ᠯᠠᠮᠠ ᠶᠢᠨ ᠭᠤᠤ ᠶᠢᠨ ᠰᠦᠮ᠎ᠡ
ᠨᠡᠶᠢᠲᠡᠯᠡᠭᠰᠡᠨ ᠴᠠᠭ᠄
2024/7/18
   ᠯᠠᠮᠠ ᠶᠢᠨ ᠭᠤᠤ ᠶᠢᠨ ᠰᠦᠮ᠎ᠡ ︵喇嘛稿阿贵︶   ᠨᠢ ᠤᠤᠯ ᠤᠨ ᠺᠧᠦ ᠾᠧᠽᠢ ᠰᠢᠶᠠᠩ ᠤᠨ ᠲᠤᠮᠳᠠ ᠯᠠᠮᠠ ᠶᠢᠨ ᠭᠤᠤ ᠠᠶᠢᠯ ᠳᠤ ᠪᠠᠶᠢᠵᠠᠢ᠃ ᠯᠠᠮᠠ ᠶᠢᠨ ᠭᠤᠤ ᠶᠢᠨ ᠪᠠᠷᠠᠭᠤᠠᠳᠠᠢ ᠨᠢᠬᠡ ᠠᠭᠤᠯᠠ ᠪᠠᠶᠢᠵᠦ᠂ ᠠᠭᠤᠯᠠᠨ ᠳᠤ ᠭᠤᠷᠪᠠᠨ ᠲᠠᠰᠤᠯᠭ᠎ᠠ ᠰᠦᠮ᠎ᠡ ᠪᠠᠶᠢᠪᠠ᠃ ᠦᠩᠬᠡᠷᠡᠭᠰᠡᠨ ᠳᠤ ᠰᠢᠷᠡᠬᠡᠳᠦ ᠭᠦᠷᠢᠶ᠎ᠡ ᠳᠤ ᠲᠦᠷᠦᠯ ᠬᠠᠯᠠᠬᠤ ᠬᠤᠪᠢᠯᠭᠠᠨ ᠬᠡᠵᠦ ᠦᠬᠡᠢ᠃ ᠢᠷᠬᠡᠨ ᠤᠯᠤᠰ ᠤᠨ ᠦᠶ᠎ᠡ ᠳᠤ᠂ ᠲᠤᠰ ᠰᠦᠮ᠎ᠡ ᠶᠢᠨ ᠨᠢᠬᠡ ᠯᠠᠮᠠ ᠨᠢᠷᠸᠠᠨ ᠪᠤᠯᠤᠭᠰᠠᠨ ᠳᠤ᠂ ᠲᠡᠭᠦᠨ ᠤ ᠤᠶᠢᠷ᠎ᠠ ᠲᠦᠷᠦᠯ ᠨᠢ ᠲᠤᠰ ᠯᠠᠮᠠ ᠶᠢᠨ ᠲᠦᠷᠦᠯ ᠨᠢ ᠯᠠᠮᠠ ᠶᠢᠨ ᠲᠦᠷᠦᠯ ᠬᠠᠯᠠᠬᠤ ᠬᠤᠪᠢᠯᠭᠠᠨᠨ ᠢ ᠨᠢ ᠡᠷᠢᠭᠰᠡᠨ ᠬᠡᠨ᠎ᠡ᠃ ᠬᠤᠵᠢᠮ ᠨᠢ ᠨᠠᠰᠤᠨ ᠤᠷᠳᠤᠳᠬᠠᠭᠴᠢ ᠬᠡᠶᠢᠳ ᠲᠤ ᠢᠷᠡᠵᠦ᠂ ᠮᠠᠶᠢᠳᠠᠷᠢ ᠬᠡᠬᠡᠨ ᠠᠴᠠ ᠲᠦᠯᠬᠡ ᠲᠠᠳᠠᠭᠤᠯᠵᠦ ᠬᠡᠯᠡᠵᠦ ᠦᠭᠭᠦ ᠶᠢ ᠭᠤᠶᠤᠪᠠ᠃ ᠮᠠᠶᠢᠳᠠᠷᠢ ᠬᠡᠬᠡᠨ ᠲᠡᠷᠡ ᠲᠠᠷᠤᠢ ᠦᠪᠡᠷ ᠤᠨ ᠭᠠᠷ ᠲᠤᠤᠷᠠᠬᠢ ᠮᠠᠭᠰᠠᠷᠵᠠᠪ ᠨᠠᠷ᠎ᠠ ᠲᠠᠢ ᠪᠠᠭ᠎ᠠ ᠪᠠᠨᠳᠢ ᠶᠢ ᠵᠢᠭᠠᠵᠦ ︽ᠡᠨᠡ ᠪᠤᠯ ᠲᠠᠷᠤᠢ ᠲᠠᠨ ᠤ ᠡᠷᠢᠵᠦ ᠪᠠᠶᠢᠭ᠎ᠠ ᠲᠦᠷᠦᠯ ᠬᠠᠯᠠᠬᠤ ᠬᠤᠪᠢᠯᠭᠠᠨ ᠮᠦᠨ︾ ᠬᠡᠪᠡ᠃ ᠢᠩᠬᠢᠬᠡᠳ ᠮᠠᠭᠰᠠᠷᠵᠠᠪ ᠢ ᠯᠠᠮᠠ ᠶᠢᠨ ᠭᠤᠤ ᠠᠭᠤᠢ ᠳᠤ ᠵᠠᠯᠠᠵᠦ ᠠᠪᠴᠢᠷᠠᠨ ᠯᠠᠮᠠ ᠶᠢᠨ ᠭᠤᠤ ᠶᠢᠨ ᠬᠤᠪᠢᠯᠭᠠᠨ ᠪᠤᠯᠭᠠᠪᠠ᠃ ᠡᠭᠦᠨ ᠠᠴᠠ ᠡᠬᠢᠯᠡᠨ ᠰᠢᠷᠡᠬᠡᠳᠦ ᠭᠦᠷᠢᠶ᠎ᠡ ᠶᠢᠨ ᠲᠡᠤᠬᠡᠨ ᠲᠡᠬᠡᠷ᠎ᠡ ᠠᠩᠬᠠᠳᠠᠭᠴᠢ ᠤᠳᠠᠭ᠎ᠠ ᠲᠦᠷᠦᠯ ᠬᠠᠯᠠᠬᠤ ᠬᠤᠪᠢᠯᠭᠠᠨ ᠭᠠᠷᠪᠠ᠃ 1926 ᠤᠨ ᠳᠤ᠂ ᠰᠢᠷᠡᠬᠡᠳᠦ ᠭᠦᠷᠢᠶ᠎ᠡ ᠶᠢᠨ ᠪᠤᠶᠠᠨ ᠪᠠᠷᠢᠯᠳᠤᠭᠤᠯᠤᠭᠴᠢ ᠬᠡᠶᠢᠳ ᠲᠤ ᠴᠤᠶᠢᠷᠸ᠎ᠠ ᠷᠠᠰᠠᠩ ᠪᠠᠶᠢᠭᠤᠯᠤᠭᠰᠠᠨ ᠤ ᠲᠠᠷᠠᠭ᠎ᠠ᠂ ᠮᠠᠭᠰᠠᠷᠵᠠᠪ ᠢ ᠯᠠᠮᠠ ᠶᠢᠨ ᠭᠤᠤ ᠠᠭᠤᠢ ᠠᠴᠠ ᠪᠤᠶᠠᠨ ᠪᠠᠷᠢᠯᠳᠤᠭᠤᠯᠤᠭᠴᠢ ᠬᠡᠶᠢᠳ ᠲᠤ ᠰᠢᠯᠵᠢᠭᠦᠯᠦᠨ ᠠᠪᠴᠢᠷᠠᠵᠦ᠂ ᠴᠤᠶᠢᠷᠸ᠎ᠠ ᠷᠠᠰᠠᠩ ᠤᠨ ᠳ᠋ᠠ ᠯᠠᠮᠠ ᠪᠤᠯᠭᠠᠪᠠ᠃
 
ᠢᠷᠡᠯᠲᠡ᠄ ᠭᠦᠷᠢᠶ᠎ᠡ ᠲᠡᠤᠬᠡ ᠰᠤᠶᠤᠯ ᠰᠤᠳᠤᠯᠤᠯ ᠤᠨ ᠴᠤᠪᠤᠷᠠᠯ ᠪᠢᠴᠢᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号