᠰᠢᠬᠤ | ᠪᠣᠶᠤ ᠣᠯᠠᠨ ᠲᠥᠷᠦᠯ ᠤᠨ ᠡᠪᠡᠳᠴᠢᠨ ᠳᠤ ᠨᠡᠷᠪᠡᠭᠳᠡᠳᠡᠭ᠃ ᠢᠯᠡᠷᠡᠯ ᠬᠦᠩᠭᠡᠨ ᠨᠢ ᠳᠤᠷ᠎ᠠ ᠪᠣᠯᠭᠢᠵᠤ᠂ ᠬᠦᠨᠳᠦ ᠨᠢ | ᠠᠮᠢ ᠨᠠᠰᠤ ᠴᠤ ᠰᠦᠷᠳᠡᠭᠦᠯᠦᠯ ᠤᠴᠠᠷᠠᠳᠠᠭ᠃ ᠲᠡᠭᠡᠪᠡᠯ ᠠᠭᠠᠬᠢᠮ᠎ᠠ ᠬᠠᠯᠠᠭᠤᠨ ᠡᠳᠦᠷ᠂ ᠡᠶᠢᠮᠦᠷᠬᠦ ᠪᠠᠶᠢᠳᠠᠯ ᠠᠴᠠ | ᠶᠠᠭᠠᠬᠢᠵᠤ ᠰᠡᠷᠭᠡᠶᠢᠯᠡᠬᠦ ᠪᠣᠢ︖ | 1. ᠭᠦᠢᠴᠡᠳ ᠤᠨᠲᠠᠨ᠎ᠠ | ᠭᠦᠢᠴᠡᠳ ᠤᠨᠲᠠᠬᠤ ᠨᠢ ᠶᠡᠭᠡ ᠲᠠᠷᠢᠬᠢ ᠪᠠ ᠪᠡᠶ᠎ᠡ ᠶᠢᠨ ᠡᠯ᠎ᠡ ᠰᠢᠰᠲ᠋ᠧᠮ ᠢ ᠠᠮᠠᠷᠠᠭᠤᠯᠳᠠᠭ᠂ ᠭᠡᠪᠡᠴᠦ ᠠᠭᠠᠷ | ᠲᠣᠬᠢᠷᠠᠭᠤᠯᠤᠭᠴᠢ ᠶᠢᠨ ᠰᠠᠯᠬᠢ ᠭᠠᠷᠬᠤ ᠠᠮᠠᠰᠠᠷ ᠪᠠ ᠴᠠᠬᠢᠯᠭᠠᠨ ᠰᠡᠩᠰᠡ ᠶᠢᠨ ᠳᠣᠣᠷ᠎ᠠ ᠬᠡᠪᠲᠡᠬᠦ ᠦᠭᠡᠢ ᠪᠠᠶᠢᠵᠤ᠂ | ᠠᠭᠠᠷ ᠲᠣᠬᠢᠷᠠᠭᠤᠯᠤᠭᠴᠢ ᠶᠢᠨ ᠡᠪᠡᠳᠴᠢᠨ ᠪᠠ ᠬᠠᠯᠠᠭᠤ᠋ ᠨ ᠰᠠᠯᠬᠢᠨ ᠤ ᠡᠪᠡᠳᠴᠢᠨ ᠳᠤ ᠨᠡᠷᠪᠡᠭᠳᠡᠬᠦ ᠠᠴᠠ | ᠬᠢᠴᠢᠶᠡᠨ᠎ᠡ᠃ ᠦᠳᠡ ᠳᠤ ᠤᠨᠲᠠᠬᠤ ᠪᠣᠯᠪᠠᠴᠤ ᠬᠡᠳᠦ ᠤᠷᠲᠤ ᠴᠠᠭ ᠢᠶᠠᠷ ᠤᠨᠲᠠᠵᠤ ᠪᠣᠯᠬᠤ ᠦᠭᠡᠢ᠃ | 2. ᠳᠠᠪᠤᠰᠤ ᠪᠣᠶᠤ ᠰᠢᠬᠢᠷ ᠲᠠᠢ ᠤᠰᠤ ᠨᠥᠬᠦᠪᠦᠷᠢᠯᠡᠨ᠎ᠡ | ᠤᠮᠳᠠᠭᠠᠰᠤᠭᠰᠠᠨ ᠤ ᠳᠠᠷᠠᠭ᠎ᠠ ᠳᠠᠷᠤᠶᠢᠬᠠᠨ ᠶᠡᠭᠡ ᠬᠡᠮᠵᠢᠶ᠎ᠡ ᠪᠠᠷ ᠤᠰᠤ ᠤᠤᠣᠭᠤᠵᠤ ᠪᠣᠯᠬᠤ ᠦᠭᠡᠢ᠂ ᠵᠤᠬᠢᠬᠤ | ᠬᠡᠮᠵᠢᠶᠡᠨ ᠤ ᠳᠠᠪᠤᠰᠤ ᠪᠣᠶᠤ ᠰᠢᠬᠢᠷ ᠲᠠᠢ ᠤᠰᠤ ᠨᠥᠬᠦᠪᠦᠷᠢᠯᠡᠪᠡᠯ ᠵᠣᠬᠢᠨ᠎ᠠ᠂ ᠤᠴᠢᠷ ᠨᠢ ᠶᠡᠭᠡ ᠬᠡᠮᠵᠢᠶᠡᠨ ᠤ | ᠬᠦᠯᠦᠰᠦ ᠭᠠᠷᠤᠭᠰᠠᠨ ᠤ ᠳᠠᠷᠠᠭ᠎ᠠ ᠪᠡᠶ᠎ᠡ ᠶᠢᠨ ᠳᠣᠲᠤᠭᠠᠲᠤ ᠶᠢᠨ ᠳᠠᠪᠤᠰᠤ ᠪᠣᠶᠤ ᠰᠢᠬᠢᠷ ᠳᠤᠲᠠᠭᠲᠠᠵᠤ᠂ ᠴᠠᠭ | ᠲᠤᠬᠠᠢ ᠳᠤᠨᠢ ᠨᠥᠬᠦᠪᠦᠷᠢᠯᠡᠬᠦ ᠦᠭᠡᠢ ᠪᠣᠯ ᠪᠡᠶ᠎ᠡ ᠶᠢᠨ ᠳᠣᠲᠤᠭᠠᠳᠤ ᠶᠢᠨ ᠴᠠᠬᠢᠯᠭᠠᠨ ᠵᠠᠳᠠᠯᠤᠭᠳᠠᠬᠤᠨ ᠤ ᠬᠠᠷᠢᠴᠠᠯ | ᠠᠯᠳᠠᠭᠳᠠᠨ᠎ᠠ᠃ ᠵᠣᠬᠢᠬᠤ ᠬᠡᠮᠵᠢᠶᠡᠨ ᠤ ᠪᠦᠯᠢᠶᠡᠨ ᠤᠰᠤ᠂ ᠨᠣᠭᠤᠭᠠᠨ ᠪᠣᠷᠴᠠᠭ ᠤᠨ ᠱᠥᠯᠦ ᠪᠣᠶᠤ ᠴᠠᠬᠢᠯᠭᠠᠨ | ᠵᠠᠳᠠᠯᠤᠭᠳᠠᠬᠤᠨ ᠲᠠᠢ ᠤᠮᠳᠠᠭᠠᠨ ᠨᠥᠬᠦᠪᠦᠷᠢᠯᠡᠵᠦ ᠪᠣᠯᠤᠨ᠎ᠠ᠃ | 3. ᠰᠢᠩᠭᠡᠨ ᠢᠳᠡᠭᠡᠨ ᠢᠶᠠᠷ ᠭᠤᠣᠯᠯᠠᠨ᠎ᠠ | ᠥᠭᠡᠬᠦ ᠲᠤᠰᠣ ᠶᠡᠬᠡᠲᠡᠢ ᠢᠳᠡᠭᠡᠨ ᠢ ᠪᠠᠭ᠎ᠠ ᠢᠳᠡᠵᠦ᠂ ᠠᠯᠢ ᠴᠢᠳᠠᠬᠤ ᠪᠠᠷ ᠰᠢᠩᠭᠡᠨ ᠢᠳᠡᠭᠡᠨ ᠢᠳᠡᠨ᠎ᠡ᠃ | ᠭᠡᠪᠡᠴᠦ᠂ ᠠᠭᠠᠬᠢᠮ᠎ᠠ ᠬᠠᠯᠠᠭᠤᠨ ᠣᠷᠴᠢᠨ ᠲᠤᠭᠤᠷᠢᠨ ᠳᠤ ᠬᠦᠮᠦᠨ ᠤ ᠪᠡᠶ᠎ᠡ ᠨᠡᠩ ᠭᠦᠢᠴᠡᠳ ᠢᠯᠴᠢ ᠠᠪᠬᠤ ᠶᠢ | ᠱᠠᠭᠠᠷᠳᠠᠬᠤ ᠪᠣᠯᠬᠤᠷ ᠤᠭᠤᠷᠠᠭ ᠨᠥᠬᠦᠪᠦᠷᠢᠯᠡᠬᠦ ᠶᠢ ᠪᠠᠲᠤᠯᠠᠬᠤ ᠬᠡᠷᠡᠭᠲᠡᠢ᠃ ᠡᠭᠦᠨ ᠠᠴᠠ ᠭᠠᠳᠠᠨ᠎ᠠ᠂ ᠵᠢᠮᠢᠰ | ᠨᠣᠭᠤᠭ᠎ᠠ ᠢᠯᠡᠭᠦᠦ ᠢᠳᠡᠵᠦ ᠪᠣᠯᠤᠨ᠎ᠠ᠃ ᠬᠡᠲᠦᠷᠬᠡᠢ ᠬᠦᠢᠲᠡᠨ ᠤᠮᠳᠠᠭᠠᠨ ᠤᠤᠭᠤᠵᠤ ᠪᠣᠯᠬᠤ ᠦᠭᠡᠢ᠃ | 4. ᠬᠠᠯᠠᠭᠰᠠᠨ ᠤ ᠳᠠᠷᠠᠭ᠎ᠠ ᠲᠥᠷᠭᠡᠨ ᠬᠦᠷᠦᠭᠡᠬᠦ ᠶᠢ ᠴᠡᠭᠡᠷᠯᠡᠨ᠎ᠡ | ᠵᠠᠷᠢᠮ ᠬᠦᠮᠦᠨ ᠠᠭᠠᠬᠢᠮ᠎ᠠ ᠬᠠᠯᠠᠭᠤᠨ ᠣᠷᠴᠢᠨ ᠲᠤᠭᠤᠷᠢᠨ ᠠᠴᠠ ᠰᠠᠯᠤᠭᠰᠠᠨ ᠤ ᠳᠠᠷᠠᠭ᠎ᠠ ᠠᠭᠠᠷ | ᠲᠣᠬᠢᠷᠠᠭᠤᠯᠤᠭᠴᠢ᠂ ᠴᠠᠬᠢᠯᠭᠠᠨ ᠰᠡᠩᠰᠡ ᠨᠡᠬᠡᠭᠡᠬᠦ ᠪᠣᠶᠤ ᠳᠠᠷᠤᠶᠢᠬᠠᠨ ᠬᠦᠢᠲᠡᠨ ᠤᠰᠤ ᠪᠠᠷ ᠪᠡᠶ᠎ᠡ ᠤᠬᠢᠶᠠᠳᠠᠭ᠂ | ᠢᠩᠭᠢᠬᠦ ᠨᠢ ᠪᠦᠬᠦ ᠪᠡᠶ᠎ᠡ ᠶᠢᠨ ᠦᠰᠦᠨ ᠰᠦᠪᠡ ᠲᠥᠷᠭᠡᠨ ᠬᠠᠭᠠᠭᠳᠠᠵᠤ᠂ ᠪᠡᠶ᠎ᠡ ᠶᠢᠨ ᠳᠣᠲᠤᠭᠠᠳᠤ ᠶᠢᠨ ᠢᠯᠴᠢ ᠨᠢ | ᠰᠠᠷᠨᠢᠬᠤ ᠳᠤ ᠬᠦᠴᠢᠷ ᠪᠣᠯᠬᠤ ᠪᠦᠭᠡᠳ ᠲᠠᠷᠢᠬᠢᠨ ᠤ ᠴᠢᠰᠤᠨ ᠰᠤᠳᠠᠯ ᠲᠥᠷᠭᠡᠨ ᠠᠪᠴᠢᠭᠰᠠᠨ ᠠᠴᠠ ᠪᠣᠯᠵᠤ ᠶᠡᠭᠡ | ᠲᠠᠷᠢᠬᠢᠨ ᠤ ᠴᠢᠰᠤᠨ ᠤ ᠬᠠᠩᠭᠠᠯᠲᠠ ᠭᠦᠢᠴᠡᠳ ᠦᠭᠡᠢ ᠪᠣᠯᠳᠠᠭ᠃ ᠡᠭᠦᠨ ᠠᠴᠠ ᠭᠠᠳᠠᠨ᠎ᠠ ᠭᠡᠷ ᠳᠣᠲᠤᠷᠠᠬᠢ ᠪᠠ | ᠭᠡᠷ ᠤᠨ ᠭᠠᠳᠠᠨᠠᠬᠢ ᠳᠤᠯᠠᠭᠠᠨ ᠤ ᠵᠦᠷᠢᠶ᠎ᠡ ᠶᠢ ᠬᠡᠲᠦᠷᠬᠡᠢ ᠶᠡᠭᠡ ᠪᠠᠶᠢᠯᠭᠠᠵᠤ ᠪᠣᠯᠬᠤ ᠦᠭᠡᠢ᠃ ᠭᠠᠳᠠᠨ᠎ᠠ ᠬᠡᠳᠦᠢ | ᠬᠠᠯᠠᠭᠤᠨ ᠪᠠᠶᠢᠭᠰᠠᠨ ᠴᠤ ᠭᠡᠷ ᠳᠣᠲᠤᠷᠠᠬᠢ ᠠᠭᠠᠷ ᠲᠣᠬᠢᠷᠠᠭᠤᠯᠤᠭᠴᠢ ᠶᠢᠨ ᠳᠤᠯᠠᠭᠠᠨ ᠤ ᠬᠡᠮᠵᠢᠶ᠎ᠡ ᠶᠢ 24 | ᠭᠷᠡᠳᠦ᠋ᠰ ᠠᠴᠠ ᠳᠣᠣᠷ᠎ᠠ ᠪᠠᠶᠢᠯᠭᠠᠵᠤ ᠪᠣᠯᠬᠤ ᠦᠭᠡᠢ᠃ |