ᠭᠤᠸᠠᠨ ᠳ᠋ᠢ ᠶᠢᠨ ᠰᠦᠮ᠎ᠠ ︵关帝庙︶ ᠨᠢ ᠭᠦᠷᠢᠶ᠎ᠡ ᠪᠠᠯᠭᠠᠰᠦ ᠶᠢᠨ ᠲᠤᠮᠳᠠ ᠵᠡᠬᠡᠯᠢ ᠶᠢᠨ ᠪᠠᠷᠠᠭᠤᠨ | ᠦᠵᠦᠭᠦᠷ ᠲᠤ ᠤᠷᠤᠰᠢᠵᠦ᠂ ᠶᠡᠷᠦᠩᠬᠡᠢ ᠲᠠᠯᠠᠪᠠᠢ ᠨᠢ 600 ᠲᠡᠭᠰᠢ ᠲᠦᠷᠪᠡᠯᠵᠢᠨ ᠮᠧᠲᠷ᠃ ᠲᠡᠤᠬᠡ ᠶᠢᠨ | ᠲᠡᠮᠳᠡᠭᠯᠡᠯ ᠢ ᠦᠨᠳᠦᠰᠦᠯᠡᠪᠡᠯ᠂ ᠭᠦᠷᠢᠶ᠎ᠡ ᠶᠢᠨ ᠭᠤᠸᠠᠨ ᠳ᠋ᠢ ᠶᠢᠨ ᠰᠦᠮ᠎ᠡ ᠶᠢ ᠴᠢᠩ ᠤᠯᠤᠰ ᠤᠨ ᠡᠩᠬᠡ | ᠠᠮᠤᠭᠤᠯᠠᠩ ᠤᠨ ᠠᠷᠪᠠᠨ ᠲᠠᠪᠤᠳᠤᠭᠠᠷ ᠤᠨ ︵1676 ᠤᠨ︶ ᠳᠤ ᠪᠠᠶᠢᠭᠤᠯᠵᠠᠢ᠃ | ᠭᠤᠸᠠᠨ ᠳ᠋ᠢ ᠶᠢᠨ ᠰᠦᠮ᠎ᠡ ᠶᠢ ᠵᠡᠭᠦᠨ ᠪᠠᠷᠠᠭᠤᠨ ᠬᠤᠶᠠᠷ ᠪᠠᠷᠢᠯᠭ᠎ᠠ ᠬᠤᠪᠢᠶᠠᠳᠠᠭ᠃ ᠲᠤᠮᠳᠠ ᠨᠢ ᠪᠠᠭ᠎ᠠ | ᠬᠠᠭᠠᠯᠭ᠎ᠠ ᠪᠠᠷ ᠨᠠᠪᠳᠠᠷᠠᠵᠦ᠂ ᠲᠦᠷᠪᠡᠨ ᠲᠠᠯ᠎ᠠ ᠪᠠᠷ ᠢᠶᠠᠨ ᠪᠠᠬᠢᠯᠢᠭ᠌ ᠦᠨᠳᠦᠷ ᠭᠦᠬᠡ ᠲᠤᠭᠤᠰᠬ᠎ᠠ ᠶᠢᠨ ᠭᠦᠷᠢᠶᠡᠨ | ᠬᠡᠷᠡᠮ ᠲᠠᠢ᠃ ᠭᠤᠸᠠᠨ ᠳ᠋ᠢ ᠶᠢᠨ ᠰᠦᠮ᠎ᠡ ᠶᠢᠨ ᠵᠡᠭᠦᠨ ᠪᠠᠷᠠᠭᠤᠨ ᠪᠠᠷᠢᠯᠭ᠎ᠠ ᠦᠵᠡᠯᠳᠠᠢ ᠰᠠᠶᠢᠬᠠᠨ ᠲᠠᠷᠠᠭᠠᠯᠠᠭᠠᠳ | ᠬᠤᠶᠠᠷ ᠭᠦᠷᠢᠶ᠎ᠡ ᠪᠠᠶᠢᠳᠠᠭ᠃ ᠬᠠᠮᠤᠭ ᠡᠮᠦᠨ᠎ᠡ ᠨᠢ ᠭᠤᠷᠪᠠᠨ ᠲᠠᠰᠤᠯᠭ᠎ᠠ ᠰᠦᠮ᠎ᠡ ᠶᠢᠨ ᠬᠠᠭᠠᠯᠭ᠎ᠠ᠂ ᠲᠤᠮᠳᠠ ᠨᠢ | ᠡᠭᠦᠳᠡ ᠭᠤᠳᠤᠮᠵᠢ᠂ ᠤᠯᠠᠭᠠᠨ ᠢᠶᠠᠷ ᠰᠢᠷᠳᠡᠭᠰᠡᠨ ᠶᠡᠭᠡ ᠬᠠᠭᠠᠯᠭ᠎ᠠ ᠶᠢᠨ ᠡᠭᠦᠳᠡᠨ ᠬᠠᠪᠳᠠᠰᠤᠨ ᠳᠤ ᠠᠯᠳᠠᠨ | ᠬᠠᠳᠠᠭᠠᠰᠦ ᠬᠠᠳᠠᠵᠦ᠂ ᠬᠤᠶᠠᠷ ᠬᠠᠪᠳᠠᠰᠤᠨ ᠲᠡᠬᠡᠷ᠎ᠡ ᠠᠷᠢᠶᠠᠳᠠᠨ ᠤ ᠲᠤᠯᠤᠭᠠᠢ ᠶᠢᠨ ᠡᠭᠦᠳᠡᠨ ᠭᠠᠷᠠᠬ᠎ᠠ ᠶᠢ | ᠲᠠᠭᠠᠷᠠᠭᠤᠯᠪᠠ᠃ ᠡᠭᠦᠳᠡᠨ ᠲᠡᠬᠡᠷ᠎ᠡ ︽ᠭᠤᠸᠠᠨ ᠳ᠋ᠢ ᠶᠢᠨ ᠰᠦᠮ᠎ᠡ︾ ᠬᠡᠳᠡᠭ ᠢᠯᠡᠷᠬᠡᠶᠢᠯᠡᠯ ᠢ ᠦᠨᠳᠦᠷ ᠡᠯᠭᠦᠵᠦ | ᠪᠠᠶᠢᠨ᠎ᠠ᠃ ᠡᠭᠦᠳᠡᠨ ᠭᠤᠳᠤᠮᠵᠢ ᠶᠢᠨ ᠬᠤᠶᠠᠷ ᠲᠠᠯ᠎ᠠ ᠳᠤ ᠲᠤᠰ ᠪᠦᠷᠢ ᠨᠢᠬᠡ ᠲᠠᠰᠤᠯᠭ᠎ᠠ ᠮᠤᠷᠢᠨ ᠤ ᠬᠠᠷᠰᠢ ᠲᠠᠢ᠃ | ᠲᠤᠳᠤᠷ᠎ᠠ ᠨᠢ ᠰᠢᠪᠡᠷ ᠢᠶᠠᠷ ᠱᠤᠭᠤᠭᠰᠠᠨ ᠡᠮᠡᠬᠡᠯ ᠬᠠᠵᠠᠭᠠᠷ ᠲᠠᠢ ᠮᠤᠷᠢ ᠪᠤᠯᠤᠨ ᠮᠤᠷᠢᠨ ᠭᠦᠳᠦᠴᠢ ᠬᠡᠤᠬᠡᠳ ᠲᠤᠰ | ᠲᠤᠰ ᠨᠢᠬᠡ ᠪᠠᠶᠢᠨ᠎ᠠ᠃ ᠰᠦᠮ᠎ᠡ ᠶᠢᠨ ᠬᠠᠭᠠᠯᠭ᠎ᠠ ᠶᠢᠨ ᠬᠤᠶᠠᠷ ᠲᠠᠯ᠎ᠠ ᠳᠤ ᠪᠠᠰᠠ ᠵᠢᠭᠦᠷ ᠤᠨ ᠡᠭᠦᠳᠠ ᠲᠠᠢ᠂ ᠶᠡᠷᠦ | ᠶᠢᠨ ᠴᠠᠭ ᠲᠤ ᠡᠭᠦᠨ ᠢᠶᠠᠷ ᠤᠷᠤᠵᠦ ᠭᠠᠷᠤᠨ᠎ᠠ᠃ ᠰᠦᠮ᠎ᠡ ᠶᠢᠨ ᠬᠠᠭᠠᠯᠭ᠎ᠠ ᠶᠢᠨ ᠴᠢᠯᠠᠭᠤᠨ ᠶᠠᠨᠳᠠᠷ ᠲᠡᠬᠡᠷ᠎ᠡ | ᠴᠢᠯᠠᠭᠤᠨ ᠠᠷᠰᠯᠠᠨ᠂ ᠴᠢᠯᠠᠭᠤᠨ ᠰᠢᠷᠤᠭ ᠲᠤᠰ ᠪᠦᠷᠢ ᠬᠤᠶᠠᠷ ᠬᠤᠤᠰ ᠪᠠᠶᠢᠪᠠ᠃ | ᠰᠦᠮ᠎ᠡ ᠶᠢᠨ ᠬᠠᠭᠠᠯᠭ᠎ᠠ ᠪᠠᠷ ᠲᠤᠳᠤᠭᠰᠢᠯᠠᠵᠦ ᠬᠤᠶᠠᠳᠤᠭᠠᠷ ᠡᠭᠦᠳᠡ ᠪᠠᠷ ᠤᠷᠤᠪᠠᠯ᠂ ᠰᠢᠭᠤᠳ ᠭᠤᠸᠠᠨ ᠳ᠋ᠢ | ᠶᠢᠨ ᠰᠦᠮ᠎ᠡ ᠶᠢᠨ ᠭᠤᠤᠯ ᠲᠤᠭᠠᠩ ᠭᠦᠷᠭᠦ ᠲᠦᠷᠪᠡᠯᠵᠢᠨ ᠴᠢᠯᠠᠭᠤ ᠪᠠᠷ ᠦᠷᠦᠭᠰᠡᠨ ᠬᠤᠩᠬᠢᠯ ᠵᠠᠮ ᠪᠤᠯᠤᠨ᠎ᠠ᠃ | ᠨᠢᠬᠡᠳᠦᠬᠡᠷ ᠭᠦᠷᠢᠶ᠎ᠡ ᠶᠢᠨ ᠬᠤᠶᠠᠷ ᠵᠢᠭᠦᠷ ᠲᠤ ᠲᠤᠰ ᠪᠦᠷᠢ ᠲᠠᠪᠤᠨ ᠲᠠᠰᠤᠯᠭ᠎ᠠ ᠭᠦᠬᠡ ᠲᠤᠭᠤᠰᠬ᠎ᠠ ᠶᠢᠨ ᠬᠡᠷ | ᠪᠠᠶᠢᠵᠦ᠂ ᠵᠢᠭᠦᠷ ᠤᠨ ᠬᠡᠷ ᠤᠨ ᠡᠮᠦᠨ᠎ᠡ ᠦᠵᠦᠭᠦᠷ ᠤᠨ ᠵᠡᠭᠦᠨ ᠪᠠᠷᠠᠭᠤᠨ ᠲᠠᠯ᠎ᠠ ᠳᠤ ᠨᠢ ᠬᠤᠶᠠᠷ ᠲᠠᠪᠬᠤᠷ ᠵᠦᠩ | ᠬᠡᠩᠬᠡᠷᠬᠡ ᠶᠢᠨ ᠠᠰᠠᠷ ᠲᠠᠢ᠃ ᠵᠦᠩ ᠬᠡᠩᠬᠡᠷᠬᠡ ᠶᠢᠨ ᠠᠰᠠᠷ ᠨᠢ ᠲᠠᠪᠬᠤᠷ ᠰᠠᠷᠠᠪᠴᠢᠳᠦ ᠪᠠᠷᠢᠯᠭ᠎ᠠ ᠪᠦᠬᠡᠳ ᠰᠦᠷ | ᠬᠡᠷᠡᠯᠳᠠᠢ ᠬᠠᠷᠠᠭᠳᠠᠨ᠎ᠠ᠃ | ᠬᠤᠶᠠᠳᠤᠭᠠᠷ ᠬᠠᠭᠠᠯᠭ᠎ᠠ ᠶᠢᠨ ᠡᠮᠦᠨᠡᠬᠢ ᠬᠠᠵᠠᠭᠤ ᠪᠠᠷ ᠲᠤᠰ ᠪᠦᠷᠢ ᠨᠢᠬᠡ ᠴᠢᠯᠠᠭᠤᠨ ᠭᠦᠰᠢᠶ᠎ᠠ ᠪᠠᠶᠢᠳᠠᠭ᠃ | ᠨᠢᠬᠡ ᠲᠠᠯ᠎ᠠ ᠳᠤ ᠨᠢ ᠰᠦᠮ᠎ᠡ ᠶᠢ ᠪᠠᠶᠢᠭᠤᠯᠬᠤ ᠳᠤ ᠡᠳ᠋ ᠭᠦᠷᠦᠩᠬᠡ ᠪᠠᠷ ᠲᠤᠰᠠᠯᠠᠭᠰᠠᠨ ᠦᠭᠯᠢᠬᠡ ᠶᠢᠨ ᠡᠵᠠᠳ ᠤᠨ | ᠨᠠᠷᠠᠰ ᠪᠠᠶᠢᠵᠦ᠂ ᠨᠦᠭᠦᠬᠡ ᠲᠠᠯ᠎ᠠ ᠳᠤ ᠨᠢ ︽ᠵᠠᠷᠯᠢᠭ ᠢᠶᠠᠷ ᠪᠠᠶᠢᠭᠤᠯᠪᠠ︾ ᠬᠡᠰᠡᠨ ᠰᠦᠮ᠎ᠡ ᠶᠢ ᠪᠠᠶᠢᠭᠤᠯᠤᠭᠰᠠᠨ | ᠲᠤᠬᠠᠢ ᠲᠤᠷᠠᠰᠬᠠᠯ ᠤᠨ ᠭᠦᠰᠢᠶ᠎ᠠ ᠲᠠᠢ᠃ ᠬᠤᠶᠠᠳᠤᠭᠠᠷ ᠭᠦᠷᠢᠶ᠎ᠡ ᠶᠢᠨ ᠡᠰᠡᠷᠭᠦ ᠲᠠᠯ᠎ᠠ ᠳᠤ ᠨᠢ ᠭᠤᠸᠠᠨ ᠳ᠋ᠢ ᠶᠢᠨ | ᠰᠦᠮ᠎ᠡ ᠶᠢᠨ ᠭᠤᠤᠯ ᠲᠤᠭᠠᠩ ᠪᠤᠯᠤᠨ᠎ᠠ᠃ ᠡᠨᠡ ᠭᠦ ᠭᠤᠷᠪᠠᠨ ᠲᠠᠰᠤᠯᠭ᠎ᠠ ᠭᠤᠤᠯ ᠲᠤᠭᠠᠩ ᠨᠢ ᠲᠦᠷᠪᠡᠨ ᠲᠤᠬᠤᠢ | ᠦᠨᠳᠦᠷ ᠲᠠᠶᠢᠰᠠᠨ ᠲᠡᠬᠡᠷ᠎ᠡ ᠰᠡᠭᠦᠶᠢᠵᠦ ᠰᠦᠷᠯᠢᠭ ᠬᠠᠷᠠᠭᠳᠠᠨ᠎ᠠ᠃ ᠬᠤᠶᠠᠷ ᠲᠠᠯ᠎ᠠ ᠳᠤ ᠨᠢ ᠬᠠᠵᠠᠭᠤ ᠶᠢᠨ ᠬᠠᠷᠰᠢ | ᠲᠤᠰ ᠲᠤᠰ ᠭᠤᠷᠪᠠᠨ ᠲᠠᠰᠤᠯᠭ᠎ᠠ ᠪᠠᠶᠢᠵᠦ᠂ ᠭᠤᠤᠯ ᠲᠤᠭᠠᠩ ᠤᠨ ᠵᠡᠭᠦᠨ ᠪᠠᠷᠠᠭᠤᠨ ᠳᠤ ᠪᠠᠰᠠ ᠬᠤᠶᠠᠷ ᠴᠢᠬᠢᠨ | ᠬᠡᠷ ᠲᠠᠢ᠃ ᠬᠠᠵᠠᠭᠤ ᠶᠢᠨ ᠬᠠᠷᠰᠢ ᠪᠤᠯᠤᠨ ᠴᠢᠬᠢᠨ ᠬᠡᠷ ᠤᠨ ᠲᠤᠮᠳᠠ ᠵᠢᠭᠦᠷ ᠤᠨ ᠬᠡᠷ ᠭᠤᠷᠪᠠᠨ ᠲᠠᠰᠤᠯᠭ᠎ᠠ | ᠪᠠᠶᠢᠨ᠎ᠠ᠃ ᠭᠤᠤᠯ ᠲᠤᠭᠠᠩ ᠤᠨ ᠶᠠᠨᠳᠠᠷ ᠤᠨ ᠡᠮᠦᠨᠡᠬᠢ ᠬᠤᠩᠬᠢᠯ ᠵᠠᠮ ᠲᠡᠬᠡᠷ᠎ᠡ ᠦᠨᠳᠦᠷ ᠢᠶᠠᠷ ᠢᠶᠠᠨ ᠵᠠᠩ | ᠢᠯᠡᠭᠦᠦ᠂ ᠵᠢᠷᠭᠤᠭᠠᠨ ᠲᠠᠯ᠎ᠠ᠂ ᠵᠢᠷᠭᠤᠭᠠᠨ ᠡᠭᠦᠳᠠ ᠲᠠᠢ ᠴᠢᠯᠠᠭᠤ ᠪᠠᠷ ᠰᠡᠶᠢᠯᠦᠭᠰᠡᠨ ᠭᠦᠯᠢᠰ ᠤᠨ ᠲᠢᠩᠬᠢᠮ | ᠪᠠᠶᠢᠳᠠᠭ᠃ | ᠭᠤᠤᠯ ᠬᠠᠷᠰᠢ ᠳᠤ ᠰᠢᠪᠡᠷ ᠢᠶᠠᠷ ᠪᠠᠷᠢᠭᠰᠠᠨ ᠭᠤᠸᠠᠨ ᠢᠦᠢ ᠶᠢᠨ ᠭᠦᠷᠦᠭ ᠦᠨᠳᠦᠷ ᠲᠤ ᠵᠠᠯᠠᠷᠠᠨ᠂ ᠨᠤᠭᠤᠭᠠᠨ | ᠮᠠᠩᠨᠤᠭ ᠬᠡᠳᠡᠷᠤᠨ᠂ ᠠᠯᠳᠠᠨ ᠰᠢᠷ᠎ᠠ ᠴᠢᠷᠠᠢ ᠳᠤ ᠨᠢ ᠲᠠᠪᠤᠨ ᠪᠤᠳᠠ ᠰᠠᠬᠠᠯ ᠤᠷᠭᠤᠵᠦ᠂ ᠲᠠᠷᠢᠭᠦᠨ ᠳᠤ ᠪᠠᠨ | ᠮᠠᠠᠵᠢᠯᠭᠠ ᠲᠠᠢ ᠲᠢᠳᠢᠮ ᠲᠠᠷᠤᠵᠦ᠂ ᠦᠯᠮᠠᠢ ᠡᠷᠳᠡᠬᠡᠷ ᠭᠤᠳᠤᠯ ᠡᠮᠦᠰᠴᠦ᠂ ᠬᠠᠷᠠᠬᠤ ᠳᠤ ᠭᠤᠸᠠᠨ ᠳ᠋ᠢ ᠪᠤᠷᠬᠠᠨ | ᠦᠨᠡᠬᠡᠷ ᠠᠮᠢᠳᠦ ᠰᠠᠷᠠᠭᠦᠨ ᠪᠠᠶᠢᠭ᠎ᠠ ᠠᠳᠠᠯᠢ᠃ ᠬᠠᠭᠠᠨ ᠡᠵᠡᠨ ᠠᠴᠠ ᠢᠯᠭᠠᠬᠤ ᠶᠢᠨ ᠲᠦᠯᠦᠬᠡ᠂ ᠭᠤᠸᠠᠨ ᠳ᠋ᠢ ᠶᠢᠨ | ᠲᠢᠳᠢᠮ ᠤᠨ ᠬᠠᠰ ᠱᠢᠷᠦ ᠨᠢ ᠠᠷᠪᠠᠨ ᠨᠢᠬᠡ ᠪᠠᠶᠢᠵᠦ᠂ ᠬᠠᠭᠠᠨ ᠤ ᠲᠢᠳᠢᠮ ᠠᠴᠠ ᠬᠤᠶᠠᠷ ᠱᠢᠷᠦ ᠲᠤᠳᠠᠭᠤ᠃ | ᠭᠤᠸᠠᠨ ᠳ᠋ᠢ ᠶᠢᠨ ᠠᠷᠦ ᠳᠤ ᠬᠤᠶᠠᠷ ᠪᠠᠭ᠎ᠠ ᠬᠡᠤᠬᠡᠳ ᠭᠠᠷ ᠲᠤ ᠪᠠᠨ ᠯᠤᠤ ᠭᠠᠷᠤᠳᠢ ᠶᠢᠨ ᠰᠢᠭᠦᠷ ᠪᠠᠷᠢᠨ | ᠵᠤᠭᠰᠤᠵᠦ᠂ ᠬᠠᠵᠠᠭᠤ ᠳᠤ ᠨᠢ ᠲᠤᠰ ᠪᠦᠷᠢ ᠨᠢᠬᠡ ᠴᠡᠷᠢᠭ ᠤᠨ ᠲᠦᠰᠢᠮᠠᠯ ᠵᠠᠷᠯᠢᠭ ᠤᠨ ᠰᠤᠮᠤ ᠶᠢ ᠠᠳᠬᠤᠨ | ᠵᠤᠭᠰᠤᠨ᠎ᠠ᠃ | ᠭᠤᠸᠠᠨ ᠳ᠋ᠢ ᠶᠢᠨ ᠰᠠᠭᠤᠳᠠᠯ ᠤᠨ ᠡᠮᠦᠨ᠎ᠡ ᠬᠤᠶᠠᠷ ᠮᠦᠷ ᠠᠷᠴᠠ ᠮᠤᠳᠦ ᠶᠢᠨ ᠭᠦᠵᠢ ᠶᠢᠨ ᠰᠢᠷᠡᠭᠡ ᠲᠠᠢ᠃ | ᠲᠡᠬᠡᠷ᠎ᠡ ᠨᠢ ᠠᠯᠳᠠ ᠪᠠᠷ ᠦᠩᠬᠡᠯᠡᠭᠰᠡᠨ ᠭᠦᠯᠢᠰ ᠲᠠᠯᠪᠢᠵᠦ᠂ ᠭᠦᠵᠢ ᠵᠤᠯᠠ ᠶᠢᠨ ᠦᠨᠦᠷ ᠠᠩᠬᠢᠯᠵᠦ ᠠᠷᠰᠢ ᠶᠢᠨ | ᠤᠷᠤᠨ ᠮᠠᠳᠦ᠂ ᠭᠦᠯᠢᠰ ᠤᠨ ᠬᠠᠵᠠᠭᠤ ᠳᠤ ᠮᠦᠨ ᠠᠯᠳᠠ ᠪᠠᠷ ᠦᠩᠬᠡᠯᠡᠭᠰᠡᠨ ᠯᠠ ᠶᠢᠨ ᠲᠠᠯᠪᠢᠭᠤᠷ ᠲᠠᠢ᠃ | ᠨᠤᠴᠤᠵᠦ ᠪᠠᠶᠢᠭ᠎ᠠ ᠨᠢ ᠴᠦᠮ ᠠᠯᠳᠠᠨ ᠦᠰᠦᠭ ᠲᠠᠢ᠂ ᠬᠤᠶᠠᠷ ᠲᠤᠬᠤᠢ ᠦᠨᠳᠦᠷ᠂ ᠠᠶᠠᠭᠠᠨ ᠴᠢᠨᠡᠬᠡᠨ ᠪᠦᠳᠦᠭᠦᠨ | ᠯᠠ ᠪᠤᠯᠤᠨ᠎ᠠ᠃ | ᠬᠤᠶᠠᠷ ᠵᠢᠭᠦᠷ ᠢᠶᠠᠷ ᠭᠤᠸᠠᠨ ᠳ᠋ᠢ ᠶᠢᠨ ᠨᠠᠢᠮᠠᠨ ᠵᠠᠩᠵᠤᠨ ᠤ ᠱᠤᠭᠤᠮᠠᠯ ᠭᠦᠷᠦᠭ ᠪᠠᠶᠢᠳᠠᠭ᠃ ᠨᠢᠬᠡ ᠬᠠᠵᠠᠭᠤ | ᠪᠠᠷ ᠬᠠᠷ᠎ᠠ ᠴᠢᠷᠠᠶᠢᠳᠦ ᠵᠧᠦ ᠼᠠᠩ ᠭᠦᠬᠡ ᠯᠤᠤᠳᠦ ᠲᠠᠮ ᠢᠯᠳᠦ ᠪᠠᠷᠢᠵᠦ ᠭᠤᠸᠠᠨ ᠰᠢᠩ᠂ ᠸᠠᠩ ᠹᠦ᠋ ᠨᠠᠷ ᠬᠠᠮᠳᠦ | ᠵᠤᠭᠰᠤᠨ᠎ᠠ᠃ ᠨᠦᠭᠦᠬᠡ ᠲᠠᠯ᠎ᠠ ᠬᠠᠵᠠᠭᠤ ᠪᠠᠷ ᠭᠤᠸᠠᠨ ᠫᠢᠩ ᠭᠠᠷ ᠲᠤ ᠪᠠᠨ ᠡᠷᠳᠡᠨᠢ ᠶᠢᠨ ᠰᠡᠯᠡᠮ᠎ᠡ ᠪᠠᠷᠢᠵᠦ ᠯᠢᠶᠦᠦ | ᠬᠤᠸᠠ᠂ ᠵᠣᠣ ᠯᠧᠢ ᠨᠠᠷ ᠬᠠᠮᠳᠦ ᠵᠤᠭᠰᠤᠨ᠎ᠠ᠃ ᠲᠡᠳᠡᠬᠡᠷ ᠲᠤ ᠲᠤᠰ ᠪᠦᠷᠢ ᠨᠢᠬᠡ ᠭᠦᠵᠢ ᠶᠢᠨ ᠭᠦᠯᠢᠰ ᠲᠠᠢ᠃ | ᠬᠠᠷᠰᠢ ᠶᠢᠨ ᠲᠤᠳᠤᠷᠠᠬᠢ ᠵᠡᠭᠦᠨ ᠬᠠᠨ᠎ᠠ ᠠᠴᠠ ᠡᠬᠢᠯᠡᠨ ᠭᠤᠷᠪᠠᠨ ᠲᠠᠯ᠎ᠠ ᠶᠢᠨ ᠬᠡᠷᠡᠮ ᠬᠠᠨ᠎ᠠ ᠲᠡᠬᠡᠷ᠎ᠡ ᠴᠦᠮ | ᠭᠤᠷᠪᠠᠨ ᠤᠯᠤᠰ ᠤᠨ ᠦᠯᠢᠬᠡᠷᠳᠦ ᠵᠢᠷᠤᠭ ᠢ ᠵᠢᠷᠤᠵᠦ᠂ ᠦᠨᠡᠨ ᠪᠤᠳᠠᠳᠠᠢ ᠠᠮᠢᠳᠤᠯᠢᠭ ᠢᠶᠠᠷ ᠭᠤᠸᠠᠨ ᠢᠦᠢ ᠶᠢᠨ | ᠪᠠᠭᠠᠳᠤᠯᠢᠭ ᠪᠠᠶᠢᠳᠠᠯ ᠢ ᠲᠦᠷᠰᠦᠯᠡᠨ ᠲᠡᠮᠳᠡᠭᠯᠡᠭᠰᠡᠨ ᠪᠠᠶᠢᠨ᠎ᠠ᠃ ᠭᠤᠤᠯ ᠬᠠᠷᠰᠢ ᠶᠢᠨ ᠵᠡᠭᠦᠨ ᠬᠠᠵᠠᠭᠤ ᠶᠢᠨ ᠬᠠᠷᠰᠢ | ᠪᠠᠶᠢᠵᠦ᠂ ᠲᠡᠭᠷᠢ ᠭᠠᠵᠠᠷ ᠭᠦᠮᠦᠨ ᠤ ᠶᠢᠷᠳᠢᠨᠴᠦ ᠶᠢᠨ ᠭᠤᠷᠪᠠᠨ ᠬᠠᠭᠠᠨ ᠢ ᠲᠠᠬᠢᠳᠠᠭ᠃ ᠪᠠᠷᠠᠭᠤᠨ ᠬᠠᠵᠠᠭᠤ ᠶᠢᠨ | ᠬᠠᠷᠰᠢ ᠳᠤ ᠡᠳ᠋ ᠤᠨ ᠰᠠᠬᠢᠭᠤᠯᠰᠤᠨ ᠵᠤᠤ ᠭᠦᠩ ᠮᠢᠩ᠂ ᠮᠤᠳᠤᠨ ᠲᠠᠷᠬᠠᠨ ᠤ ᠡᠯᠤᠨᠴᠠ ᠡᠪᠦᠭᠡ ᠯᠤ᠋ ᠪᠠᠨ᠂ | ᠢᠰᠡᠬᠡᠢ ᠶᠢᠨ ᠲᠠᠷᠬᠠᠨ ᠵᠠᠨ ᠲᠠᠨ ᠯᠤᠤᠽᠦ ᠵᠢᠴᠢ ᠵᠤᠤᠬᠠᠨ ᠪᠤᠷᠬᠠᠨ ᠢ ᠲᠠᠬᠢᠳᠠᠭ᠃ | ᠭᠤᠸᠠᠨ ᠳ᠋ᠢ ᠶᠢᠨ ᠰᠦᠮ᠎ᠡ ᠶᠢᠨ ᠪᠠᠷᠠᠭᠤᠨ ᠬᠡᠰᠡᠭ ᠤᠨ ᠪᠠᠷᠢᠯᠭ᠎ᠠ ᠪᠤᠯ ᠬᠤᠶᠠᠷ ᠮᠦᠷ ᠪᠠᠶᠢᠰᠢᠩ ᠪᠤᠯᠤᠨ᠎ᠠ᠃ | ᠬᠤᠶᠢᠳᠦ ᠮᠦᠷ ᠤᠨ ᠬᠢᠨᠢ ᠲᠠᠪᠤᠨ ᠲᠠᠰᠤᠯᠭ᠎ᠠ ᠬᠤᠶᠠᠷ ᠡᠭᠦᠳᠠ ᠲᠠᠢ᠃ ᠵᠡᠭᠦᠨ ᠦᠵᠦᠭᠦᠷ ᠤᠨ ᠬᠤᠶᠠᠷ ᠲᠠᠰᠤᠯᠭ᠎ᠠ | ᠨᠢ ᠬᠤᠭᠤᠯᠠᠨ ᠬᠡᠷ᠃ ᠪᠠᠷᠠᠭᠤᠨ ᠲᠠᠯ᠎ᠠ ᠶᠢᠨ ᠬᠢᠨᠢ ᠡᠷᠬᠢᠯᠡᠭᠴᠢ ᠬᠤᠤᠱᠠᠩ ᠤᠨ ᠰᠠᠭᠤᠬᠤ ᠬᠡᠷ᠃ ᠡᠮᠦᠨ᠎ᠡ ᠮᠦᠷ | ᠤᠨ ᠪᠠᠶᠢᠰᠢᠩ ᠨᠢ ᠬᠤᠶᠠᠷ ᠵᠠᠩ ᠭᠦᠬᠡ ᠲᠤᠭᠤᠰᠬ᠎ᠠ ᠶᠢᠨ ᠰᠦᠮ᠎ᠡ ᠪᠤᠯᠤᠨ᠎ᠠ᠃ ᠵᠡᠭᠦᠨ ᠲᠠᠰᠤᠯᠭ᠎ᠠ ᠨᠢ ︽ᠰᠠᠨ | ᠰᠢᠶᠦᠦ ᠨᠢᠶᠠᠩ ᠨᠢᠶᠠᠩ ᠤᠨ ᠰᠦᠮ᠎ᠡ︾᠂ ᠪᠠᠷᠠᠭᠤᠨ ᠲᠠᠰᠤᠯᠭ᠎ᠠ ᠨᠢ ︽ᠶᠢᠰᠦᠨ ᠪᠤᠭᠳᠠ ᠶᠢᠨ ᠬᠡᠶᠢᠳ︾ ᠬᠡᠳᠡᠭ᠃ | | ᠭᠤᠸᠠᠨ ᠳ᠋ᠢ ᠶᠢᠨ ᠰᠦᠮ᠎ᠡ ᠳᠤ ᠵᠢᠯ ᠤᠨ ᠬᠡᠳᠦ ᠤᠳᠠᠭ᠎ᠠ ᠰᠦᠮ᠎ᠡ ᠶᠢᠨ ᠴᠤᠭᠯᠠᠭᠠᠨ ᠲᠠᠢ᠃ ᠪᠢᠯᠢᠭ ᠤᠨ | ᠤᠯᠠᠷᠢᠯ ᠤᠨ ᠭᠤᠷᠪᠠᠨ ᠰᠠᠷ᠎ᠠ ᠶᠢᠨ ᠠᠷᠪᠠᠨ ᠲᠠᠪᠤᠨ ᠤ ᠡᠷᠯᠢᠭ ᠤᠨ ᠬᠠᠭᠠᠨ ᠤ ᠰᠦᠮ᠎ᠡ ᠶᠢᠨ ᠴᠤᠭᠯᠠᠭᠠᠨ᠂ | ᠲᠦᠷᠪᠡᠨ ᠰᠠᠷ᠎ᠠ ᠶᠢᠨ ᠠᠷᠪᠠᠨ ᠨᠠᠢᠮᠠᠨ ᠳᠤ ᠨᠢᠶᠠᠩ ᠨᠢᠶᠠᠩ ᠤᠨ ᠰᠦᠮ᠎ᠡ ᠶᠢᠨ ᠴᠤᠭᠯᠠᠭᠠᠨ ᠪᠠᠶᠢᠳᠠᠭ᠃ ᠡᠭᠦᠨ ᠳᠤ | ᠭᠦᠷ ᠭᠦᠭᠵᠢᠶᠠᠨ ᠢᠶᠠᠷ ᠬᠠᠮᠤᠭ ᠠᠴᠠ ᠢᠯᠡᠭᠦᠦ ᠨᠢ ᠲᠠᠪᠤᠨ ᠰᠠᠷ᠎ᠠ ᠶᠢᠨ ᠠᠷᠪᠠᠨ ᠬᠤᠶᠠᠷ ᠤᠨ ᠡᠳᠦᠷ ᠤᠨ ᠭᠤᠸᠠᠨ | ᠳ᠋ᠢ ᠶᠢᠨ ᠰᠦᠮ᠎ᠡ ᠶᠢᠨ ᠴᠤᠭᠯᠠᠭᠠᠨ ᠪᠤᠯᠤᠨ᠎ᠠ᠃ ᠶᠠᠷᠦ ︽ᠯᠤᠤᠶᠧ ᠲᠤᠭᠤᠷᠢᠨ᠎ᠠ︾ ᠬᠡᠵᠦ ᠬᠡᠯᠡᠳᠡᠭ᠃ | ︽ᠯᠤᠤᠶᠧ ᠪᠤᠷᠬᠠᠨ ᠤ ᠲᠤᠭᠤᠷᠢᠬᠤ ᠵᠠᠮ︾ ᠨᠢ ᠭᠤᠸᠠᠨ ᠳ᠋ᠢ ᠶᠢᠨ ᠰᠦᠮ᠎ᠡ ᠠᠴᠠ ᠭᠦᠷᠢᠶ᠎ᠡ ᠵᠡᠬᠡᠯᠢ ᠶᠢᠨ ᠵᠡᠭᠦᠨ | ᠦᠵᠦᠭᠦᠷ ᠲᠤ ᠪᠠᠶᠢᠭ᠎ᠠ ᠬᠠᠨ ᠸᠠᠩ ᠤᠨ ᠰᠦᠮ᠎ᠡ ︵ᠦᠯᠵᠠᠶᠢᠳᠦ ᠦᠬᠢᠨ ᠲᠡᠭᠷᠢ ᠶᠢᠨ ᠰᠦᠮ᠎ᠡ︶ ᠳᠤ ᠭᠦᠷᠴᠦ᠂ | ᠯᠤᠤᠶᠧ ᠪᠤᠷᠬᠠᠨ ᠨᠢ ︽ᠬᠠᠨ ᠸᠠᠩ︾ ᠳᠤ ᠪᠠᠷᠠᠳᠠᠪᠠᠯ ᠲᠠᠷᠤᠢ ︽ᠯᠤᠤᠶᠧ ᠲᠤᠭᠤᠷᠢᠬᠤ︾ ᠲᠡᠭᠦᠰᠴᠦ᠂ ᠲᠡᠬᠢᠨ | ᠤᠤᠯ ᠵᠠᠮ ᠢᠶᠠᠷ ᠢᠶᠠᠨ ᠬᠤᠶᠢᠰᠢ ᠪᠤᠴᠠᠳᠠᠭ᠃ ᠭᠤᠸᠠᠨ ᠳ᠋ᠢ ᠶᠢᠨ ᠰᠦᠮ᠎ᠡ ᠶᠢᠨ ᠴᠤᠭᠯᠠᠭᠠᠨ ᠢ ᠭᠦᠷᠢᠶ᠎ᠡ ᠵᠡᠬᠡᠯᠢ ᠶᠢᠨ | ᠬᠤᠳᠠᠯᠳᠤᠭᠠᠨ ᠤ ᠶᠠᠪᠤᠳᠠᠯ ᠤᠨ ᠭᠠᠵᠠᠷ ᠤᠨ ᠬᠢᠨ ᠵᠤᠭᠤᠰ ᠮᠦᠩᠭᠦ ᠭᠠᠷᠭᠠᠵᠦ ᠡᠷᠬᠢᠯᠡᠳᠡᠭ ᠪᠠᠶᠢᠵᠠᠢ᠃ | ᠭᠤᠸᠠᠨ ᠳ᠋ᠢ ᠶᠢᠨ ᠰᠦᠮ᠎ᠡ ᠶᠢᠨ ᠴᠤᠭᠯᠠᠭᠠᠨ ᠪᠤᠯᠬᠤ ᠪᠦᠷᠢ᠂ ᠭᠦᠷᠢᠶ᠎ᠡ ᠵᠡᠬᠡᠯᠢ ᠶᠢᠨ ᠰᠠᠭᠤᠭᠠᠯᠢ ᠠᠷᠠᠳ ᠪᠠ | ᠭᠦᠳᠡᠭᠡ ᠪᠤᠶᠦ ᠡᠰᠡᠭᠦᠯ᠎ᠡ ᠭᠠᠳᠠᠷ ᠭᠠᠵᠠᠷ ᠠᠴᠠ ᠢᠷᠡᠭᠰᠡᠨ ᠶᠠᠩᠵᠦ ᠶᠢᠨ ᠭᠦᠮᠦᠰ ︽ᠯᠤᠤᠶᠧ ᠲᠤᠭᠤᠷᠢᠬᠤ︾ ᠵᠠᠮ | ᠢ ᠤᠰᠦ ᠵᠢᠪᠠᠷ ᠨᠠᠪᠳᠠᠷᠠᠭᠦ ᠦᠬᠡᠢ ᠪᠤᠯᠳᠠᠯ᠎ᠠ ᠬᠠᠭᠠᠳᠠᠭ᠃ ᠡᠭᠦᠨ ᠤ ᠬᠠᠮᠳᠦ ᠭᠤᠸᠠᠨ ᠳ᠋ᠢ ᠶᠢᠨ ᠰᠦᠮ᠎ᠡ ᠶᠢᠨ | ᠡᠮᠦᠨᠡᠬᠢ ᠶᠡᠭᠡ ᠲᠠᠯᠠᠪᠠᠢ ᠳᠤ ᠭᠠᠳᠠᠷ ᠭᠠᠵᠠᠷ ᠠᠴᠠ ᠢᠷᠡᠵᠦ ᠰᠢ ᠵᠦᠴᠦᠬᠡ ᠲᠤᠭᠯᠠᠬᠤ᠂ ᠬᠤᠳᠠᠯᠳᠤᠭ᠎ᠠ ᠮᠠᠶᠢᠮᠠᠢ | ᠬᠢᠭᠦ ᠮᠠᠶᠢᠬᠠᠨ ᠪᠤᠰᠬᠠᠵᠦ ᠬᠤᠭᠤᠯᠠᠨ ᠬᠡᠷ ᠡᠷᠬᠢᠯᠡᠭᠦ᠂ ᠵᠢᠳᠠ ᠰᠡᠯᠡᠮ᠎ᠡ ᠡᠷᠬᠢᠭᠦᠯᠦᠨ ᠶᠧᠯᠸᠢ ᠤᠪᠠᠳᠢᠰ ᠭᠠᠷᠭᠠᠬᠤ | ᠵᠡᠷᠬᠡ ᠵᠠᠮ ᠵᠠᠮ ᠤᠨ ᠭᠦᠮᠦᠰ ᠴᠤᠭᠯᠠᠷᠠᠵᠦ᠂ ᠬᠡᠮᠵᠢᠶᠡᠯᠡᠰᠢ ᠦᠬᠡᠢ ᠨᠡᠷᠬᠢᠶᠠᠨ ᠲᠠᠪᠵᠢᠶᠠᠨ ᠪᠤᠯᠳᠠᠭ ᠪᠠᠶᠢᠯ᠎ᠠ᠃ |